ᠶᠣᠬᠠᠨ ᠬᠣᠶᠠᠷ
ᠺᠠᠨᠠ ᠳᠤ ᠪᠣᠯᠣᠭᠰᠠᠨ ᠭᠠᠢᠬᠠᠮᠰᠢᠭ
1 ᠭᠤᠷᠪᠠᠳᠤᠭᠠᠷ ᠡᠳᠦᠷ ᠨᠢ ᠭᠠᠯᠢᠯᠠᠶ᠎ᠠ ᠶᠢᠨ ᠺᠠᠨᠠ ᠳᠤ ᠬᠤᠷᠢᠮ ᠪᠣᠯᠵᠠᠢ᠃ ᠢᠰᠦ᠋ᠰ ᠤᠨ ᠡᠵᠢ ᠲᠡᠨᠳᠡ ᠪᠠᠢᠭᠰᠠᠨ ᠪᠥᠭᠡᠳ 2 ᠢᠰᠦ᠋ᠰ ᠴᠤ ᠱᠠᠪᠢ ᠨᠠᠷ ᠲᠠᠢ ᠪᠠᠨ ᠬᠤᠷᠢᠮ ᠳᠤ ᠤᠷᠢᠭᠳᠠᠭᠰᠠᠨ ᠪᠠᠢᠪᠠ᠃ 3 ᠦᠵᠦᠮ ᠦᠨ ᠳᠠᠷᠠᠰᠤ ᠨᠢ ᠳᠤᠲᠠᠭᠰᠠᠨ ᠳᠤ᠂ ᠡᠵᠢ ᠨᠢ ᠢᠰᠦ᠋ᠰ ᠲᠤ᠄ 《ᠲᠡᠳᠡᠨ ᠳᠦ ᠦᠵᠦᠮ ᠦᠨ ᠳᠠᠷᠠᠰᠤ ᠦᠭᠡᠢ ᠪᠣᠯᠪᠠ》 ᠭᠡᠯᠡ᠃ 4 ᠢᠰᠦ᠋ᠰ᠄ 《ᠬᠠᠲᠤᠭᠲᠠᠢ ᠡ᠂ ᠲᠠ ᠶᠠᠭᠤᠨ ᠳᠤ ᠨᠠᠮᠠᠶᠢ ᠬᠣᠯᠪᠣᠭᠳᠠᠭᠤᠯᠤᠨᠠ ᠪᠤᠢ︖ ᠮᠢᠨᠦ ᠴᠠᠭ ᠪᠣᠯᠣᠭ᠎ᠠ ᠦᠭᠡᠢ ᠪᠠᠢᠨ᠎ᠠ》 ᠭᠡᠪᠡ᠃ 5 ᠡᠵᠢ ᠨᠢ ᠵᠠᠷᠤᠴᠠ ᠨᠠᠷ ᠲᠤ᠄ 《ᠲᠡᠷᠡ ᠲᠠ ᠨᠠᠷ ᠲᠤ ᠶᠠᠭᠤ ᠭᠡᠰᠡᠨ ᠪᠣᠯ ᠲᠡᠭᠦᠨ ᠢ ᠨᠢ ᠬᠢ》 ᠭᠡᠵᠦ ᠬᠡᠯᠡᠪᠡ᠃ 6 ᠶᠦᠳᠠᠢᠴᠤᠳ ᠤᠨ ᠠᠷᠢᠭᠤᠳᠬᠠᠯ ᠤᠨ ᠶᠣᠰᠣ ᠪᠠᠷ ᠲᠤᠰ ᠪᠦᠷᠢ ᠬᠣᠶᠠᠷ ᠭᠤᠷᠪᠠᠨ ᠰᠠᠭᠤᠯᠠᠭ᠎ᠠ ᠤᠰᠤᠨ ᠤ ᠪᠠᠭᠲᠠᠭᠠᠮᠵᠢ ᠲᠠᠢ 5 ᠵᠢᠷᠭᠤᠭᠠᠨ ᠴᠢᠯᠠᠭᠤᠨ ᠲᠣᠷᠬ᠎ᠠ ᠲᠡᠨᠳᠡ ᠲᠠᠯᠪᠢᠭᠠᠰᠤᠲᠠᠢ ᠪᠠᠢᠵᠠᠢ᠃ 7 ᠢᠰᠦ᠋ᠰ ᠵᠠᠷᠤᠴᠠ ᠨᠠᠷ ᠲᠤ᠄ 《ᠲᠣᠷᠬ᠎ᠠ ᠨᠤᠭᠤᠳ ᠢ ᠤᠰᠤ ᠪᠠᠷ ᠳᠦᠭᠦᠷᠭᠡ》 ᠭᠡᠵᠦ ᠬᠡᠯᠡᠭᠰᠡᠨ ᠳᠦ᠂ ᠲᠡᠳᠡ ᠲᠣᠷᠬ᠎ᠠ ᠨᠤᠭᠤᠳ ᠢ ᠪᠢᠯᠬᠠᠲᠠᠯ᠎ᠠ ᠳᠦᠭᠦᠷᠭᠡᠪᠡ᠃ 8 ᠢᠰᠦ᠋ᠰ ᠲᠡᠳᠡᠨ ᠳᠦ᠄ 《ᠣᠳᠣ ᠤᠳᠬᠤᠵᠤ ᠠᠪᠤᠨ ᠨᠠᠢᠷ ᠤᠨ ᠳᠠᠭᠠᠭᠠᠮᠠᠯ ᠳᠤ ᠠᠪᠠᠴᠢᠵᠤ ᠥᠭ》 ᠭᠡᠰᠡᠨ ᠳᠦ᠂ ᠲᠡᠳᠡ ᠠᠪᠠᠴᠢᠵᠤ ᠥᠭᠪᠡ᠃ 9 ᠨᠠᠢᠷ ᠤᠨ ᠳᠠᠭᠠᠭᠠᠮᠠᠯ ᠳᠠᠷᠠᠰᠤ ᠪᠣᠯᠣᠭᠰᠠᠨ ᠤᠰᠤ ᠶᠢ ᠠᠮᠰᠠᠭᠠᠳ ᠬᠠᠮᠢᠭ᠎ᠠ ᠠᠴᠠ ᠠᠪᠴᠢᠷᠠᠭᠰᠠᠨ ᠢ ᠮᠡᠳᠡᠯ ᠦᠭᠡᠢ ᠪᠠᠷ (ᠤᠰᠤ ᠤᠳᠬᠤᠭᠰᠠᠨ ᠵᠠᠷᠤᠴᠠ ᠨᠠᠷ ᠬᠠᠷᠢᠨ ᠮᠡᠳᠡᠪᠡ) ᠰᠢᠨ᠎ᠡ ᠬᠦᠷᠭᠡᠨ ᠢ ᠳᠠᠭᠤᠳᠠᠵᠤ᠂ 10 ᠲᠡᠭᠦᠨ ᠳᠦ᠄ 《ᠶᠡᠷᠦ ᠨᠢ ᠬᠥᠮᠦᠰ ᠡᠬᠢᠯᠡᠭᠡᠳ ᠰᠠᠢᠨ ᠳᠠᠷᠠᠰᠤ ᠪᠠᠨ ᠭᠠᠷᠭᠠᠨ᠂ ᠵᠣᠴᠢᠳ ᠰᠣᠭᠲᠣᠬᠤ ᠳᠤ ᠮᠠᠭᠤᠬᠠᠨ ᠢᠶᠠᠨ ᠭᠠᠷᠭᠠᠳᠠᠭ ᠪᠠᠢᠲᠠᠯ᠎ᠠ ᠬᠠᠷᠢᠨ ᠴᠢ ᠰᠠᠢᠨ ᠳᠠᠷᠠᠰᠤ ᠪᠠᠨ ᠣᠳᠣ ᠪᠣᠯᠲᠠᠯ᠎ᠠ ᠬᠠᠳᠠᠭᠠᠯᠠᠭᠰᠠᠨ ᠪᠠᠢᠵᠠᠢ》 ᠭᠡᠪᠡ᠃ 11 ᠢᠰᠦ᠋ᠰ ᠠᠩ᠋ᠬᠠᠨ ᠤ ᠡᠨᠡ ᠬᠦ ᠰᠢᠳᠢ ᠲᠡᠮᠳᠡᠭ ᠢᠶᠡᠨ ᠭᠠᠯᠢᠯᠠᠶ᠎ᠠ ᠶᠢᠨ ᠺᠠᠨᠠ ᠳᠤ ᠦᠢᠯᠡᠳᠴᠦ ᠠᠯᠳᠠᠷ ᠰᠤᠤ ᠪᠠᠨ ᠢᠯᠡᠷᠡᠭᠦᠯᠦᠭᠰᠡᠨ ᠪᠥᠭᠡᠳ ᠱᠠᠪᠢ ᠨᠠᠷ ᠨᠢ ᠲᠡᠭᠦᠨ ᠳᠦ ᠢᠲᠡᠭᠡᠪᠡ᠃
12 ᠡᠭᠦᠨ ᠦ ᠳᠠᠷᠠᠭ᠎ᠠ ᠢᠰᠦ᠋ᠰ ᠡᠵᠢ᠂ ᠳᠡᠭᠦᠦ ᠨᠠᠷ ᠪᠣᠯᠣᠨ ᠱᠠᠪᠢ ᠨᠠᠷ ᠲᠠᠢ ᠪᠠᠨ ᠺᠠᠹᠠᠷᠨᠠᠦ᠋ᠮ ᠳᠤ ᠣᠴᠢᠵᠤ᠂ ᠲᠡᠨᠳᠡ ᠬᠡᠳᠦ ᠬᠣᠨᠣᠪᠠ᠃
ᠠᠷᠢᠭᠤᠨ ᠣᠷᠳᠣᠨ ᠢ ᠴᠡᠪᠡᠷᠰᠢᠭᠦᠯᠦᠭᠰᠡᠨ ᠨᠢ
13 ᠶᠦᠳᠠᠢᠴᠤᠳ ᠤᠨ ᠭᠡᠲᠦᠯᠭᠡᠭᠰᠡᠨ ᠦ ᠪᠠᠶᠠᠷ ᠣᠢᠷᠠᠲᠤᠵᠤ ᠪᠠᠢᠬᠤ ᠳᠤ᠂ ᠢᠰᠦ᠋ᠰ ᠶᠧᠷᠦ᠋ᠰᠠᠯᠧᠮ ᠥᠭᠡᠳᠡ ᠣᠴᠢᠵᠠᠢ᠃ 14 ᠠᠷᠢᠭᠤᠨ ᠣᠷᠳᠣᠨ ᠳᠣᠲᠣᠷ᠎ᠠ ᠦᠬᠡᠷ᠂ ᠬᠣᠨᠢ᠂ ᠲᠠᠭᠲᠠᠭ᠎ᠠ ᠬᠤᠳᠠᠯᠳᠤᠭᠠᠯᠠᠭᠴᠢᠳ ᠪᠠ ᠵᠣᠭᠣᠰ ᠰᠣᠯᠢᠭᠴᠢᠳ ᠤᠨ ᠰᠠᠭᠤᠭ᠎ᠠ ᠶᠢ ᠢᠰᠦ᠋ᠰ ᠠᠵᠢᠭᠠᠳ᠂ 15 ᠳᠡᠭᠡᠰᠦ ᠪᠡᠷ ᠲᠠᠰᠢᠭᠤᠷ ᠬᠢᠵᠦ᠂ ᠬᠣᠨᠢ᠂ ᠦᠬᠡᠷ ᠲᠡᠢ ᠬᠠᠮᠲᠤ ᠪᠦᠭᠦᠳᠡ ᠶᠢ ᠨᠢ ᠣᠷᠳᠣᠨ ᠠᠴᠠ ᠬᠥᠭᠡᠭᠡᠨ ᠭᠠᠷᠭᠠᠵᠤ ᠵᠣᠭᠣᠰ ᠰᠣᠯᠢᠭᠴᠢᠳ ᠤᠨ ᠵᠣᠭᠣᠰ ᠤᠳ ᠢ ᠪᠤᠲᠠᠷᠠᠭᠠᠨ᠂ ᠰᠢᠷᠡᠭᠡ ᠶᠢ ᠨᠢ ᠬᠥᠷᠪᠡᠭᠦᠯᠵᠦ᠂ 16 ᠲᠠᠭᠲᠠᠭ᠎ᠠ ᠬᠤᠳᠠᠯᠳᠤᠭᠴᠢᠳ ᠲᠤ᠄ 《ᠡᠳᠡᠭᠡᠷ ᠶᠠᠭᠤᠮ᠎ᠠ ᠪᠠᠨ ᠡ᠊ᠨᠳᠡ ᠡᠴᠡ ᠠᠪᠠᠴᠢᠵᠠᠭᠠ᠃ ᠮᠢᠨᠦ ᠡᠴᠢᠭᠡ ᠶᠢᠨ ᠭᠡᠷ ᠢ ᠬᠤᠳᠠᠯᠳᠤᠭᠠᠨ ᠤ ᠭᠠᠵᠠᠷ ᠪᠣᠯᠭᠠᠬᠤ ᠪᠠᠨ ᠪᠣᠯᠢᠵᠠᠭᠠ》 ᠭᠡᠯᠡ᠃ 17 ᠱᠠᠪᠢ ᠨᠠᠷ ᠨᠢ 《ᠲᠠᠨ ᠤ ᠥᠷᠭᠥᠭᠡᠨ ᠦ ᠲᠥᠯᠥᠭᠡᠬᠢ ᠬᠠᠯᠠᠭᠤᠨ ᠰᠡᠳᠬᠢᠯ ᠨᠠᠮᠠᠶᠢ ᠵᠠᠯᠭᠢᠨ᠎ᠠ》 ᠭᠡᠵᠦ ᠪᠢᠴᠢᠭᠳᠡᠭᠰᠡᠨ ᠢ ᠰᠠᠨᠠᠪᠠ᠃ 18 ᠶᠦᠳᠠᠢᠴᠤᠳ ᠲᠡᠭᠦᠨ ᠳᠦ᠄ 《ᠲᠠ ᠡᠨᠡ ᠪᠦᠬᠦᠨ ᠢ ᠦᠢᠯᠡᠳᠦᠭᠰᠡᠨ ᠳᠡᠭᠡᠨ ᠪᠢᠳᠡᠨ ᠳᠦ ᠶᠠᠮᠠᠷ ᠲᠡᠮᠳᠡᠭ ᠦᠵᠡᠭᠦᠯᠬᠦ ᠪᠤᠢ︖》 ᠭᠡᠰᠡᠨ ᠳᠦ᠂ 19 ᠢᠰᠦ᠋ᠰ ᠬᠠᠷᠢᠭᠤ ᠳᠤᠨᠢ᠄ 《ᠡᠨᠡ ᠥᠷᠭᠥᠭᠡ ᠶᠢ ᠨᠤᠷᠠᠭ᠎ᠠ᠂ ᠪᠢ ᠲᠡᠭᠦᠨ ᠢ ᠭᠤᠷᠪᠠ ᠬᠣᠨᠣᠭ ᠤᠨ ᠳᠣᠲᠣᠷ᠎ᠠ ᠪᠣᠰᠬᠠᠶ᠎ᠠ》 ᠭᠡᠪᠡ᠃ 20 ᠶᠦᠳᠠᠢᠴᠤᠳ᠄ 《ᠡᠨᠡ ᠥᠷᠭᠥᠭᠡ ᠶᠢ ᠪᠠᠷᠢᠬᠤ ᠳᠤ ᠳᠥᠴᠢᠨ ᠵᠢᠷᠭᠤᠭᠠᠨ ᠵᠢᠯ ᠬᠡᠷᠡᠭᠯᠡᠭᠰᠡᠨ ᠪᠠᠢᠲᠠᠯ᠎ᠠ ᠲᠠ ᠭᠤᠷᠪᠠ ᠬᠣᠨᠣᠭ ᠤᠨ ᠳᠣᠲᠣᠷ᠎ᠠ ᠪᠣᠰᠬᠠᠨ᠎ᠠ ᠭᠡᠵᠢ ᠤᠤ︖》 ᠭᠡᠪᠡ᠃ 21 ᠬᠠᠷᠢᠨ ᠢᠰᠦ᠋ᠰ ᠥᠪᠡᠷ ᠦᠨ ᠪᠡᠶ᠎ᠡ ᠪᠡᠨ ᠥᠷᠭᠥᠭᠡ ᠭᠡᠳᠡᠭ ᠪᠠᠢᠵᠠᠢ᠃ 22 ᠲᠡᠢᠮᠦ ᠡᠴᠡ ᠦᠬᠦᠭᠰᠡᠳ ᠦᠨ ᠳᠤᠮᠳᠠ ᠠᠴᠠ ᠠᠮᠢᠯᠠᠭᠰᠠᠨ ᠤ ᠬᠢᠨᠢ ᠳᠠᠷᠠᠭ᠎ᠠ᠂ ᠱᠠᠪᠢ ᠨᠠᠷ ᠨᠢ ᠲᠡᠭᠦᠨ ᠦ ᠶᠠᠷᠢᠭᠰᠠᠨ ᠢ ᠰᠠᠨᠠᠭᠠᠳ᠂ ᠠᠷᠢᠭᠤᠨ ᠨᠣᠮ ᠪᠠ ᠢᠰᠦ᠋ᠰ ᠤᠨ ᠬᠡᠯᠡᠭᠰᠡᠨ ᠦᠭᠡ ᠶᠢ ᠢᠲᠡᠭᠡᠵᠡᠭᠡᠪᠡ᠃
23 ᠭᠡᠲᠦᠯᠭᠡᠭᠰᠡᠨ ᠦ ᠪᠠᠶᠠᠷ ᠢᠶᠠᠷ ᠢᠰᠦ᠋ᠰ ᠶᠧᠷᠦ᠋ᠰᠠᠯᠧᠮ ᠳᠤ ᠪᠠᠢᠬᠤ ᠳᠤ᠂ ᠣᠯᠠᠨ ᠬᠥᠮᠦᠨ ᠲᠡᠭᠦᠨ ᠦ ᠦᠢᠯᠡᠳᠴᠦ ᠪᠤᠢ ᠰᠢᠳᠢ ᠲᠡᠮᠳᠡᠭ ᠢ ᠦᠵᠡᠭᠡᠳ ᠲᠡᠭᠦᠨ ᠦ ᠨᠡᠷ᠎ᠡ ᠶᠢ ᠢᠲᠡᠭᠡᠵᠡᠢ 6 ᠃ 24 ᠬᠠᠷᠢᠨ ᠢᠰᠦ᠋ᠰ ᠪᠡᠶ᠎ᠡ ᠪᠡᠨ ᠲᠡᠳᠡᠨ ᠳᠦ ᠨᠠᠢᠳᠠᠳᠠᠭ ᠦᠭᠡᠢ ᠪᠠᠢᠯ᠎ᠠ᠃ ᠤᠴᠢᠷ ᠨᠢ ᠲᠡᠷᠡ ᠬᠠᠮᠤᠭ ᠬᠥᠮᠦᠨ ᠢ ᠮᠡᠳᠡᠳᠡᠭ᠃ 25 ᠬᠥᠮᠦᠨ ᠦ ᠲᠤᠬᠠᠢ ᠬᠡᠨ ᠨᠢᠭᠡᠨ ᠦ ᠭᠡᠷᠡᠴᠢᠯᠡᠯ ᠲᠡᠭᠦᠨ ᠳᠦ ᠬᠡᠷᠡᠭ ᠦᠭᠡᠢ ᠪᠠᠢᠪᠠ᠃ ᠬᠥᠮᠦᠨ ᠦ ᠳᠣᠲᠣᠷ᠎ᠠ ᠶᠠᠭᠤ ᠪᠠᠢᠭ᠎ᠠ ᠶᠢ ᠲᠡᠷᠡ ᠥᠪᠡᠷ ᠢᠶᠡᠨ ᠮᠡᠳᠡᠵᠦ ᠪᠠᠢᠯ᠎ᠠ᠃