1 2 3 4 5 6 7 8 9 10 11 12 13 14 15 16 17 18 19 20 21


ᠶᠣᠬᠠᠨ ᠠᠷᠪᠠᠨ ᠬᠣᠶᠠᠷ
 ᠮᠠᠷᠢᠶᠠ ᠢᠰᠦ᠋ᠰ ᠢ ᠲᠣᠰᠣᠯᠠᠭᠰᠠᠨ ᠨᠢ

1 ᠭᠡᠲᠦᠯᠭᠡᠭᠰᠡᠨ ᠦ ᠪᠠᠶᠠᠷ ᠠᠴᠠ ᠵᠢᠷᠭᠤᠭᠠᠨ ᠬᠣᠨᠣᠭ ᠤᠨ ᠡᠮᠦᠨ᠎ᠡ ᠢᠰᠦ᠋ᠰ ᠪᠧᠲ᠋ᠠᠨᠢᠶ᠎ᠠ ᠳᠤ ᠬᠦᠷᠴᠡᠢ᠃ ᠲᠡᠨᠳᠡ ᠦᠬᠦᠭᠰᠡᠳ ᠦᠨ ᠳᠤᠮᠳᠠ ᠠᠴᠠ ᠢᠰᠦ᠋ᠰ ᠤᠨ ᠠᠮᠢᠯᠠᠭᠤᠯᠤᠭᠰᠠᠨ ᠯᠠᠽᠠᠷᠠ ᠴᠤ ᠪᠠᠢᠳᠠᠭ᠃ 2 ᠲᠡᠨᠳᠡᠬᠢ ᠶᠢᠨ ᠬᠢᠨ ᠢᠰᠦ᠋ᠰ ᠲᠤ ᠵᠣᠭᠣᠭ ᠪᠠᠵᠠᠭᠠᠵᠤ᠂ ᠮᠠᠷᠲ᠋ᠠ ᠦᠢᠯᠡᠴᠢᠯᠡᠵᠦ ᠪᠠᠢᠪᠠ᠃ ᠯᠠᠽᠠᠷᠠ ᠴᠤ ᠢᠰᠦ᠋ᠰ ᠲᠠᠢ ᠬᠠᠮᠲᠤ ᠰᠠᠭᠤᠯᠴᠠᠭᠰᠠᠨ ᠬᠥᠮᠦᠰ ᠦᠨ ᠳᠤᠮᠳᠠ ᠪᠠᠢᠯ᠎ᠠ᠃ 3 ᠮᠠᠷᠢᠶᠠ ᠨᠢᠭᠡ ᠵᠢᠩ ᠮᠠᠰᠢ ᠦᠨ᠎ᠡ ᠲᠠᠢ ᠴᠤᠯ ᠨᠠᠷᠳ᠋ ᠤᠨ ᠦᠨᠦᠷᠲᠦ ᠲᠣᠰᠣ ᠠᠪᠴᠢᠷᠠᠵᠤ᠂ ᠢᠰᠦ᠋ᠰ ᠤᠨ ᠬᠥᠯ ᠤᠷᠤᠭᠤ ᠴᠢᠳᠬᠤᠭᠠᠳ᠂ ᠭᠡᠵᠢᠭᠡ ᠪᠡᠷ ᠢᠶᠠᠨ ᠬᠥᠯ ᠢ ᠨᠢ ᠠᠷᠴᠢᠪᠠ᠃ ᠠᠩᠬᠢᠯᠤᠭᠤᠨ ᠲᠣᠰᠣᠨ ᠤ ᠦᠨᠦᠷ ᠭᠡᠷ ᠳᠦᠭᠦᠷᠡᠩ ᠬᠠᠩ᠋ᠬᠤᠯᠪᠠ᠃ 4 ᠢᠰᠦ᠋ᠰ ᠤᠨ ᠱᠠᠪᠢ ᠨᠠᠷ ᠤᠨ ᠨᠢᠭᠡ᠂ ᠲᠤᠬᠠᠢᠯᠠᠪᠠᠯ ᠢᠰᠦ᠋ᠰ ᠢ ᠪᠠᠷᠢᠭᠤᠯᠤᠭᠴᠢ ᠢᠰᠺᠠᠷᠢᠣᠲ ᠤᠨ ᠶᠦᠳᠠ᠄ 5 《ᠶᠠᠭᠠᠬᠢᠭᠠᠳ ᠡᠨᠡ ᠲᠣᠰᠣ ᠶᠢ ᠭᠤᠷᠪᠠᠨ ᠵᠠᠭᠤᠨ ᠳ᠋ᠧᠨᠠᠷ 16  ᠢᠶᠠᠷ ᠬᠤᠳᠠᠯᠳᠤᠭᠠᠳ ᠶᠠᠳᠠᠭᠤᠴᠤᠳ ᠢ ᠲᠤᠰᠠᠯᠠᠭᠰᠠᠨ ᠦᠭᠡᠢ ᠶᠤᠮ ᠪᠤᠢ︖》 ᠭᠡᠪᠡ᠃ 6 (ᠲᠡᠷᠡ ᠶᠠᠳᠠᠭᠤᠴᠤᠳ ᠤᠨ ᠲᠥᠯᠥᠭᠡ ᠰᠠᠨᠠᠭ᠎ᠠ ᠲᠠᠯᠪᠢᠳᠠᠭ ᠪᠢᠰᠢ᠂ ᠬᠠᠷᠢᠨ ᠬᠤᠯᠠᠭᠠᠢᠴᠢ ᠪᠠᠢᠭᠰᠠᠨ ᠪᠥᠭᠡᠳ ᠵᠣᠭᠣᠰᠣᠨ ᠤ ᠤᠭᠤᠲᠠ ᠶᠢ ᠠᠳᠬᠤᠵᠤ᠂ ᠳᠣᠲᠣᠷ᠎ᠠ ᠨᠢ ᠬᠢᠭᠰᠡᠨ ᠢ ᠨᠢ ᠠᠪᠴᠢᠬᠠᠳᠠᠭ ᠪᠠᠢᠵᠠᠢ᠃) 7 ᠬᠠᠷᠢᠨ ᠢᠰᠦ᠋ᠰ᠄ 《ᠳᠤᠷ᠎ᠠ ᠪᠠᠷ ᠢᠶᠠᠨ ᠪᠣᠯᠣᠭ᠃ ᠮᠢᠨᠦ ᠣᠷᠣᠰᠢᠭᠤᠯᠭ᠎ᠠ ᠶᠢᠨ ᠡᠳᠦᠷ ᠦᠨ ᠲᠥᠯᠥᠭᠡ ᠲᠡᠷᠡ ᠡᠭᠦᠨ ᠢ ᠬᠠᠳᠠᠭᠠᠯᠠᠭᠰᠠᠨ ᠶᠤᠮ᠃ 8 ᠶᠠᠳᠠᠭᠤᠴᠤᠳ ᠲᠠ ᠨᠠᠷ ᠲᠠᠢ ᠦᠷᠭᠦᠯᠵᠢ ᠬᠠᠮᠲᠤ ᠪᠠᠢᠳᠠᠭ᠂ ᠬᠠᠷᠢᠨ ᠪᠢ ᠲᠠ ᠨᠠᠷ ᠲᠠᠢ ᠦᠷᠭᠦᠯᠵᠢ ᠬᠠᠮᠲᠤ ᠪᠠᠢᠬᠤ ᠪᠢᠰᠢ》 ᠭᠡᠵᠦ ᠬᠡᠯᠡᠪᠡ᠃

9 ᠢᠰᠦ᠋ᠰ ᠤᠨ ᠲᠡᠨᠳᠡ ᠪᠠᠢᠭ᠎ᠠ ᠶᠢ ᠮᠡᠳᠡᠭᠡᠳ ᠦᠯᠡᠮᠵᠢ ᠣᠯᠠᠨ ᠶᠦᠳᠠᠢᠴᠤᠳ ᠢᠷᠡᠪᠡ᠃ ᠲᠡᠳᠡ ᠵᠥᠪᠬᠡᠨ ᠢᠰᠦ᠋ᠰ ᠢ ᠪᠢᠰᠢ᠂ ᠦᠬᠦᠭᠰᠡᠳ ᠦᠨ ᠳᠤᠮᠳᠠ ᠠᠴᠠ ᠠᠮᠢᠯᠠᠭᠤᠯᠤᠭᠳᠠᠭᠰᠠᠨ ᠯᠠᠽᠠᠷᠠ ᠶᠢ ᠴᠤ ᠦᠵᠡᠬᠦ ᠭᠡᠵᠦ ᠪᠠᠢᠯ᠎ᠠ᠃ 10 ᠲᠡᠢᠮᠦ ᠡᠴᠡ ᠠᠬᠠᠯᠠᠬᠤ ᠲᠠᠬᠢᠯᠴᠢᠳ ᠯᠠᠽᠠᠷᠠ ᠶᠢ ᠴᠤ ᠠᠯᠠᠬᠤ ᠭᠡᠵᠦ ᠵᠥᠪᠯᠡᠯᠳᠦᠪᠡ᠃ 11 ᠤᠴᠢᠷ ᠨᠢ ᠶᠦᠳᠠᠢᠴᠤᠳ ᠯᠠᠽᠠᠷᠠ ᠠᠴᠠ ᠪᠣᠯᠵᠤ ᠣᠯᠠᠨ ᠢᠶᠠᠷ ᠰᠠᠯᠵᠤ ᠶᠠᠪᠤᠭᠠᠳ ᠢᠰᠦ᠋ᠰ ᠢ ᠢᠲᠡᠭᠡᠵᠦ ᠪᠠᠢᠯ᠎ᠠ᠃
 ᠢᠰᠦ᠋ᠰ ᠶᠧᠷᠦ᠋ᠰᠠᠯᠧᠮ ᠳᠤ ᠣᠷᠣᠭᠰᠠᠨ ᠨᠢ

12 ᠳᠠᠷᠠᠭ᠎ᠠ ᠡᠳᠦᠷ ᠨᠢ ᠪᠠᠶᠠᠷ ᠲᠤ ᠢᠷᠡᠭᠰᠡᠨ ᠦᠯᠡᠮᠵᠢ ᠣᠯᠠᠨ ᠬᠥᠮᠦᠨ ᠢᠰᠦ᠋ᠰ ᠤᠨ ᠶᠧᠷᠦ᠋ᠰᠠᠯᠧᠮ ᠥᠭᠡᠳᠡ ᠠᠢᠰᠤᠢ ᠶᠢ ᠰᠣᠨᠣᠰᠣᠭᠠᠳ 13 ᠬᠢᠯᠭᠠᠰᠤᠲᠤ ᠮᠣᠳᠣᠨ ᠤ ᠮᠥᠴᠢᠷ ᠠᠪᠴᠤ᠂ ᠲᠡᠭᠦᠨ ᠢ ᠤᠭᠲᠤᠬᠤ ᠪᠠᠷ ᠭᠠᠷᠤᠭᠠᠳ᠄ 《ᠬᠣᠰᠠᠨᠨᠠ 17 ︕ ᠡᠵᠡᠨ ᠦ ᠨᠡᠷ᠎ᠡ ᠪᠡᠷ ᠢᠷᠡᠭᠴᠢ ᠢᠰᠷᠧᠯ ᠤᠨ ᠬᠠᠭᠠᠨ ᠢᠷᠥᠭᠡᠯ ᠲᠡᠢ ᠡ︕》 ᠭᠡᠵᠦ ᠬᠠᠰᠬᠢᠷᠤᠯᠳᠤᠭᠰᠠᠭᠠᠷ ᠪᠠᠢᠯ᠎ᠠ᠃ 14 ᠢᠰᠦ᠋ᠰ ᠡᠯᠵᠢᠭᠡᠨ ᠳᠠᠭ᠎ᠠ ᠣᠯᠵᠤ ᠤᠨᠤᠪᠠ᠃ 15 ᠡᠨᠡ ᠨᠢ᠂ 《ᠽᠢᠶᠣᠨ ᠥᠬᠢᠨ ᠡ᠂ ᠪᠦᠦ ᠠᠶᠤ᠂ ᠬᠠᠷᠠ︕ ᠬᠠᠭᠠᠨ ᠴᠢᠨᠢ ᠡᠯᠵᠢᠭᠡᠨ ᠳᠠᠭ᠎ᠠ ᠤᠨᠤᠭᠠᠳ ᠠᠢᠰᠤᠢ》 ᠭᠡᠵᠦ ᠨᠣᠮ ᠳᠤ ᠪᠢᠴᠢᠭᠳᠡᠭᠰᠡᠨ ᠶᠣᠰᠣᠭᠠᠷ ᠪᠣᠯᠪᠠ᠃ 16 ᠱᠠᠪᠢ ᠨᠠᠷ ᠨᠢ ᠡᠳᠡᠭᠡᠷ ᠢ ᠠᠩ᠋ᠬᠠᠨ ᠳᠠᠭᠠᠨ ᠣᠢᠯᠠᠭᠠᠭᠰᠠᠨ ᠦᠭᠡᠢ ᠪᠣᠯᠪᠠᠴᠤ ᠢᠰᠦ᠋ᠰ ᠠᠯᠳᠠᠷᠰᠢᠭᠤᠯᠤᠭᠳᠠᠭᠰᠠᠨ ᠤ ᠳᠠᠷᠠᠭ᠎ᠠ ᠯᠠ ᠡᠳᠡᠭᠡᠷ ᠨᠢ ᠲᠡᠭᠦᠨ ᠦ ᠲᠤᠬᠠᠢ ᠪᠢᠴᠢᠭᠳᠡᠭᠰᠡᠨ ᠪᠥᠭᠡᠳ ᠬᠥᠮᠦᠰ ᠲᠡᠭᠦᠨ ᠳᠦ ᠡᠨᠡ ᠮᠡᠲᠦ ᠪᠡᠷ ᠦᠢᠯᠡᠳᠦᠭᠰᠡᠨ ᠢ ᠤᠬᠠᠭᠠᠷᠠᠵᠠᠢ᠃ 17 ᠢᠰᠦ᠋ᠰ ᠯᠠᠽᠠᠷᠠ ᠶᠢ ᠪᠤᠯᠠᠰᠢᠨ ᠠᠴᠠ ᠳᠠᠭᠤᠳᠠᠵᠤ᠂ ᠦᠬᠦᠭᠰᠡᠳ ᠦᠨ ᠳᠤᠮᠳᠠ ᠠᠴᠠ ᠠᠮᠢᠯᠠᠭᠤᠯᠬᠤ ᠳᠤᠨᠢ ᠲᠡᠭᠦᠨ ᠲᠡᠢ ᠬᠠᠮᠲᠤ ᠪᠠᠢᠭᠰᠠᠨ ᠣᠯᠠᠨ ᠬᠥᠮᠦᠨ ᠢᠰᠦ᠋ᠰ ᠢ ᠭᠡᠷᠡᠴᠢᠯᠡᠭᠰᠡᠭᠡᠷ ᠪᠠᠢᠯ᠎ᠠ᠃ 18 ᠡᠨᠡ ᠰᠢᠳᠢ ᠲᠡᠮᠳᠡᠭ ᠢ ᠦᠢᠯᠡᠳᠦᠭᠰᠡᠨ ᠢ ᠨᠢ ᠰᠣᠨᠣᠰᠣᠭᠰᠠᠨ ᠣᠯᠠᠨ ᠬᠥᠮᠦᠨ ᠤᠭᠲᠤᠬᠤ ᠪᠠᠷ ᠭᠠᠷᠤᠭᠰᠠᠨ ᠠᠵᠢ᠃ 19 ᠹᠠᠷᠢᠰᠠᠢᠴᠤᠳ ᠬᠣᠭᠣᠷᠣᠨᠳᠣ ᠪᠠᠨ᠄ 《ᠬᠠᠷᠠᠭᠠᠴᠢ᠂ ᠱᠠᠯ ᠳᠡᠮᠡᠢ ᠶᠠᠭᠤᠮ᠎ᠠ ᠪᠣᠯᠵᠤ ᠪᠠᠢᠨ᠎ᠠ᠂ ᠶᠢᠷᠲᠢᠨᠴᠦ ᠪᠡᠷ ᠢᠶᠠᠨ ᠲᠡᠭᠦᠨ ᠢ ᠳᠠᠭᠠᠯ᠎ᠠ ᠰᠢᠦ》 ᠭᠡᠵᠡᠭᠡᠪᠡ᠃
 ᠭᠷᠧᠭᠴᠦᠳ ᠢᠰᠦ᠋ᠰ ᠢ ᠬᠠᠢᠭᠰᠠᠨ ᠨᠢ

20 ᠪᠠᠶᠠᠷ ᠢᠶᠠᠷ ᠮᠥᠷᠭᠥᠯ ᠬᠢᠬᠦ ᠪᠡᠷ ᠢᠷᠡᠭᠰᠡᠨ ᠬᠥᠮᠦᠰ ᠦᠨ ᠳᠤᠮᠳᠠ ᠬᠡᠳᠦᠨ ᠭᠷᠧᠭ ᠬᠥᠮᠦᠨ ᠪᠠᠢᠵᠠᠢ᠃ 21 ᠲᠡᠳᠡ ᠭᠠᠯᠢᠯᠠᠶ᠎ᠠ ᠳᠠᠬᠢ ᠪᠧᠲ᠋ᠰᠠᠢᠳᠠ ᠶᠢᠨ ᠹᠢᠯᠢᠫ ᠲᠤ ᠣᠴᠢᠵᠤ᠄ 《ᠠᠪᠤᠭᠠᠢ ᠡ᠂ ᠪᠢᠳᠡ ᠢᠰᠦ᠋ᠰ ᠲᠠᠢ ᠠᠭᠤᠯᠵᠠᠬᠤ ᠭᠡᠰᠡᠨ ᠶᠤᠮ》 ᠭᠡᠵᠦ ᠭᠤᠶᠤᠭᠰᠠᠨ ᠳᠤ᠂ 22 ᠹᠢᠯᠢᠫ ᠶᠠᠪᠤᠵᠤ ᠠᠨᠳ᠋ᠷᠧ ᠳᠤ ᠬᠡᠯᠡᠪᠡ᠃ ᠠᠨᠳ᠋ᠷᠧ᠂ ᠹᠢᠯᠢᠫ ᠨᠠᠷ ᠶᠠᠪᠤᠵᠤ ᠢᠰᠦ᠋ᠰ ᠲᠤ ᠳᠤᠭᠤᠯᠭᠠᠪᠠ᠃ 23 ᠢᠰᠦ᠋ᠰ ᠬᠠᠷᠢᠭᠤ ᠳᠤᠨᠢ᠄ 《ᠬᠥᠮᠦᠨ ᠦ ᠬᠦᠦ ᠶᠢᠨ ᠠᠯᠳᠠᠷᠰᠢᠭᠤᠯᠤᠭᠳᠠᠬᠤ ᠴᠠᠭ ᠢᠷᠡᠯ᠎ᠡ᠃ 24 ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠨᠢᠭᠡ ᠮᠥᠬᠥᠯᠢᠭ ᠪᠤᠭᠤᠳᠠᠢ ᠭᠠᠵᠠᠷ ᠲᠤ ᠤᠨᠠᠭᠠᠳ ᠦᠬᠦᠬᠦ ᠦᠭᠡᠢ ᠪᠣᠯ ᠭᠠᠭᠴᠠ ᠬᠡᠪ ᠢᠶᠡᠷ ᠢᠶᠠᠨ ᠦᠯᠡᠳᠡᠬᠦ ᠪᠣᠯᠪᠠᠴᠤ ᠦᠬᠦᠪᠡᠯ ᠣᠯᠠᠨ ᠦᠷ᠎ᠡ ᠪᠤᠢ ᠪᠣᠯᠣᠨ᠎ᠠ᠃ 25 ᠠᠮᠢ ᠪᠠᠨ ᠬᠠᠢᠷᠠᠯᠠᠭᠴᠢ ᠨᠢ ᠠᠮᠢ ᠪᠠᠨ ᠠᠯᠳᠠᠨ᠎ᠠ᠃ ᠡᠨᠡ ᠶᠢᠷᠲᠢᠨᠴᠦ ᠳᠦ ᠠᠮᠢ ᠪᠠᠨ ᠵᠠᠨᠤᠭᠴᠢ ᠨᠢ ᠮᠥᠩᠬᠡ ᠠᠮᠢ ᠳᠤ ᠬᠦᠷᠲᠡᠯ᠎ᠡ ᠠᠮᠢ ᠪᠠᠨ ᠦᠯᠡᠳᠡᠭᠡᠨ᠎ᠡ᠃ 26 ᠬᠡᠨ ᠨᠠᠳᠠ ᠳᠤ ᠵᠠᠷᠤᠭᠳᠠᠬᠤ ᠭᠡᠪᠡᠯ ᠨᠠᠮᠠᠶᠢ ᠳᠠᠭ᠎ᠠ᠃ ᠪᠢ ᠬᠠᠮᠢᠭ᠎ᠠ ᠪᠠᠢᠪᠠᠯ ᠮᠢᠨᠦ ᠵᠠᠷᠤᠴᠠ ᠴᠤ ᠲᠡᠨᠳᠡ ᠪᠠᠢᠬᠤ ᠪᠥᠭᠡᠳ ᠬᠡᠨ ᠬᠡᠷᠪᠡ ᠨᠠᠳᠠ ᠳᠤ ᠵᠠᠷᠤᠭᠳᠠᠪᠠᠯ ᠡᠴᠢᠭᠡ ᠲᠡᠭᠦᠨ ᠢ ᠬᠦᠨᠳᠦᠯᠡᠬᠦ ᠪᠣᠯᠣᠨ᠎ᠠ᠃
 ᠢᠰᠦ᠋ᠰ ᠠᠯᠠᠭᠳᠠᠬᠤ ᠲᠤᠬᠠᠢ ᠪᠠᠨ

27 ᠣᠳᠣ ᠮᠢᠨᠦ ᠰᠡᠳᠬᠢᠯ ᠵᠣᠪᠠᠵᠤ ᠪᠠᠢᠨ᠎ᠠ᠂ ᠪᠢ ᠶᠠᠭᠤ ᠭᠡᠵᠦ ᠬᠡᠯᠡᠬᠦ ᠪᠤᠢ︖ 〈ᠠᠪᠤ ᠡ᠂ ᠡᠨᠡ ᠴᠠᠭ ᠠᠴᠠ ᠨᠠᠮᠠᠶᠢ ᠠᠪᠤᠷᠠᠭᠠᠴᠢ〉 ᠭᠡᠬᠦ ᠤᠤ︖ ᠦᠭᠡᠢ᠂ ᠪᠢ ᠶᠠᠭ ᠡᠨᠡ ᠵᠣᠷᠢᠯᠭ᠎ᠠ ᠪᠠᠷ ᠡᠨᠡ ᠴᠠᠭ ᠲᠤ ᠢᠷᠡᠭᠰᠡᠨ᠂ 28 ᠠᠪᠤ ᠡ᠂ ᠨᠡᠷ᠎ᠡ ᠪᠡᠨ ᠠᠯᠳᠠᠷᠰᠢᠭᠤᠯᠤᠭᠠᠴᠢ︕》 ᠭᠡᠰᠡᠨ ᠳᠦ᠂ ᠲᠩᠷᠢ ᠡᠴᠡ ᠳᠠᠭᠤ ᠭᠠᠷᠴᠤ᠄ 《ᠪᠢ ᠠᠯᠳᠠᠷᠰᠢᠭᠤᠯᠤᠭᠰᠠᠨ᠂ ᠪᠠᠰᠠ ᠳᠠᠬᠢᠨ ᠠᠯᠳᠠᠷᠰᠢᠭᠤᠯᠤᠨ᠎ᠠ》 ᠭᠡᠪᠡ᠃ 29 ᠬᠠᠵᠠᠭᠤ ᠳᠤᠨᠢ ᠵᠣᠭᠰᠣᠵᠤ ᠡᠭᠦᠨ ᠢ ᠰᠣᠨᠣᠰᠣᠭᠰᠠᠨ ᠣᠯᠠᠨ ᠬᠥᠮᠦᠨ᠄ 《ᠲᠩᠷᠢ ᠳᠤᠤᠭᠠᠷᠤᠯ᠎ᠠ》 ᠭᠡᠬᠦ ᠳᠦ᠂ ᠵᠠᠷᠢᠮ ᠨᠢ᠄ 《ᠲᠩᠷᠢ ᠡᠯᠴᠢ ᠲᠡᠭᠦᠨ ᠳᠦ ᠶᠠᠷᠢᠯ᠎ᠠ》 ᠭᠡᠵᠡᠭᠡᠪᠡ᠃ 30 ᠢᠰᠦ᠋ᠰ᠄ 《ᠡᠨᠡ ᠳᠠᠭᠤ ᠮᠢᠨᠦ ᠲᠥᠯᠥᠭᠡ ᠪᠢᠰᠢ᠂ ᠬᠠᠷᠢᠨ ᠲᠠ ᠨᠠᠷ ᠤᠨ ᠲᠥᠯᠥᠭᠡ ᠭᠠᠷᠤᠭᠰᠠᠨ᠃ 31 ᠣᠳᠣ ᠡᠨᠡ ᠶᠢᠷᠲᠢᠨᠴᠦ ᠰᠢᠭᠦᠭᠳᠡᠬᠦ ᠪᠣᠯᠣᠯ᠎ᠠ᠂ ᠣᠳᠣ ᠡᠨᠡ ᠶᠢᠷᠲᠢᠨᠴᠦ ᠶᠢᠨ ᠵᠠᠬᠢᠷᠤᠭᠴᠢ 18 ᠬᠥᠭᠡᠭᠡᠭᠳᠡᠬᠦ ᠪᠣᠯᠣᠨ᠎ᠠ᠃ 32 ᠪᠢ ᠭᠠᠵᠠᠷ ᠠᠴᠠ ᠡᠷᠭᠦᠭᠳᠡᠪᠡᠯ ᠪᠦᠬᠦ ᠬᠥᠮᠦᠨ ᠢ ᠪᠡᠶ᠎ᠡ ᠳᠡᠭᠡᠨ ᠲᠠᠲᠠᠬᠤ ᠪᠣᠯᠣᠨ᠎ᠠ》 ᠭᠡᠯ᠎ᠡ᠃ 33 ᠢᠰᠦ᠋ᠰ ᠶᠠᠮᠠᠷ ᠦᠬᠦᠯ ᠢᠶᠡᠷ ᠦᠬᠦᠬᠦ ᠪᠡᠨ ᠮᠡᠳᠡᠭᠦᠯᠬᠦ ᠶᠢᠨ ᠲᠤᠯᠠᠳᠠ ᠡᠭᠦᠨ ᠢ ᠬᠡᠯᠡᠵᠡᠢ᠃ 34 ᠬᠤᠷᠠᠭᠰᠠᠨ ᠣᠯᠠᠨ ᠲᠡᠭᠦᠨ ᠳᠦ᠄ 《ᠾᠷᠢᠰᠲ᠋ᠣᠰ ᠮᠥᠩᠬᠡᠳᠡ ᠪᠠᠢᠬᠤ ᠪᠣᠯᠣᠨ᠎ᠠ ᠭᠡᠵᠦ ᠪᠢᠳᠡ ᠬᠠᠤᠯᠢ ᠡᠴᠡ ᠰᠤᠷᠤᠯᠴᠠᠭᠰᠠᠨ ᠠᠲᠠᠯ᠎ᠠ ᠲᠠ ᠶᠠᠭᠤᠨ ᠳᠤ᠄ 〈ᠬᠥᠮᠦᠨ ᠦ ᠬᠦᠦ ᠡᠷᠭᠦᠭᠳᠡᠬᠦ ᠶᠣᠰᠣᠲᠠᠢ〉 ᠭᠡᠵᠦ ᠬᠡᠯᠡᠨ᠎ᠡ ᠪᠤᠢ︖ ᠡᠨᠡ ᠬᠥᠮᠦᠨ ᠦ ᠬᠦᠦ ᠭᠡᠳᠡᠭ ᠨᠢ ᠬᠡᠨ ᠪᠤᠢ︖》 ᠭᠡᠰᠡᠨ ᠳᠦ᠂ 35 ᠢᠰᠦ᠋ᠰ᠄ 《ᠭᠡᠷᠡᠯ ᠲᠠ ᠨᠠᠷ ᠤᠨ ᠳᠤᠮᠳᠠ ᠲᠦᠷ ᠵᠠᠭᠤᠷ᠎ᠠ ᠪᠠᠢᠬᠤ ᠪᠣᠯᠣᠨ᠎ᠠ᠃ ᠬᠠᠷᠠᠩ᠋ᠭᠤᠢ ᠳᠤ ᠨᠥᠮᠥᠷᠥᠭᠳᠡᠬᠦ ᠦᠭᠡᠢ ᠶᠢᠨ ᠲᠤᠯᠠᠳᠠ ᠭᠡᠷᠡᠯ ᠪᠠᠢᠬᠤ ᠳᠤᠨᠢ ᠵᠠᠮ ᠢᠶᠠᠨ ᠬᠥᠭᠡᠭᠡᠭᠲᠦᠨ᠂ ᠬᠠᠷᠠᠩ᠋ᠭᠤᠢ ᠳᠤ ᠶᠠᠪᠤᠳᠠᠭ ᠬᠥᠮᠦᠨ ᠬᠠᠮᠢᠭᠠᠰᠢ ᠪᠠᠨ ᠶᠠᠪᠤᠬᠤ ᠪᠠᠨ ᠮᠡᠳᠡᠳᠡᠭ ᠦᠭᠡᠢ᠃ 36 ᠭᠡᠷᠡᠯ ᠪᠠᠢᠬᠤ ᠳᠤᠨᠢ ᠭᠡᠷᠡᠯ ᠢ ᠢᠲᠡᠭᠡᠭᠲᠦᠨ᠂ ᠲᠡᠭᠡᠪᠡᠯ ᠭᠡᠷᠡᠯ ᠦᠨ ᠬᠡᠦᠬᠡᠳ ᠪᠣᠯᠣᠨ᠎ᠠ》 ᠭᠡᠯ᠎ᠡ᠃


 ᠦᠯᠦ ᠢᠲᠡᠭᠡᠭᠴᠢ ᠶᠢ ᠢᠰᠦ᠋ᠰ ᠤᠨ ᠦᠭᠡ ᠰᠢᠭᠦᠨ᠎ᠡ

37 ᠢᠰᠦ᠋ᠰ ᠬᠡᠳᠦᠢᠪᠡᠷ ᠲᠡᠳᠡᠨ ᠦ ᠡᠮᠦᠨ᠎ᠡ ᠣᠯᠠᠨ ᠰᠢᠳᠢ ᠲᠡᠮᠳᠡᠭ ᠢ ᠦᠢᠯᠡᠳᠦᠭᠰᠡᠨ ᠪᠣᠯᠪᠠᠴᠤ ᠲᠡᠳᠡ ᠮᠥᠨ ᠯᠠ ᠢᠲᠡᠭᠡᠬᠦ ᠦᠭᠡᠢ ᠪᠠᠢᠯ᠎ᠠ᠃ 38 ᠡᠰᠢ ᠦᠵᠡᠭᠦᠯᠦᠭᠴᠢ ᠢᠰᠠᠢᠶ᠎ᠠ ᠶᠢᠨ᠄ 《ᠡᠵᠡᠨ ᠡ᠂ ᠪᠢᠳᠡᠨ ᠦ ᠰᠣᠨᠣᠰᠬᠠᠭᠰᠠᠨ ᠢ ᠬᠡᠨ ᠢᠲᠡᠭᠡᠪᠡ︖ ᠡᠵᠡᠨ ᠦ ᠮᠤᠲᠤᠷ ᠬᠡᠨ ᠳᠦ ᠢᠯᠡᠷᠡᠭᠰᠡᠨ ᠪᠤᠢ︖》 ᠭᠡᠵᠦ ᠬᠡᠯᠡᠭᠰᠡᠨ ᠨᠢ ᠡᠢᠨ ᠬᠦ ᠪᠡᠶᠡᠯᠡᠭᠳᠡᠵᠡᠢ᠃ 39 ᠲᠡᠳᠡᠨ ᠦ ᠢᠲᠡᠭᠡᠵᠦ ᠴᠢᠳᠠᠭ᠎ᠠ ᠦᠭᠡᠢ ᠶᠢᠨ ᠤᠴᠢᠷ ᠢ ᠢᠰᠠᠢᠶ᠎ᠠ ᠪᠠᠰᠠ᠄ 40 《ᠲᠡᠷᠡ ᠲᠡᠳᠡᠨ ᠦ ᠨᠢᠳᠦ ᠶᠢ ᠨᠢ ᠰᠣᠬᠣᠯᠠᠵᠤ᠂ ᠵᠢᠷᠦᠬᠡ ᠶᠢ ᠨᠢ ᠬᠠᠲᠠᠭᠤᠷᠠᠭᠤᠯᠤᠭᠰᠠᠨ᠃ ᠲᠡᠳᠡ ᠨᠢᠳᠦ ᠪᠡᠷ ᠢᠶᠠᠨ ᠦᠵᠡᠬᠦ᠂ ᠵᠢᠷᠦᠬᠡ ᠪᠡᠷ ᠢᠶᠠᠨ ᠤᠬᠠᠭᠠᠷᠠᠬᠤ᠂ ᠡᠷᠭᠢᠵᠦ ᠢᠷᠡᠬᠦ ᠤᠴᠢᠷ ᠦᠭᠡᠢ᠂ ᠪᠢ ᠲᠡᠳᠡᠨ ᠢ ᠡᠳᠡᠭᠡᠭᠡᠬᠦ ᠦᠭᠡᠢ》 ᠭᠡᠵᠦ ᠬᠡᠯᠡᠭᠰᠡᠨ᠃ 41 ᠢᠰᠠᠢᠶ᠎ᠠ ᠢᠰᠦ᠋ᠰ ᠤᠨ ᠠᠯᠳᠠᠷ ᠰᠤᠤ ᠶᠢ ᠬᠠᠷᠠᠭᠰᠠᠨ ᠤᠴᠢᠷ ᠠᠴᠠ ᠲᠡᠭᠦᠨ ᠦ ᠲᠤᠬᠠᠢ ᠢᠩᠭᠢᠵᠦ ᠥᠭᠦᠯᠡᠭᠰᠡᠨ ᠠᠵᠢ᠃ 42 ᠬᠠᠷᠢᠨ ᠨᠣᠶᠠᠳ ᠳᠣᠲᠣᠷ᠎ᠠ ᠠᠴᠠ ᠴᠤ ᠣᠯᠠᠨ ᠬᠥᠮᠦᠨ ᠢᠰᠦ᠋ᠰ ᠢ ᠢᠲᠡᠭᠡᠭᠰᠡᠨ ᠪᠠᠢᠨ᠎ᠠ᠃ ᠭᠡᠪᠡᠴᠦ ᠲᠡᠳᠡ ᠹᠠᠷᠢᠰᠠᠢᠴᠤᠳ ᠠᠴᠠ ᠪᠣᠯᠵᠤ᠂ ᠢᠲᠡᠭᠡᠯ ᠢᠶᠡᠨ ᠢᠯᠡᠷᠬᠡᠶᠢᠯᠡᠭᠰᠡᠨ ᠦᠭᠡᠢ᠃ ᠲᠡᠳᠡ ᠬᠤᠷᠠᠯ ᠤᠨ ᠲᠠᠩᠬᠢᠮ ᠠᠴᠠ ᠬᠥᠭᠡᠭᠡᠭᠳᠡᠬᠦ ᠡᠴᠡ ᠠᠶᠤᠭᠰᠠᠨ ᠠᠵᠢ᠃ 43 ᠲᠡᠳᠡ ᠬᠥᠮᠦᠨ ᠦ ᠰᠠᠢᠰᠢᠶᠠᠯ ᠢ ᠪᠤᠷᠬᠠᠨ ᠤ ᠰᠠᠢᠰᠢᠶᠠᠯ ᠠᠴᠠ ᠢᠯᠡᠭᠦᠦ ᠲᠠᠭᠠᠯᠠᠭᠰᠠᠨ ᠶᠤᠮ᠃

44 ᠢᠰᠦ᠋ᠰ ᠴᠢᠩᠭ᠍᠎ᠠ ᠳᠠᠭᠤ ᠪᠠᠷ᠄ 《ᠨᠠᠮᠠᠶᠢ ᠢᠲᠡᠭᠡᠭᠴᠢ ᠨᠢ ᠨᠠᠮᠠᠶᠢ ᠢᠲᠡᠭᠡᠵᠦ ᠪᠠᠢᠭ᠎ᠠ ᠲᠡᠳᠦᠢ ᠪᠢᠰᠢ᠂ ᠬᠠᠷᠢᠨ ᠨᠠᠮᠠᠶᠢ ᠢᠯᠡᠭᠡᠭᠴᠢ ᠶᠢ ᠢᠲᠡᠭᠡᠵᠦ ᠪᠠᠢᠨ᠎ᠠ᠃ 45 ᠨᠠᠮᠠᠶᠢ ᠬᠠᠷᠠᠭᠴᠢ ᠨᠢ ᠨᠠᠮᠠᠶᠢ ᠢᠯᠡᠭᠡᠭᠴᠢ ᠶᠢ ᠬᠠᠷᠠᠵᠤ ᠪᠠᠢᠭ᠎ᠠ ᠶᠤᠮ᠃ 46 ᠨᠠᠳᠠ ᠳᠤ ᠢᠲᠡᠭᠡᠭᠴᠢ ᠪᠣᠯᠭᠠᠨ ᠢ ᠬᠠᠷᠠᠩ᠋ᠭᠤᠢ ᠳᠤ ᠪᠠᠢᠯᠭᠠᠬᠤ ᠦᠭᠡᠢ ᠶᠢᠨ ᠲᠤᠯᠠᠳᠠ ᠪᠢ ᠶᠢᠷᠲᠢᠨᠴᠦ ᠳᠦ ᠭᠡᠷᠡᠯ ᠪᠣᠯᠵᠤ ᠢᠷᠡᠭᠰᠡᠨ᠃ 47 ᠬᠡᠨ ᠨᠢᠭᠡᠨ ᠨᠢ ᠮᠢᠨᠦ ᠦᠭᠡ ᠶᠢ ᠰᠣᠨᠣᠰᠣᠭᠠᠳ ᠳᠠᠭᠠᠬᠤ ᠦᠭᠡᠢ ᠴᠤ ᠭᠡᠰᠡᠨ ᠪᠢ ᠲᠡᠭᠦᠨ ᠢ ᠰᠢᠭᠦᠬᠦ ᠦᠭᠡᠢ᠃ ᠤᠴᠢᠷ ᠨᠢ ᠪᠢ ᠶᠢᠷᠲᠢᠨᠴᠦ ᠶᠢ ᠰᠢᠭᠦᠬᠦ ᠪᠡᠷ ᠪᠢᠰᠢ᠂ ᠬᠠᠷᠢᠨ ᠠᠪᠤᠷᠠᠬᠤ ᠪᠠᠷ ᠢᠷᠡᠭᠰᠡᠨ ᠶᠤᠮ᠃ 48 ᠨᠠᠮᠠᠶᠢ ᠭᠣᠯᠣᠵᠤ᠂ ᠮᠢᠨᠦ ᠦᠭᠡ ᠶᠢ ᠦᠯᠦ ᠬᠦᠯᠢᠶᠡᠨ ᠠᠪᠤᠭᠴᠢ ᠶᠢ ᠰᠢᠭᠦᠬᠦ ᠰᠢᠭᠦᠭᠴᠢ ᠪᠤᠢ᠃ ᠮᠢᠨᠦ ᠬᠡᠯᠡᠭᠰᠡᠨ ᠦᠭᠡ᠂ ᠡᠴᠦᠰ ᠦᠨ ᠡᠳᠦᠷ ᠲᠦ ᠲᠡᠭᠦᠨ ᠢ ᠰᠢᠭᠦᠨ᠎ᠡ᠃ 49 ᠪᠢ ᠲᠠᠪᠠ ᠪᠠᠷ ᠢᠶᠠᠨ ᠶᠠᠷᠢᠭ᠎ᠠ ᠦᠭᠡᠢ᠂ ᠬᠠᠷᠢᠨ ᠨᠠᠮᠠᠶᠢ ᠢᠯᠡᠭᠡᠭᠰᠡᠨ ᠡᠴᠢᠭᠡ ᠶᠠᠭᠤ ᠥᠭᠦᠯᠡᠵᠦ᠂ ᠶᠠᠭᠤ ᠶᠠᠷᠢᠬᠤ ᠶᠢ ᠮᠢᠨᠢ ᠨᠠᠳᠠ ᠳᠤ ᠵᠠᠷᠯᠢᠭᠳᠠᠭᠰᠠᠨ ᠶᠤᠮ᠃ 50 ᠲᠡᠭᠦᠨ ᠦ ᠵᠠᠷᠯᠢᠭ ᠪᠣᠯ ᠮᠥᠩᠬᠡ ᠠᠮᠢ ᠮᠥᠨ ᠭᠡᠳᠡᠭ ᠢ ᠪᠢ ᠮᠡᠳᠡᠨ᠎ᠡ᠃ ᠲᠡᠢᠮᠦ ᠡᠴᠡ ᠪᠢ ᠶᠠᠭᠤ ᠶᠢ ᠴᠤ ᠭᠡᠰᠡᠨ ᠡᠴᠢᠭᠡ ᠶᠢᠨ ᠨᠠᠳᠠ ᠳᠤ ᠬᠡᠯᠡᠭᠰᠡᠨ ᠶᠣᠰᠣᠭᠠᠷ ᠬᠡᠯᠡᠳᠡᠭ ᠶᠤᠮ》 ᠭᠡᠯ᠎ᠡ᠃