1 2 3 4 5 6 7 8 9 10 11 12 13 14 15 16 17 18 19 20 21


ᠶᠣᠬᠠᠨ ᠠᠷᠪᠠ
 ᠰᠠᠢᠨ ᠬᠣᠨᠢᠴᠢᠨ ᠤ ᠦᠯᠢᠭᠡᠷᠯᠡᠯ

1 ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠬᠣᠨᠢᠨ ᠤ ᠬᠠᠰᠢᠶᠠᠨ ᠳᠤ ᠡᠭᠦᠳᠡ ᠪᠡᠷ ᠨᠢ ᠣᠷᠣᠬᠤ ᠦᠭᠡᠢ᠂ ᠥᠭᠡᠷ᠎ᠡ ᠭᠠᠵᠠᠷ ᠢᠶᠠᠷ ᠨᠢ ᠳᠠᠪᠠᠵᠤ ᠣᠷᠣᠭᠴᠢ ᠨᠢ ᠬᠤᠯᠠᠭᠠᠢᠴᠢ᠂ ᠳᠡᠭᠡᠷᠡᠮ ᠮᠥᠨ᠃ 2 ᠬᠠᠷᠢᠨ ᠡᠭᠦᠳᠡ ᠪᠡᠷ ᠨᠢ ᠣᠷᠣᠭᠴᠢ ᠨᠢ ᠰᠦᠷᠦᠭ ᠦᠨ ᠡᠵᠡᠨ ᠬᠣᠨᠢᠴᠢᠨ ᠮᠥᠨ᠃ 3 ᠮᠠᠨᠠᠭᠠᠴᠢ ᠲᠡᠭᠦᠨ ᠳᠦ ᠡᠭᠦᠳᠡ ᠶᠢ ᠨᠡᠭᠡᠭᠡᠵᠦ ᠥᠭᠳᠡᠭ ᠪᠥᠭᠡᠳ ᠬᠣᠨᠢᠨ ᠰᠦᠷᠦᠭ ᠴᠤ ᠲᠡᠭᠦᠨ ᠦ ᠳᠠᠭᠤ ᠶᠢ ᠲᠠᠨᠢᠳᠠᠭ᠃ ᠲᠡᠷᠡ ᠬᠣᠨᠢᠳ ᠢᠶᠠᠨ ᠨᠡᠷ᠎ᠡ ᠪᠡᠷ ᠨᠢ ᠳᠠᠭᠤᠳᠠᠵᠤ᠂ ᠭᠠᠳᠠᠭᠰᠢ ᠳᠠᠭᠠᠭᠤᠯᠤᠨ ᠭᠠᠷᠳᠠᠭ᠃ 4 ᠲᠡᠷᠡ ᠬᠣᠨᠢᠳ ᠢᠶᠠᠨ ᠪᠦᠭᠦᠳᠡ ᠶᠢ ᠭᠠᠷᠭᠠᠭᠠᠳ ᠲᠦᠷᠦᠭᠦᠨ ᠳᠦᠨᠢ ᠶᠠᠪᠤᠳᠠᠭ᠃ ᠬᠣᠨᠢᠨ ᠰᠦᠷᠦᠭ ᠳᠠᠭᠤ ᠶᠢ ᠨᠢ ᠲᠠᠨᠢᠳᠠᠭ ᠪᠣᠯᠬᠣᠷ ᠲᠡᠭᠦᠨ ᠢ ᠳᠠᠭᠠᠳᠠᠭ᠂ 5 ᠬᠠᠷᠢᠨ ᠭᠠᠳᠠᠨ᠎ᠠ ᠶᠢᠨ ᠬᠥᠮᠦᠨ ᠢ ᠶᠡᠷᠦ ᠳᠠᠭᠠᠬᠤ ᠦᠭᠡᠢ᠂ ᠲᠡᠭᠦᠨ ᠦ ᠳᠠᠭᠤ ᠶᠢ ᠲᠠᠨᠢᠬᠤ ᠦᠭᠡᠢ ᠲᠤᠯᠠ ᠲᠡᠭᠦᠨ ᠡᠴᠡ ᠵᠢᠭᠤᠲᠠᠨ᠎ᠠ》 ᠭᠡᠵᠡᠢ᠃ 6 ᠢᠰᠦ᠋ᠰ ᠡᠢᠨ ᠬᠦ ᠦᠯᠢᠭᠡᠷᠯᠡᠯ ᠢᠶᠡᠷ ᠶᠠᠷᠢᠭᠰᠠᠨ ᠪᠣᠯᠪᠠᠴᠤ ᠶᠠᠭᠤ ᠶᠠᠷᠢᠵᠤ ᠪᠠᠢᠭ᠎ᠠ ᠶᠢ ᠨᠢ ᠲᠡᠳᠡ ᠣᠢᠯᠠᠭᠠᠭᠰᠠᠨ ᠦᠭᠡᠢ᠃

7 ᠲᠡᠢᠮᠦ ᠡᠴᠡ ᠢᠰᠦ᠋ᠰ ᠳᠠᠬᠢᠨ᠄ 《ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠪᠢ ᠪᠣᠯ ᠬᠣᠨᠢᠨ ᠤ ᠡᠭᠦᠳᠡ᠂ 8 ᠨᠠᠳᠠ ᠠᠴᠠ ᠡᠮᠦᠨ᠎ᠡ ᠢᠷᠡᠭᠰᠡᠨ ᠪᠣᠯᠭᠠᠨ ᠨᠢ ᠬᠤᠯᠠᠭᠠᠢᠴᠢ᠂ ᠳᠡᠭᠡᠷᠡᠮ ᠶᠤᠮ᠃ ᠬᠠᠷᠢᠨ ᠬᠣᠨᠢᠨ ᠰᠦᠷᠦᠭ ᠲᠡᠳᠡᠨ ᠦ ᠬᠢ ᠶᠢ ᠰᠣᠨᠣᠰᠣᠭ᠎ᠠ ᠦᠭᠡᠢ᠃ 9 ᠪᠢ ᠪᠣᠯ ᠡᠭᠦᠳᠡ ᠮᠥᠨ᠃ ᠬᠡᠷᠪᠡ ᠬᠥᠮᠦᠨ ᠨᠠᠳᠠ ᠪᠠᠷ ᠣᠷᠣᠪᠠᠯ ᠠᠪᠤᠷᠠᠭᠳᠠᠬᠤ ᠪᠥᠭᠡᠳ ᠣᠷᠣᠵᠤ ᠭᠠᠷᠴᠤ ᠲᠡᠵᠢᠭᠡᠯ ᠢᠶᠡᠨ ᠣᠯᠣᠨ᠎ᠠ᠃ 10 ᠬᠤᠯᠠᠭᠠᠢᠴᠢ ᠪᠣᠯ ᠵᠥᠪᠬᠡᠨ ᠬᠤᠯᠠᠭᠠᠢᠯᠠᠵᠤ ᠠᠯᠠᠵᠤ ᠰᠦᠢᠳᠬᠡᠬᠦ ᠪᠡᠷ ᠢᠷᠡᠳᠡᠭ᠂ ᠬᠠᠷᠢᠨ ᠪᠢ ᠪᠣᠯ ᠬᠣᠨᠢᠳ ᠲᠤ ᠠᠮᠢ ᠣᠯᠭᠣᠵᠤ᠂ ᠡᠯᠪᠡᠭ ᠬᠠᠩ᠋ᠭᠠᠯᠤᠭᠤᠨ ᠣᠯᠭᠣᠬᠤ ᠶᠢᠨ ᠲᠥᠯᠥᠭᠡ ᠢᠷᠡᠭᠰᠡᠨ ᠪᠢᠯᠡ᠃

11 ᠪᠢ ᠪᠣᠯ ᠰᠠᠢᠨ ᠬᠣᠨᠢᠴᠢᠨ ᠮᠥᠨ᠂ ᠰᠠᠢᠨ ᠬᠣᠨᠢᠴᠢᠨ ᠬᠣᠨᠢᠨ ᠤ ᠪᠠᠨ ᠲᠥᠯᠥᠭᠡ ᠠᠮᠢ ᠪᠠᠨ ᠵᠣᠷᠢᠭᠤᠯᠳᠠᠭ᠃ 12 ᠬᠥᠯᠥᠰᠥᠨ ᠦ ᠬᠥᠮᠦᠨ ᠪᠣᠯ ᠡᠵᠡᠨ ᠬᠣᠨᠢᠴᠢᠨ ᠪᠢᠰᠢ ᠤᠴᠢᠷ ᠠᠴᠠ ᠴᠢᠨᠣ᠎ᠠ ᠢᠷᠡᠬᠦ ᠶᠢ ᠦᠵᠡᠪᠡᠯ ᠬᠣᠨᠢ ᠶᠢ ᠣᠷᠬᠢᠨ ᠳᠤᠲᠠᠭᠠᠳᠠᠭ᠃ ᠢᠩᠭᠢᠭᠡᠳ ᠴᠢᠨᠣ᠎ᠠ ᠬᠣᠨᠢᠳ ᠢ ᠪᠠᠷᠢᠵᠤ ᠪᠤᠲᠠᠷᠠᠭᠠᠨ᠎ᠠ᠃ 13 ᠲᠡᠷᠡ ᠬᠥᠯᠥᠰᠥᠨ ᠦ ᠬᠥᠮᠦᠨ ᠪᠣᠯᠬᠣᠷ ᠬᠣᠨᠢᠳ ᠲᠤ ᠰᠠᠨᠠᠭ᠎ᠠ ᠲᠠᠯᠪᠢᠯ ᠦᠭᠡᠢ ᠳᠤᠲᠠᠭᠠᠳᠠᠭ᠃ 14 ᠪᠢ ᠪᠣᠯ ᠰᠠᠢᠨ ᠬᠣᠨᠢᠴᠢᠨ ᠮᠥᠨ᠃ ᠪᠢ ᠬᠣᠨᠢ ᠪᠠᠨ ᠲᠠᠨᠢᠵᠤ᠂ ᠬᠣᠨᠢ ᠴᠤ ᠨᠠᠮᠠᠶᠢ ᠲᠠᠨᠢᠨ᠎ᠠ᠃ 15 ᠡᠨᠡ ᠨᠢ ᠶᠠᠭ ᠡᠴᠢᠭᠡ ᠨᠠᠮᠠᠶᠢ ᠲᠠᠨᠢᠵᠤ ᠪᠢ ᠴᠤ ᠡᠴᠢᠭᠡ ᠪᠡᠨ ᠲᠠᠨᠢᠳᠠᠭ ᠤᠨ ᠠᠳᠠᠯᠢ᠃ ᠪᠢ ᠬᠣᠨᠢᠨ ᠤ ᠪᠠᠨ ᠲᠥᠯᠥᠭᠡ ᠠᠮᠢ ᠪᠠᠨ ᠵᠣᠷᠢᠭᠤᠯᠤᠨ᠎ᠠ᠃ 16 ᠡᠨᠡ ᠬᠠᠰᠢᠶᠠᠨ ᠳᠤ ᠣᠷᠣᠭ᠎ᠠ ᠦᠭᠡᠢ ᠥᠭᠡᠷ᠎ᠡ ᠬᠣᠨᠢᠳ ᠴᠤ ᠨᠠᠳᠠ ᠳᠤ ᠪᠤᠢ᠃ ᠪᠢ ᠲᠡᠳᠡᠨ ᠢ ᠪᠠᠰᠠ ᠠᠪᠴᠢᠷᠠᠬᠤ ᠶᠣᠰᠣᠲᠠᠢ᠃ ᠲᠡᠳᠡ ᠴᠤ ᠮᠢᠨᠦ ᠳᠠᠭᠤ ᠶᠢ ᠰᠣᠨᠣᠰᠬᠤ ᠪᠥᠭᠡᠳ ᠭᠠᠭᠴᠠ ᠬᠣᠨᠢᠴᠢᠨ ᠲᠠᠢ ᠨᠢᠭᠡ ᠰᠦᠷᠦᠭ ᠪᠣᠯᠣᠨ᠎ᠠ᠃ 17 ᠪᠢ ᠠᠮᠢ ᠪᠠᠨ ᠵᠣᠷᠢᠭᠤᠯᠤᠭᠠᠳ ᠳᠠᠬᠢᠨ ᠣᠯᠣᠨ᠎ᠠ᠂ ᠡᠢᠮᠦ ᠡᠴᠡ ᠡᠴᠢᠭᠡ ᠨᠠᠮᠠᠶᠢ ᠬᠠᠢᠷᠠᠯᠠᠳᠠᠭ᠃ 18 ᠬᠡᠨ ᠴᠤ ᠨᠠᠳᠠ ᠠᠴᠠ ᠠᠮᠢ ᠶᠢ ᠠᠪᠬᠤ ᠪᠢᠰᠢ᠂ ᠬᠠᠷᠢᠨ ᠪᠢ ᠥᠪᠡᠷ ᠢᠶᠡᠨ ᠯᠠ ᠠᠮᠢ ᠪᠠᠨ ᠵᠣᠷᠢᠭᠤᠯᠤᠨ᠎ᠠ᠃ ᠨᠠᠳᠠ ᠳᠤ ᠠᠮᠢ ᠪᠠᠨ ᠵᠣᠷᠢᠭᠤᠯᠬᠤ ᠡᠷᠬᠡ ᠪᠤᠢ᠂ ᠪᠤᠴᠠᠭᠠᠵᠤ ᠠᠪᠬᠤ ᠡᠷᠬᠡ ᠴᠤ ᠪᠤᠢ᠃ ᠡᠨᠡ ᠵᠠᠷᠯᠢᠭ ᠢ ᠪᠢ ᠡᠴᠢᠭᠡ ᠡᠴᠡ ᠪᠡᠨ ᠬᠦᠯᠢᠶᠡᠨ ᠠᠪᠤᠭᠰᠠᠨ ᠶᠤᠮ》 ᠭᠡᠯ᠎ᠡ᠃

19 ᠡᠨᠡ ᠦᠭᠡᠨ ᠡᠴᠡ ᠪᠣᠯᠵᠤ᠂ ᠶᠦᠳᠠᠢᠴᠤᠳ ᠤᠨ ᠳᠤᠮᠳᠠ ᠳᠠᠬᠢᠨ ᠬᠠᠭᠠᠷᠠᠯ ᠭᠠᠷᠴᠠᠢ᠃ 20 ᠲᠡᠳᠡᠨ ᠦ ᠳᠤᠮᠳᠠ ᠠᠴᠠ ᠣᠯᠠᠨ ᠬᠥᠮᠦᠨ᠄ 《ᠲᠡᠭᠦᠨ ᠳᠦ ᠴᠢᠳᠬᠥᠷ ᠣᠷᠣᠰᠢᠵᠤ᠂ ᠲᠡᠷᠡ ᠰᠣᠯᠢᠶᠠᠷᠠᠭᠰᠠᠨ ᠪᠠᠢᠲᠠᠯ᠎ᠠ ᠲᠠ ᠨᠠᠷ ᠶᠠᠭᠤᠨ ᠳᠤ ᠲᠡᠭᠦᠨ ᠦ ᠦᠭᠡ ᠶᠢ ᠰᠣᠨᠣᠰᠣᠨ᠎ᠠ ᠪᠤᠢ︖》 ᠭᠡᠬᠦ ᠳᠦ᠂ 21 ᠵᠠᠷᠢᠮ ᠨᠢ᠄ 《ᠡᠨᠡ ᠴᠢᠨᠢ ᠴᠢᠳᠬᠥᠷ ᠣᠷᠣᠰᠢᠭᠰᠠᠨ ᠬᠥᠮᠦᠨ ᠦ ᠬᠡᠯᠡᠳᠡᠭ ᠦᠭᠡ ᠪᠢᠰᠢ᠂ ᠴᠢᠳᠬᠥᠷ ᠰᠣᠬᠣᠷ ᠲᠤ ᠬᠠᠷᠠᠭ᠎ᠠ ᠣᠷᠣᠭᠤᠯᠵᠤ ᠴᠢᠳᠠᠨ᠎ᠠ ᠤᠤ︖》 ᠭᠡᠯᠴᠡᠪᠡ᠃
 ᠢᠰᠦ᠋ᠰ ᠪᠤᠷᠬᠠᠨ ᠭᠡᠳᠡᠭ ᠢᠶᠡᠨ ᠪᠠᠲᠤᠯᠠᠭᠰᠠᠨ ᠨᠢ

22 ᠶᠧᠷᠦ᠋ᠰᠠᠯᠧᠮ ᠳᠤ ᠠᠷᠢᠭᠤᠨ ᠣᠷᠳᠣᠨ ᠢ ᠰᠢᠨᠡᠳᠬᠡᠭᠰᠡᠨ ᠦ ᠪᠠᠶᠠᠷ ᠪᠣᠯᠵᠤ ᠪᠠᠢᠯ᠎ᠠ᠂ ᠲᠡᠭᠡᠬᠦ ᠳᠦ ᠡᠪᠦᠯ ᠪᠠᠢᠪᠠ᠃ 23 ᠢᠰᠦ᠋ᠰ ᠠᠷᠢᠭᠤᠨ ᠣᠷᠳᠣᠨ ᠤ ᠳᠣᠲᠣᠷᠠᠬᠢ ᠰᠣᠯᠣᠮᠣᠨ ᠤ ᠰᠠᠷᠠᠪᠴᠢ ᠪᠠᠷ ᠶᠠᠪᠤᠵᠤ ᠪᠠᠢᠲᠠᠯ᠎ᠠ 24 ᠶᠦᠳᠠᠢᠴᠤᠳ ᠲᠡᠭᠦᠨ ᠢ ᠬᠦᠷᠢᠶᠡᠯᠡᠨ ᠠᠪᠴᠤ᠄ 《ᠲᠠ ᠬᠡᠵᠢᠶ᠎ᠡ ᠪᠣᠯᠲᠠᠯ᠎ᠠ ᠪᠢᠳᠡᠨ ᠦ ᠲᠣᠯᠣᠭᠠᠢ ᠶᠢ ᠡᠷᠭᠢᠬᠦᠯᠦᠭᠡᠳ ᠪᠠᠢᠬᠤ ᠶᠤᠮ ᠪᠤᠢ︖ ᠬᠡᠷᠪᠡ ᠲᠠ ᠾᠷᠢᠰᠲ᠋ᠣᠰ ᠮᠥᠨ ᠶᠤᠮ ᠪᠣᠯ ᠲᠣᠳᠣᠷᠬᠠᠢ ᠬᠡᠯᠡᠭᠡᠴᠢ》 ᠭᠡᠰᠡᠨ ᠳᠦ᠂ 25 ᠢᠰᠦ᠋ᠰ ᠬᠠᠷᠢᠭᠤ ᠳᠤᠨᠢ᠄ 《ᠪᠢ ᠬᠡᠯᠡᠭᠰᠡᠨ ᠪᠣᠯᠪᠠᠴᠤ ᠲᠠ ᠨᠠᠷ ᠢᠲᠡᠭᠡᠬᠦ ᠦᠭᠡᠢ ᠪᠠᠢᠨ᠎ᠠ᠃ ᠡᠴᠢᠭᠡ ᠶᠢᠨ ᠢᠶᠠᠨ ᠨᠡᠷ᠎ᠡ ᠪᠡᠷ ᠦᠢᠯᠡᠳᠳᠡᠭ ᠠᠵᠢᠯ ᠮᠢᠨᠢ ᠨᠠᠮᠠᠶᠢ ᠭᠡᠷᠡᠴᠢᠯᠡᠳᠡᠭ᠃ 26 ᠲᠡᠢᠮᠦ ᠪᠣᠯᠪᠠᠴᠤ ᠲᠠ ᠨᠠᠷ ᠮᠢᠨᠦ ᠬᠣᠨᠢ ᠪᠢᠰᠢ ᠪᠣᠯᠬᠣᠷ ᠢᠲᠡᠭᠡᠳᠡᠭ ᠦᠭᠡᠢ᠃ 27 ᠮᠢᠨᠦ ᠬᠣᠨᠢᠳ ᠳᠠᠭᠤ ᠶᠢ ᠮᠢᠨᠢ ᠲᠠᠨᠢᠳᠠᠭ᠂ ᠪᠢ ᠴᠤ ᠲᠡᠳᠡᠨ ᠢ ᠲᠠᠨᠢᠳᠠᠭ ᠪᠥᠭᠡᠳ ᠲᠡᠳᠡ ᠨᠠᠮᠠᠶᠢ ᠳᠠᠭᠠᠳᠠᠭ᠃ 28 ᠪᠢ ᠲᠡᠳᠡᠨ ᠳᠦ ᠮᠥᠩᠬᠡ ᠠᠮᠢ ᠶᠢ ᠥᠭᠭᠥᠨ᠎ᠡ᠂ ᠲᠡᠳᠡ ᠬᠡᠵᠢᠶ᠎ᠡ ᠴᠤ ᠶᠡᠷᠦ ᠮᠥᠬᠥᠬᠦ ᠦᠭᠡᠢ ᠪᠥᠭᠡᠳ ᠬᠡᠨ ᠴᠤ ᠲᠡᠳᠡᠨ ᠢ ᠮᠢᠨᠦ ᠭᠠᠷ ᠠᠴᠠ ᠪᠤᠯᠢᠶᠠᠵᠤ ᠴᠢᠳᠠᠬᠤ ᠦᠭᠡᠢ᠃ 29 ᠲᠡᠳᠡᠨ ᠢ ᠨᠠᠳᠠ ᠳᠤ ᠥᠭᠭᠥᠭᠰᠡᠨ ᠮᠢᠨᠦ ᠡᠴᠢᠭᠡ᠂ ᠪᠦᠬᠦᠨ ᠡᠴᠡ ᠠᠭᠤᠤ ᠪᠣᠯᠬᠣᠷ ᠬᠡᠨ ᠴᠤ ᠮᠢᠨᠦ ᠡᠴᠢᠭᠡ ᠶᠢᠨ ᠭᠠᠷ ᠠᠴᠠ ᠲᠡᠳᠡᠨ ᠢ ᠪᠤᠯᠢᠶᠠᠵᠤ ᠴᠢᠳᠠᠬᠤ ᠦᠭᠡᠢ᠃ 30 ᠡᠴᠢᠭᠡ ᠪᠢᠳᠡ ᠬᠣᠶᠠᠷ ᠨᠢᠭᠡ ᠶᠤᠮ》 ᠭᠡᠯ᠎ᠡ᠃

31 ᠶᠦᠳᠠᠢᠴᠤᠳ ᠳᠠᠬᠢᠨ ᠴᠢᠯᠠᠭᠤ ᠰᠢᠭᠦᠷᠴᠦ ᠲᠡᠭᠦᠨ ᠤᠷᠤᠭᠤ ᠰᠢᠳᠡᠬᠦ ᠭᠡᠵᠦ ᠪᠠᠢᠯ᠎ᠠ᠃ 32 ᠢᠰᠦ᠋ᠰ ᠲᠡᠳᠡᠨ ᠳᠦ᠄ 《ᠡᠴᠢᠭᠡ ᠡᠴᠡ ᠢᠷᠡᠯ ᠲᠡᠢ ᠣᠯᠠᠨ ᠰᠠᠢᠨ ᠦᠢᠯᠡ ᠶᠢ ᠪᠢ ᠲᠠ ᠨᠠᠷ ᠲᠤ ᠦᠵᠡᠭᠦᠯᠦᠭᠰᠡᠨ ᠪᠠᠢᠲᠠᠯ᠎ᠠ ᠲᠡᠳᠡᠭᠡᠷ ᠦᠨ ᠠᠯᠢᠨ ᠠᠴᠠ ᠨᠢ ᠪᠣᠯᠵᠤ᠂ ᠨᠠᠳᠠ ᠤᠷᠤᠭᠤ ᠴᠢᠯᠠᠭᠤ ᠰᠢᠳᠡᠨ᠎ᠡ ᠪᠤᠢ︖》 ᠭᠡᠰᠡᠨ ᠳᠦ᠂ 33 ᠶᠦᠳᠠᠢᠴᠤᠳ᠄ 《ᠰᠠᠢᠨ ᠢ ᠦᠢᠯᠡᠳᠦᠭᠰᠡᠨ ᠦ ᠴᠢᠨᠢ ᠤᠴᠢᠷ ᠢᠶᠠᠷ ᠪᠢᠰᠢ᠂ ᠬᠠᠷᠢᠨ ᠪᠤᠷᠬᠠᠨ ᠢ ᠳᠣᠷᠣᠮᠵᠢᠯᠠᠭᠰᠠᠨ ᠤ ᠴᠢᠨᠢ ᠤᠴᠢᠷ ᠢᠶᠠᠷ ᠲᠠᠨ ᠤ ᠤᠷᠤᠭᠤ ᠴᠢᠯᠠᠭᠤ ᠰᠢᠳᠡᠨ᠎ᠡ᠃ ᠲᠠ ᠬᠥᠮᠦᠨ ᠪᠠᠢᠭᠰᠠᠨ ᠬᠢᠷᠢ ᠨᠢ ᠥᠪᠡᠷ ᠢ ᠪᠠᠨ ᠪᠤᠷᠬᠠᠨ ᠭᠡᠵᠦ ᠪᠠᠢᠨ᠎ᠠ》 ᠭᠡᠵᠦ ᠬᠠᠷᠢᠭᠤᠯᠪᠠ᠃ 34 ᠢᠰᠦ᠋ᠰ ᠲᠡᠳᠡᠨ ᠳᠦ᠄ 《ᠬᠠᠤᠯᠢ ᠳᠤ ᠴᠢᠨᠢ᠄ 〈ᠲᠠ ᠨᠠᠷ ᠢ ᠪᠤᠷᠬᠠᠳ ᠭᠡᠵᠦ ᠪᠢ ᠥᠪᠡᠷ ᠢᠶᠡᠨ ᠬᠡᠯᠡᠭᠰᠡᠨ〉 ᠬᠡᠮᠡᠨ ᠪᠢᠴᠢᠭᠳᠡᠭᠰᠡᠨ ᠪᠠᠢᠳᠠᠭ ᠪᠢᠰᠢ ᠤᠤ︖ 35 ᠠᠷᠢᠭᠤᠨ ᠨᠣᠮ ᠪᠣᠯ ᠥᠭᠡᠷᠡᠴᠢᠯᠡᠭᠳᠡᠰᠢ ᠦᠭᠡᠢ᠂ ᠪᠤᠷᠬᠠᠨ ᠤ ᠦᠭᠡ ᠶᠢ ᠬᠦᠯᠢᠶᠡᠨ ᠠᠪᠤᠭᠰᠠᠨ ᠬᠥᠮᠦᠰ ᠢ ᠪᠤᠷᠬᠠᠳ ᠭᠡᠰᠡᠨ ᠠᠲᠠᠯ᠎ᠠ 36 ᠡᠴᠢᠭᠡ ᠶᠢᠨ ᠠᠷᠢᠭᠤᠳᠬᠠᠭᠠᠳ ᠶᠢᠷᠲᠢᠨᠴᠦ ᠳᠦ ᠢᠯᠡᠭᠡᠭᠰᠡᠨ ᠨᠠᠮᠠᠶᠢ 〈ᠪᠤᠷᠬᠠᠨ ᠤ ᠬᠦᠦ ᠮᠥᠨ〉 ᠭᠡᠰᠡᠨ ᠢᠶᠡᠷ ᠮᠢᠨᠢ ᠲᠠ ᠨᠠᠷ 〈ᠪᠤᠷᠬᠠᠨ ᠢ ᠳᠣᠷᠣᠮᠵᠢᠯᠠᠪᠠ〉 ᠭᠡᠵᠦ ᠬᠡᠯᠡᠬᠦ ᠨᠢ ᠤᠤ︖ 37 ᠬᠡᠷᠪᠡ ᠪᠢ ᠡᠴᠢᠭᠡ ᠶᠢᠨ ᠢᠶᠠᠨ ᠠᠵᠢᠯ ᠢ ᠬᠢᠳᠡᠭ ᠦᠭᠡᠢ ᠪᠣᠯ ᠨᠠᠮᠠᠶᠢ ᠪᠦᠦ ᠢᠲᠡᠭᠡ᠃ 38 ᠬᠠᠷᠢᠨ ᠬᠢᠪᠡᠯ ᠲᠠ ᠨᠠᠷ ᠨᠠᠮᠠᠶᠢ ᠢᠲᠡᠭᠡᠳᠡᠭ ᠦᠭᠡᠢ ᠴᠤ ᠭᠡᠰᠡᠨ ᠲᠡᠳᠡᠭᠡᠷ ᠠᠵᠢᠯ ᠢ ᠢᠲᠡᠭᠡᠭᠡᠷᠡᠢ᠃ ᠲᠡᠭᠡᠪᠡᠯ ᠮᠢᠨᠦ ᠳᠣᠲᠣᠷ᠎ᠠ ᠡᠴᠢᠭᠡ ᠪᠠᠢᠭ᠎ᠠ ᠶᠢ᠂ ᠮᠥᠨ ᠡᠴᠢᠭᠡ ᠶᠢᠨ ᠢᠶᠠᠨ ᠳᠣᠲᠣᠷ᠎ᠠ ᠪᠢ ᠪᠠᠢᠭ᠎ᠠ ᠶᠢ ᠲᠠ ᠨᠠᠷ ᠮᠡᠳᠡᠵᠦ ᠣᠢᠯᠠᠭᠠᠨ᠎ᠠ》 ᠭᠡᠵᠦ ᠬᠡᠯᠡᠪᠡ᠃ 39 ᠲᠡᠳᠡ ᠳᠠᠬᠢᠵᠤ ᠢᠰᠦ᠋ᠰ ᠢ ᠪᠠᠷᠢᠪᠴᠢᠯᠠᠶ᠎ᠠ ᠭᠡᠰᠡᠨ ᠪᠣᠯᠪᠠᠴᠤ ᠲᠡᠷᠡ ᠲᠡᠳᠡᠨ ᠦ ᠭᠠᠷ ᠠᠴᠠ ᠵᠠᠢᠯᠠᠪᠠ᠃

40 ᠢᠰᠦ᠋ᠰ ᠳᠠᠬᠢᠨ ᠶᠣᠷᠳᠠᠨ ᠭᠣᠣᠯ ᠤᠨ ᠲᠡᠷᠲᠡᠭᠡ ᠶᠣᠬᠠᠨ ᠤ ᠠᠩᠬ᠎ᠠ ᠤᠬᠢᠶᠠᠯ ᠬᠦᠷᠲᠡᠭᠡᠵᠦ ᠪᠠᠢᠭᠰᠠᠨ ᠭᠠᠵᠠᠷ ᠲᠤ ᠪᠠᠢᠭᠰᠠᠨ ᠳᠤ᠂ 41 ᠣᠯᠠᠨ ᠬᠥᠮᠦᠨ ᠢᠷᠡᠵᠦ᠄ 《ᠶᠣᠬᠠᠨ ᠨᠢᠭᠡ ᠴᠤ ᠰᠢᠳᠢ ᠲᠡᠮᠳᠡᠭ ᠦᠢᠯᠡᠳᠦᠭᠡ ᠦᠭᠡᠢ ᠪᠣᠯᠪᠠᠴᠤ ᠡᠨᠡ ᠬᠥᠮᠦᠨ ᠦ ᠲᠤᠬᠠᠢ ᠬᠡᠯᠡᠭᠰᠡᠨ ᠪᠦᠬᠦᠨ ᠨᠢ ᠦᠨᠡᠨ ᠪᠠᠢᠵᠠᠢ》 ᠭᠡᠯᠴᠡᠵᠦ ᠪᠠᠢᠪᠠ᠃ 42 ᠲᠡᠨᠳᠡ ᠣᠯᠠᠨ ᠬᠥᠮᠦᠨ ᠢᠰᠦ᠋ᠰ ᠢ ᠢᠲᠡᠭᠡᠵᠡᠢ᠃