1 2 3 4 5 6 7 8 9 10 11 12 13 14 15 16 17 18 19 20 21


ᠶᠣᠬᠠᠨ ᠠᠷᠪᠠᠨ ᠲᠠᠪᠤ
 ᠢᠰᠦ᠋ᠰ ᠪᠣᠯ ᠦᠵᠦᠮ ᠦᠨ ᠮᠣᠳᠣ᠂ ᠳᠠᠭᠠᠯᠳᠤᠭᠴᠢᠳ ᠨᠢ ᠮᠥᠴᠢᠷ

1 ᠪᠢ ᠪᠣᠯ ᠵᠢᠩᠬᠢᠨᠢ ᠦᠵᠦᠮ ᠦᠨ ᠮᠣᠳᠣ᠂ ᠮᠢᠨᠦ ᠡᠴᠢᠭᠡ ᠲᠠᠷᠢᠶᠠᠯᠠᠭᠴᠢ ᠪᠢᠯᠡ᠃ 2 ᠮᠢᠨᠦ ᠳᠣᠲᠣᠷ᠎ᠠ ᠪᠠᠢᠭ᠎ᠠ ᠮᠥᠴᠢᠷ ᠤᠳ ᠠᠴᠠ ᠵᠢᠮᠢᠰ ᠰᠠᠭᠤᠳᠠᠭ ᠦᠭᠡᠢ ᠪᠣᠯᠭᠠᠨ ᠢ ᠨᠢ ᠲᠡᠷᠡ ᠲᠠᠰᠤᠯᠤᠨ ᠠᠪᠴᠤ ᠵᠢᠮᠢᠰ ᠰᠠᠭᠤᠳᠠᠭ ᠢ ᠨᠢ ᠤᠯᠠᠮ ᠶᠡᠬᠡ ᠵᠢᠮᠢᠰ ᠲᠠᠢ ᠪᠣᠯᠭᠠᠬᠤ ᠪᠠᠷ ᠳᠣᠳᠣᠮᠳᠠᠵᠤ ᠴᠡᠪᠡᠷᠯᠡᠨ᠎ᠡ᠃ 3 ᠮᠢᠨᠦ ᠬᠡᠯᠡᠭᠰᠡᠨ ᠦᠭᠡᠨ ᠡᠴᠡ ᠪᠣᠯᠵᠤ ᠲᠠ ᠨᠠᠷ ᠨᠢᠭᠡᠨᠲᠡ ᠴᠡᠪᠡᠷ ᠪᠣᠯᠣᠭᠰᠠᠨ᠃ 4 ᠮᠢᠨᠦ ᠳᠣᠲᠣᠷ᠎ᠠ ᠣᠷᠣᠰᠢᠭᠲᠤᠨ᠂ ᠪᠢ ᠴᠤ ᠲᠠ ᠨᠠᠷ ᠤᠨ ᠳᠣᠲᠣᠷ᠎ᠠ ᠣᠷᠣᠰᠢᠶ᠎ᠠ᠃ ᠮᠥᠴᠢᠷ ᠨᠢ ᠦᠵᠦᠮ ᠦᠨ ᠮᠣᠳᠣᠨ ᠳᠠᠭᠠᠨ ᠣᠷᠣᠰᠢᠬᠤ ᠦᠭᠡᠢ ᠪᠣᠯ ᠥᠪᠡᠷ ᠢᠶᠡᠨ ᠵᠢᠮᠢᠰ ᠰᠠᠭᠤᠯᠭᠠᠵᠤ ᠴᠢᠳᠠᠬᠤ ᠦᠭᠡᠢ ᠶᠢᠨ ᠠᠳᠠᠯᠢ᠂ ᠬᠡᠷᠪᠡ ᠲᠠ ᠨᠠᠷ ᠮᠢᠨᠦ ᠳᠣᠲᠣᠷ᠎ᠠ ᠣᠷᠣᠰᠢᠬᠤ ᠦᠭᠡᠢ ᠪᠣᠯ ᠮᠥᠨ ᠡᠢᠮᠦ ᠪᠣᠯᠣᠨ᠎ᠠ᠃ 5 ᠪᠢ ᠪᠣᠯ ᠦᠵᠦᠮ ᠦᠨ ᠮᠣᠳᠣ᠂ ᠲᠠ ᠨᠠᠷ ᠪᠣᠯ ᠮᠥᠴᠢᠷ ᠤᠳ ᠮᠥᠨ᠃ ᠬᠥᠮᠦᠨ ᠮᠢᠨᠦ ᠳᠣᠲᠣᠷ᠎ᠠ ᠣᠷᠣᠰᠢᠵᠤ᠂ ᠪᠢ ᠮᠥᠨ ᠲᠡᠭᠦᠨ ᠦ ᠳᠣᠲᠣᠷ᠎ᠠ ᠣᠷᠣᠰᠢᠪᠠᠯ ᠲᠡᠷᠡ ᠬᠥᠮᠦᠨ ᠶᠡᠬᠡ ᠵᠢᠮᠢᠰ ᠲᠠᠢ ᠪᠣᠯᠣᠨ᠎ᠠ᠃ ᠲᠠ ᠨᠠᠷ ᠨᠠᠳᠠ ᠠᠴᠠ ᠰᠠᠯᠪᠠᠯ ᠶᠠᠭᠤ ᠴᠤ ᠬᠢᠵᠦ ᠴᠢᠳᠠᠬᠤ ᠦᠭᠡᠢ᠃ 6 ᠬᠡᠷᠪᠡ ᠬᠥᠮᠦᠨ ᠮᠢᠨᠦ ᠳᠣᠲᠣᠷ᠎ᠠ ᠣᠷᠣᠰᠢᠬᠤ ᠦᠭᠡᠢ ᠪᠣᠯ ᠭᠠᠳᠠᠭᠰᠢ ᠪᠠᠨ ᠬᠠᠶᠠᠭᠳᠠᠵᠤ ᠬᠤᠪᠠᠬᠠᠢᠷᠠᠭᠰᠠᠨ ᠮᠥᠴᠢᠷ ᠮᠡᠲᠦ ᠪᠣᠯᠣᠨ᠎ᠠ᠃ ᠬᠥᠮᠦᠰ ᠲᠡᠷᠡ ᠮᠥᠴᠢᠷ ᠤᠳ ᠢ ᠲᠡᠭᠦᠵᠦ ᠭᠠᠯ ᠳᠤ ᠬᠠᠶᠠᠵᠤ ᠲᠦᠯᠡᠨ᠎ᠡ᠃ 7 ᠬᠡᠷᠪᠡ ᠲᠠ ᠨᠠᠷ ᠮᠢᠨᠦ ᠳᠣᠲᠣᠷ᠎ᠠ ᠣᠷᠣᠰᠢᠵᠤ᠂ ᠮᠢᠨᠦ ᠦᠭᠡᠰ ᠴᠤ ᠲᠠ ᠨᠠᠷ ᠤᠨ ᠳᠣᠲᠣᠷ᠎ᠠ ᠣᠷᠣᠰᠢᠪᠠᠯ ᠲᠠ ᠨᠠᠷ ᠶᠠᠭᠤ ᠬᠦᠰᠡᠭᠰᠡᠨ ᠢᠶᠡᠨ ᠭᠤᠶᠤᠭᠲᠤᠨ᠃ ᠲᠡᠭᠡᠪᠡᠯ ᠲᠡᠷᠡ ᠨᠢ ᠲᠠ ᠨᠠᠷ ᠲᠤ ᠪᠡᠶᠡᠯᠡᠭᠳᠡᠬᠦ ᠪᠣᠯᠣᠨ᠎ᠠ᠃ 8 ᠲᠠ ᠨᠠᠷ ᠵᠢᠮᠢᠰ ᠶᠡᠬᠡ ᠰᠠᠭᠤᠯᠭᠠᠵᠤ ᠮᠢᠨᠦ ᠱᠠᠪᠢ ᠨᠠᠷ ᠪᠣᠯᠪᠠᠯ ᠡᠭᠦᠨ ᠢᠶᠡᠷ ᠡᠴᠢᠭᠡ ᠮᠢᠨᠢ ᠠᠯᠳᠠᠷᠰᠢᠨ᠎ᠠ᠃ 9 ᠡᠴᠢᠭᠡ ᠨᠠᠮᠠᠶᠢ ᠬᠠᠢᠷᠠᠯᠠᠳᠠᠭ ᠰᠢᠭ᠋ ᠪᠢ ᠪᠠᠰᠠ ᠲᠠ ᠨᠠᠷ ᠢ ᠬᠠᠢᠷᠠᠯᠠᠳᠠᠭ᠃ ᠮᠢᠨᠦ ᠬᠠᠢᠷ᠎ᠠ ᠶᠢᠨ ᠳᠣᠲᠣᠷ᠎ᠠ ᠣᠷᠣᠰᠢᠭᠲᠤᠨ᠃ 10 ᠪᠢ ᠡᠴᠢᠭᠡ ᠶᠢᠨ ᠢᠶᠠᠨ ᠵᠠᠷᠯᠢᠭ ᠢ ᠰᠠᠬᠢᠵᠤ᠂ ᠲᠡᠭᠦᠨ ᠦ ᠬᠠᠢᠷ᠎ᠠ ᠶᠢᠨ ᠳᠣᠲᠣᠷ᠎ᠠ ᠣᠷᠣᠰᠢᠳᠠᠭ ᠤᠨ ᠠᠳᠠᠯᠢ᠂ ᠲᠠ ᠨᠠᠷ ᠴᠤ ᠮᠢᠨᠦ ᠵᠠᠷᠯᠢᠭ ᠢ ᠰᠠᠬᠢᠪᠠᠯ ᠮᠢᠨᠦ ᠬᠠᠢᠷ᠎ᠠ ᠳᠣᠲᠣᠷ᠎ᠠ ᠣᠷᠣᠰᠢᠬᠤ ᠪᠣᠯᠣᠨ᠎ᠠ᠃ 11 ᠮᠢᠨᠦ ᠪᠠᠶᠠᠷ ᠪᠠᠶᠠᠰᠬᠤᠯᠠᠩ ᠢ ᠲᠠ ᠨᠠᠷ ᠤᠨ ᠳᠣᠲᠣᠷ᠎ᠠ ᠪᠠᠢᠯᠭᠠᠵᠤ᠂ ᠲᠠ ᠨᠠᠷ ᠤᠨ ᠪᠠᠶᠠᠷ ᠪᠠᠶᠠᠰᠬᠤᠯᠠᠩ ᠢ ᠲᠡᠭᠦᠯᠳᠡᠷ ᠪᠣᠯᠭᠠᠬᠤ ᠶᠢᠨ ᠲᠤᠯᠠᠳᠠ ᠡᠳᠡᠭᠡᠷ ᠢ ᠲᠠ ᠨᠠᠷ ᠲᠤ ᠬᠡᠯᠡᠪᠡ᠃

12 ᠲᠠ ᠨᠠᠷ ᠢ ᠬᠠᠢᠷᠠᠯᠠᠳᠠᠭ ᠲᠠᠢ ᠮᠢᠨᠢ ᠠᠳᠠᠯᠢ ᠲᠠ ᠨᠠᠷ ᠨᠢᠭᠡ ᠨᠢᠭᠡ ᠪᠡᠨ ᠬᠠᠢᠷᠠᠯᠠᠭᠲᠤᠨ᠂ ᠡᠨᠡ ᠪᠣᠯ ᠮᠢᠨᠦ ᠵᠠᠷᠯᠢᠭ᠃ 13 ᠨᠥᠬᠥᠳ ᠦᠨ ᠢᠶᠠᠨ ᠲᠥᠯᠥᠭᠡ ᠠᠮᠢ ᠪᠠᠨ ᠵᠣᠷᠢᠭᠤᠯᠬᠤ ᠠᠴᠠ ᠠᠭᠤᠤ ᠬᠠᠢᠷ᠎ᠠ ᠬᠡᠨ ᠳᠦ ᠴᠤ ᠪᠠᠢᠬᠤ ᠦᠭᠡᠢ᠃ 14 ᠬᠡᠷᠪᠡ ᠲᠠ ᠨᠠᠷ ᠮᠢᠨᠦ ᠵᠠᠷᠯᠢᠭ ᠢᠶᠠᠷ ᠬᠢᠳᠡᠭ ᠪᠣᠯ ᠮᠢᠨᠦ ᠨᠥᠬᠥᠳ ᠮᠥᠨ᠃ 15 ᠡᠭᠦᠨ ᠡᠴᠡ ᠬᠣᠢᠰᠢ ᠪᠢ ᠲᠠ ᠨᠠᠷ ᠢ ᠵᠠᠷᠤᠴᠠ ᠭᠡᠵᠦ ᠳᠠᠭᠤᠳᠠᠬᠤ ᠦᠭᠡᠢ᠃ ᠤᠴᠢᠷ ᠨᠢ ᠡᠵᠡᠨ ᠦ ᠪᠠᠨ ᠶᠠᠭᠤ ᠬᠢᠵᠦ ᠪᠠᠢᠭ᠎ᠠ ᠶᠢ ᠵᠠᠷᠤᠴᠠ ᠮᠡᠳᠡᠳᠡᠭ ᠦᠭᠡᠢ ᠶᠤᠮ᠃ ᠪᠢ ᠲᠠ ᠨᠠᠷ ᠢ ᠨᠥᠬᠥᠳ ᠭᠡᠵᠦ ᠳᠠᠭᠤᠳᠠᠯ᠎ᠠ᠃ ᠶᠠᠭᠤ ᠭᠡᠪᠡᠯ᠂ ᠪᠢ ᠡᠴᠢᠭᠡ ᠡᠴᠡ ᠪᠡᠨ ᠰᠣᠨᠣᠰᠣᠭᠰᠠᠨ ᠪᠦᠬᠦᠨ ᠢᠶᠡᠨ ᠲᠠ ᠨᠠᠷ ᠲᠤ ᠮᠡᠳᠡᠭᠦᠯᠦᠭᠰᠡᠨ ᠪᠢᠯᠡ᠃ 16 ᠲᠠ ᠨᠠᠷ ᠨᠠᠮᠠᠶᠢ ᠰᠣᠩ᠋ᠭᠣᠭ᠎ᠠ ᠦᠭᠡᠢ᠂ ᠬᠠᠷᠢᠨ ᠪᠢ ᠲᠠ ᠨᠠᠷ ᠢ ᠰᠣᠩ᠋ᠭᠣᠵᠤ ᠲᠣᠮᠢᠯᠠᠭᠰᠠᠨ᠃ ᠡᠨᠡ ᠪᠣᠯ ᠲᠠ ᠨᠠᠷ ᠶᠠᠪᠤᠵᠤ ᠵᠢᠮᠢᠰ ᠰᠠᠭᠤᠯᠭᠠᠨ᠂ ᠦᠷᠭᠦᠯᠵᠢ ᠵᠢᠮᠢᠰ ᠲᠠᠢ ᠪᠠᠢᠬᠤ ᠪᠠ ᠮᠢᠨᠦ ᠨᠡᠷ᠎ᠡ ᠪᠡᠷ ᠡᠴᠢᠭᠡ ᠡᠴᠡ ᠶᠠᠭᠤ ᠭᠤᠶᠤᠭᠰᠠᠨ ᠴᠤ ᠣᠯᠬᠤ ᠶᠢᠨ ᠲᠤᠯᠠᠳᠠ ᠶᠤᠮ᠃ 17 ᠨᠢᠭᠡ ᠨᠢᠭᠡ ᠪᠡᠨ ᠬᠠᠢᠷᠠᠯᠠᠭᠲᠤᠨ᠃ ᠡᠨᠡ ᠪᠣᠯ ᠮᠢᠨᠦ ᠵᠠᠷᠯᠢᠭ᠃
 ᠱᠠᠪᠢ ᠨᠠᠷ ᠤᠨ ᠶᠢᠷᠲᠢᠨᠴᠦ ᠯᠦᠭᠡ ᠶᠢᠨ ᠬᠠᠷᠢᠯᠴᠠᠭ᠎ᠠ

18 ᠶᠢᠷᠲᠢᠨᠴᠦ ᠲᠠ ᠨᠠᠷ ᠢ ᠵᠠᠨᠤᠪᠠᠯ᠂ ᠲᠠ ᠨᠠᠷ ᠠᠴᠠ ᠡᠮᠦᠨ᠎ᠡ ᠨᠠᠮᠠᠶᠢ ᠵᠠᠨᠤᠭᠰᠠᠨ ᠢ ᠮᠡᠳᠡᠭᠲᠦᠨ᠃ 19 ᠲᠠ ᠨᠠᠷ ᠶᠢᠷᠲᠢᠨᠴᠦ ᠶᠢᠨ ᠬᠢ ᠪᠠᠢᠭᠰᠠᠨ ᠪᠣᠯ᠂ ᠶᠢᠷᠲᠢᠨᠴᠦ ᠥᠪᠡᠷ ᠦᠨ ᠬᠢ ᠪᠠᠨ ᠭᠡᠵᠦ ᠬᠠᠢᠷᠠᠯᠠᠬᠤ ᠪᠠᠢᠭᠰᠠᠨ᠃ ᠲᠠ ᠨᠠᠷ ᠶᠢᠷᠲᠢᠨᠴᠦ ᠶᠢᠨ ᠬᠢ ᠪᠢᠰᠢ᠂ ᠬᠠᠷᠢᠨ ᠪᠢ ᠶᠢᠷᠲᠢᠨᠴᠦ ᠡᠴᠡ ᠲᠠ ᠨᠠᠷ ᠢ ᠰᠣᠩ᠋ᠭᠣᠭᠰᠠᠨ ᠲᠤᠯᠠ ᠶᠢᠷᠲᠢᠨᠴᠦ ᠲᠠ ᠨᠠᠷ ᠢ ᠵᠠᠨᠤᠳᠠᠭ᠃ 20 〈ᠪᠣᠭᠣᠯ ᠨᠢ ᠡᠵᠡᠨ ᠡᠴᠡ ᠪᠡᠨ ᠠᠭᠤᠤ ᠪᠠᠢᠳᠠᠭ ᠦᠭᠡᠢ〉 ᠭᠡᠵᠦ ᠲᠠ ᠨᠠᠷ ᠲᠤ ᠬᠡᠯᠡᠭᠰᠡᠨ ᠢ ᠮᠢᠨᠢ ᠰᠠᠨᠠᠭᠲᠤᠨ᠃ ᠲᠡᠳᠡ ᠨᠠᠮᠠᠶᠢ ᠬᠢᠬᠠᠭᠰᠠᠨ ᠪᠣᠯ᠂ ᠲᠠ ᠨᠠᠷ ᠢ ᠴᠤ ᠬᠢᠬᠠᠬᠤ ᠪᠥᠭᠡᠳ ᠲᠡᠳᠡ ᠮᠢᠨᠦ ᠦᠭᠡ ᠶᠢ ᠰᠠᠬᠢᠭᠰᠠᠨ ᠪᠣᠯ᠂ ᠲᠠ ᠨᠠᠷ ᠤᠨ ᠦᠭᠡ ᠶᠢ ᠴᠤ ᠰᠠᠬᠢᠬᠤ ᠪᠣᠯᠣᠨ᠎ᠠ᠃ 21 ᠭᠡᠪᠡᠴᠦ ᠲᠡᠳᠡ ᠮᠢᠨᠦ ᠨᠡᠷ᠎ᠡ ᠡᠴᠡ ᠪᠣᠯᠵᠤ ᠡᠨᠡ ᠪᠦᠬᠦᠨ ᠢᠶᠡᠷ ᠲᠠ ᠨᠠᠷ ᠲᠤ ᠬᠠᠨᠳᠤᠬᠤ ᠪᠣᠯᠣᠨ᠎ᠠ᠃ ᠤᠴᠢᠷ ᠨᠢ ᠲᠡᠳᠡ ᠨᠠᠮᠠᠶᠢ ᠢᠯᠡᠭᠡᠭᠴᠢ ᠶᠢ ᠲᠠᠨᠢᠳᠠᠭ ᠦᠭᠡᠢ᠃ 22 ᠪᠢ ᠢᠷᠡᠵᠦ᠂ ᠲᠡᠳᠡᠨ ᠳᠦ ᠬᠡᠯᠡᠭᠡ ᠦᠭᠡᠢ ᠪᠣᠯ ᠲᠡᠳᠡ ᠨᠢᠭᠦᠯ ᠦᠭᠡᠢ ᠪᠠᠢᠬᠤ ᠪᠠᠢᠭᠰᠠᠨ᠃ ᠭᠡᠪᠡᠴᠦ ᠣᠳᠣ ᠲᠡᠳᠡ ᠨᠢᠭᠦᠯ ᠳᠡᠭᠡᠨ ᠰᠢᠯᠲᠠᠭ ᠣᠯᠬᠤ ᠦᠭᠡᠢ ᠪᠣᠯᠣᠯ᠎ᠠ᠃ 23 ᠨᠠᠮᠠᠶᠢ ᠵᠠᠨᠤᠳᠠᠭ ᠬᠥᠮᠦᠨ ᠮᠢᠨᠦ ᠡᠴᠢᠭᠡ ᠶᠢ ᠴᠤ ᠵᠠᠨᠤᠳᠠᠭ᠃ 24 ᠪᠤᠰᠤᠳ ᠤᠨ ᠬᠢᠭᠡ ᠦᠭᠡᠢ ᠠᠵᠢᠯ ᠢ ᠪᠢ ᠲᠡᠳᠡᠨ ᠦ ᠳᠤᠮᠳᠠ ᠬᠢᠭᠡ ᠦᠭᠡᠢ ᠪᠣᠯ ᠲᠡᠳᠡ ᠨᠢᠭᠦᠯ ᠦᠭᠡᠢ ᠪᠠᠢᠬᠤ ᠪᠠᠢᠭᠰᠠᠨ᠃ ᠬᠠᠷᠢᠨ ᠣᠳᠣ ᠲᠡᠳᠡ ᠨᠠᠮᠠᠶᠢ ᠪᠣᠯᠣᠨ ᠡᠴᠢᠭᠡ ᠶᠢ ᠮᠢᠨᠢ ᠬᠠᠷᠠᠭᠰᠠᠨ ᠪᠣᠯᠪᠠᠴᠤ ᠪᠢᠳᠡ ᠬᠣᠶᠠᠭᠤᠯᠠ ᠶᠢ ᠵᠠᠨᠤᠭᠰᠠᠨ ᠪᠠᠢᠨ᠎ᠠ᠃ 25 〈ᠲᠡᠳᠡ ᠰᠢᠯᠲᠠᠭᠠᠨ ᠦᠭᠡᠢ ᠪᠠᠷ ᠨᠠᠮᠠᠶᠢ ᠦᠵᠡᠨ ᠶᠠᠳᠠᠭᠰᠠᠨ〉 ᠭᠡᠵᠦ ᠲᠡᠳᠡᠨ ᠦ ᠬᠠᠤᠯᠢ ᠳᠤ ᠪᠢᠴᠢᠭᠳᠡᠭᠰᠡᠨ ᠦᠭᠡ ᠲᠡᠢᠨ ᠬᠦ ᠪᠡᠶᠡᠯᠡᠭᠳᠡᠭᠰᠡᠨ ᠶᠤᠮ᠃

26 ᠪᠢ ᠡᠴᠢᠭᠡ ᠡᠴᠡ ᠪᠡᠨ ᠲᠠ ᠨᠠᠷ ᠤᠷᠤᠭᠤ ᠲᠤᠰᠠᠯᠠᠭᠴᠢ᠂ ᠥᠭᠡᠷ᠎ᠡ ᠪᠡᠷ ᠬᠡᠯᠡᠪᠡᠯ᠂ ᠡᠴᠢᠭᠡ ᠡᠴᠡ ᠭᠠᠷᠬᠤ ᠦᠨᠡᠨ ᠦ ᠰᠦᠨᠡᠰᠦ ᠶᠢ ᠢᠯᠡᠭᠡᠨ᠎ᠡ᠃ ᠲᠡᠷᠡ ᠢᠷᠡᠭᠡᠳ ᠮᠢᠨᠦ ᠲᠤᠬᠠᠢ ᠭᠡᠷᠡᠴᠢᠯᠡᠨ᠎ᠡ᠃ 27 ᠲᠠ ᠨᠠᠷ ᠡᠬᠢᠨ ᠡᠴᠡ ᠪᠡᠨ ᠨᠠᠳᠠ ᠲᠠᠢ ᠬᠠᠮᠲᠤ ᠪᠠᠢᠭᠰᠠᠨ ᠲᠤᠯᠠ ᠲᠠ ᠨᠠᠷ ᠴᠤ ᠭᠡᠷᠡᠴᠢᠯᠡᠬᠦ ᠶᠣᠰᠣᠲᠠᠢ᠃