ᠶᠣᠬᠠᠨ ᠬᠣᠷᠢᠨ ᠨᠢᠭᠡ
ᠳᠣᠯᠣᠭᠠᠨ ᠱᠠᠪᠢ ᠳᠠᠭᠠᠨ ᠦᠵᠡᠭᠳᠡᠭᠰᠡᠨ ᠨᠢ
1 ᠲᠡᠭᠦᠨ ᠡᠴᠡ ᠬᠣᠢᠰᠢ᠂ ᠢᠰᠦ᠋ᠰ ᠲᠢᠪᠧᠷ ᠲᠠᠩᠭᠢᠰ 25 ᠤᠨ ᠬᠥᠪᠡᠭᠡᠨ ᠳᠦ ᠥᠪᠡᠷ ᠢ ᠪᠠᠨ ᠱᠠᠪᠢ ᠨᠠᠷ ᠲᠠᠭᠠᠨ ᠳᠠᠬᠢᠨ ᠬᠠᠷᠠᠭᠤᠯᠵᠠᠢ᠃ ᠲᠡᠷᠡ ᠥᠪᠡᠷ ᠢ ᠪᠠᠨ ᠡᠢᠨ ᠬᠦ ᠬᠠᠷᠠᠭᠤᠯᠪᠠ᠄ 2 ᠰᠢᠮᠣᠨ ᠫᠧᠲ᠋ᠧᠷ᠂ ᠢᠬᠡᠷ᠎ᠡ ᠭᠡᠭᠳᠡᠳᠡᠭ ᠲᠣᠮᠠ᠂ ᠭᠠᠯᠢᠯᠠᠶ᠎ᠠ ᠶᠢᠨ ᠺᠠᠨᠠ ᠳᠠᠬᠢ ᠨᠠᠲ᠋ᠠᠨᠠᠶᠧᠯ᠂ ᠽᠧᠪᠧᠳᠠᠢ ᠶᠢᠨ ᠬᠥᠪᠡᠭᠦᠳ᠂ ᠪᠠᠰᠠ ᠥᠭᠡᠷ᠎ᠡ ᠬᠣᠶᠠᠷ ᠱᠠᠪᠢ ᠨᠢ ᠬᠠᠮᠲᠤ ᠪᠠᠢᠯᠴᠠᠵᠤ ᠪᠠᠢᠬᠤ ᠳᠤ᠂ 3 ᠰᠢᠮᠣᠨ ᠫᠧᠲ᠋ᠧᠷ ᠲᠡᠳᠡᠨ ᠳᠦ᠄ 《ᠪᠢ ᠵᠢᠭᠠᠰᠤ ᠪᠠᠷᠢᠬᠤ ᠪᠠᠷ ᠶᠠᠪᠤᠯ᠎ᠠ》 ᠭᠡᠬᠦ ᠳᠦ᠂ ᠲᠡᠳᠡ᠄ 《ᠪᠢᠳᠡ ᠴᠤ ᠴᠢᠮ᠎ᠠ ᠲᠠᠢ ᠬᠠᠮᠲᠤ ᠶᠠᠪᠤᠶ᠎ᠠ》 ᠭᠡᠳ ᠭᠠᠷᠴᠤ ᠵᠠᠪᠢᠨ ᠳᠤ ᠰᠠᠭᠤᠪᠠ᠃ ᠬᠠᠷᠢᠨ ᠲᠡᠷᠡ ᠰᠥᠨᠢ ᠲᠡᠳᠡ ᠶᠠᠭᠤ ᠴᠤ ᠣᠯᠵᠤ ᠪᠠᠷᠢᠭᠰᠠᠨ ᠦᠭᠡᠢ᠃
4 ᠦᠷ ᠴᠠᠢᠬᠤ ᠦᠶ᠎ᠡ ᠳᠦ᠂ ᠢᠰᠦ᠋ᠰ ᠬᠥᠪᠡᠭᠡᠨ ᠳᠡᠭᠡᠷ᠎ᠡ ᠵᠣᠭᠰᠣᠵᠤ ᠪᠠᠢᠭᠰᠠᠨ ᠪᠣᠯᠪᠠᠴᠤ ᠱᠠᠪᠢ ᠨᠠᠷ ᠨᠢ ᠲᠡᠭᠦᠨ ᠢ ᠢᠰᠦ᠋ᠰ ᠭᠡᠵᠦ ᠲᠠᠨᠢᠭᠰᠠᠨ ᠦᠭᠡᠢ᠃ 5 ᠢᠰᠦ᠋ᠰ ᠲᠡᠳᠡᠨ ᠳᠦ᠄ 《ᠬᠡᠦᠬᠡᠳ ᠤᠳ ᠡ᠂ ᠲᠠ ᠨᠠᠷ ᠲᠤ ᠵᠢᠭᠠᠰᠤ ᠪᠤᠢ ᠤᠤ︖》 ᠭᠡᠬᠦ ᠳᠦ᠂ ᠲᠡᠳᠡ᠄ 《ᠠᠯᠠᠭ᠎ᠠ》 ᠭᠡᠯᠡ᠃ 6 ᠢᠰᠦ᠋ᠰ᠄ 《ᠲᠠ ᠨᠠᠷ ᠵᠠᠪᠢ ᠶᠢᠨ ᠢᠶᠠᠨ ᠪᠠᠷᠠᠭᠤᠨ ᠲᠠᠯ᠎ᠠ ᠪᠠᠷ ᠲᠣᠣᠷ ᠢᠶᠠᠨ ᠬᠠᠶᠠ᠂ ᠲᠡᠭᠡᠪᠡᠯ ᠣᠯᠣᠨ᠎ᠠ》 ᠭᠡᠬᠦ ᠳᠦ᠂ ᠲᠡᠳᠡ ᠲᠣᠣᠷ ᠢᠶᠠᠨ ᠲᠡᠰᠢ ᠨᠢ ᠬᠠᠶᠠᠭᠰᠠᠨ ᠳᠤ᠂ ᠵᠢᠭᠠᠰᠤ ᠶᠡᠬᠡ ᠣᠷᠣᠭᠰᠠᠨ ᠲᠤᠯᠠ ᠲᠣᠣᠷ ᠢᠶᠠᠨ ᠴᠤ ᠲᠠᠲᠠᠵᠤ ᠶᠠᠳᠠᠪᠠ᠃ 7 ᠲᠡᠭᠡᠲᠡᠯ᠎ᠡ ᠢᠰᠦ᠋ᠰ ᠤᠨ ᠬᠠᠢᠷᠠᠲᠠᠢ ᠲᠡᠷᠡ ᠱᠠᠪᠢ ᠫᠧᠲ᠋ᠧᠷ ᠲᠤ᠄ 《ᠡᠵᠡᠨ ᠪᠠᠢᠨ᠎ᠠ︕》 ᠭᠡᠯᠡ᠃ 《ᠡᠵᠡᠨ ᠪᠠᠢᠨ᠎ᠠ︕》 ᠭᠡᠬᠦ ᠶᠢ ᠰᠢᠮᠣᠨ ᠫᠧᠲ᠋ᠧᠷ ᠰᠣᠨᠣᠰᠣᠮᠠᠭᠴᠠ ᠭᠠᠳᠠᠷ ᠬᠤᠪᠴᠠᠰᠤ ᠪᠠᠨ ᠡᠮᠦᠰᠴᠦ᠂ (ᠲᠤᠬᠠᠢ ᠶᠢᠨ ᠦᠶ᠎ᠡ ᠳᠦ ᠲᠡᠷᠡ ᠨᠢᠴᠦᠭᠦᠨ ᠪᠠᠢᠪᠠ᠃) ᠲᠠᠩᠭᠢᠰ ᠲᠤ ᠦᠰᠦᠷᠦᠨ ᠣᠷᠣᠪᠠ᠃ 8 ᠪᠤᠰᠤᠳ ᠱᠠᠪᠢ ᠨᠠᠷ ᠨᠢ ᠵᠠᠪᠢᠨ ᠳᠠᠭᠠᠨ ᠰᠠᠭᠤᠭᠰᠠᠭᠠᠷ ᠵᠢᠭᠠᠰᠤ ᠲᠠᠢ ᠲᠣᠣᠷ ᠢᠶᠠᠨ ᠴᠢᠷᠦᠨ ᠳᠠᠭᠠᠵᠤ ᠢᠷᠡᠯ᠎ᠡ᠃ ᠲᠡᠳᠡ ᠬᠥᠪᠡᠭᠡᠨ ᠡᠴᠡ ᠬᠣᠯᠠ ᠦᠭᠡᠢ᠂ ᠶᠡᠷᠡᠭᠡᠳ ᠮᠧᠲ᠋ᠷ ᠵᠠᠢᠲᠠᠢ ᠪᠠᠢᠵᠠᠢ᠃
9 ᠲᠡᠳᠡ ᠬᠥᠪᠡᠭᠡᠨ ᠳᠡᠭᠡᠷ᠎ᠡ ᠭᠠᠷᠤᠭᠠᠳ ᠮᠣᠳᠣᠨ ᠨᠡᠭᠦᠷᠡᠰᠦᠨ ᠦ ᠭᠠᠯ ᠳᠡᠭᠡᠷ᠎ᠡ ᠲᠠᠯᠪᠢᠭᠠᠰᠤᠲᠠᠢ ᠵᠢᠭᠠᠰᠤ ᠪᠠ ᠪᠣᠣᠪᠣ ᠶᠢ ᠬᠠᠷᠠᠪᠠ᠃ 10 ᠢᠰᠦ᠋ᠰ ᠲᠡᠳᠡᠨ ᠳᠦ᠄ 《ᠰᠠᠶ᠋ᠢ ᠶᠢᠨ ᠪᠠᠷᠢᠭᠰᠠᠨ ᠵᠢᠭᠠᠰᠤ ᠠᠴᠠ ᠪᠠᠨ ᠠᠪᠤᠭᠠᠳ ᠢᠷ᠎ᠡ》 ᠭᠡᠰᠡᠨ ᠳᠦ᠂ 11 ᠰᠢᠮᠣᠨ ᠫᠧᠲ᠋ᠧᠷ ᠵᠠᠪᠢᠨ ᠳᠠᠭᠠᠨ ᠭᠠᠷᠴᠤ᠂ ᠲᠣᠣᠷ ᠢᠶᠠᠨ ᠬᠥᠪᠡᠭᠡᠨ ᠳᠡᠭᠡᠷ᠎ᠡ ᠲᠠᠲᠠᠵᠤ ᠭᠠᠷᠭᠠᠪᠠ᠃ ᠲᠡᠷᠡ ᠲᠣᠣᠷ ᠲᠤᠨᠢ ᠲᠣᠮᠣ ᠵᠢᠭᠠᠰᠤ ᠪᠠᠷ ᠳᠦᠭᠦᠷᠡᠩ ᠪᠠᠢᠪᠠ᠃ ᠪᠦᠭᠦᠳᠡ ᠵᠠᠭᠤ ᠲᠠᠪᠢᠨ ᠭᠤᠷᠪᠠᠨ ᠵᠢᠭᠠᠰᠤ ᠪᠠᠢᠭᠰᠠᠨ ᠪᠥᠭᠡᠳ ᠲᠡᠢᠮᠦ ᠠᠷᠪᠢᠨ ᠵᠢᠭᠠᠰᠤ ᠪᠠᠢᠭᠰᠠᠨ ᠪᠣᠯᠪᠠᠴᠤ ᠲᠣᠣᠷ ᠨᠢ ᠤᠷᠠᠭᠳᠠᠭᠰᠠᠨ ᠦᠭᠡᠢ ᠪᠠᠢᠯ᠎ᠠ᠃ 12 ᠢᠰᠦ᠋ᠰ ᠲᠡᠳᠡᠨ ᠳᠦ᠄ 《ᠨᠠᠰᠢ ᠢᠷᠡᠵᠦ ᠥᠷᠯᠥᠭᠡ ᠶᠢᠨ ᠬᠣᠭᠣᠯᠠ ᠪᠠᠨ ᠢᠳᠡᠵᠡᠭᠡ》 ᠭᠡᠬᠦ ᠳᠦ᠂ ᠲᠡᠭᠦᠨ ᠢ ᠡᠵᠡᠨ ᠮᠥᠨ ᠭᠡᠵᠦ ᠱᠠᠪᠢ ᠨᠠᠷ ᠨᠢ ᠮᠡᠳᠡᠭᠰᠡᠨ ᠤᠴᠢᠷ ᠠᠴᠠ ᠬᠡᠨ ᠨᠢ ᠴᠤ᠄ 《ᠲᠠ ᠬᠡᠨ ᠪᠤᠢ︖》 ᠭᠡᠵᠦ ᠵᠢᠷᠦᠬᠡᠯᠡᠵᠦ ᠠᠰᠠᠭᠤᠭᠰᠠᠨ ᠦᠭᠡᠢ᠃ 13 ᠢᠰᠦ᠋ᠰ ᠳᠥᠭᠥᠵᠦ ᠪᠣᠣᠪᠣ ᠠᠴᠠ ᠠᠪᠴᠤ ᠲᠡᠳᠡᠨ ᠳᠦ ᠥᠭᠪᠡ᠃ ᠵᠢᠭᠠᠰᠤᠨ ᠠᠴᠠ ᠪᠠᠰᠠ ᠥᠭᠪᠡ᠃ 14 ᠢᠰᠦ᠋ᠰ ᠦᠬᠦᠭᠰᠡᠳ ᠦᠨ ᠳᠤᠮᠳᠠ ᠠᠴᠠ ᠠᠮᠢᠯᠠᠭᠰᠠᠨ ᠤ ᠪᠠᠨ ᠳᠠᠷᠠᠭ᠎ᠠ᠂ ᠱᠠᠪᠢ ᠨᠠᠷ ᠲᠠᠭᠠᠨ ᠥᠪᠡᠷ ᠢ ᠪᠠᠨ ᠡᠢᠨ ᠬᠦ ᠭᠤᠷᠪᠠᠳᠠᠬᠢ ᠤᠳᠠᠭ᠎ᠠ ᠪᠠᠨ ᠢᠯᠡᠷᠬᠡᠶᠢᠯᠡᠭᠰᠡᠨ ᠪᠢᠯᠡ᠃
ᠢᠰᠦ᠋ᠰ ᠫᠧᠲ᠋ᠧᠷ ᠬᠣᠶᠠᠷ
15 ᠲᠡᠳᠡ ᠬᠣᠭᠣᠯᠠ ᠢᠳᠡᠵᠦ ᠳᠠᠭᠤᠰᠬᠤ ᠳᠤ᠂ ᠢᠰᠦ᠋ᠰ ᠰᠢᠮᠣᠨ ᠫᠧᠲ᠋ᠧᠷ ᠲᠤ᠄ 《ᠶᠣᠬᠠᠨ ᠤ ᠬᠦᠦ ᠰᠢᠮᠣᠨ ᠡ᠂ ᠴᠢ ᠨᠠᠮᠠᠶᠢ ᠡᠨᠡ ᠬᠥᠮᠦᠰ ᠡᠴᠡ ᠢᠯᠡᠭᠦᠦ ᠬᠠᠢᠷᠠᠯᠠᠳᠠᠭ ᠤᠤ︖》 ᠭᠡᠰᠡᠨ ᠳᠦ᠂ ᠫᠧᠲ᠋ᠧᠷ᠄ 《ᠲᠡᠢᠮᠦ ᠡ᠂ ᠡᠵᠡᠨ᠂ ᠲᠠᠨ ᠳᠤ ᠬᠠᠢᠷᠠᠲᠠᠢ ᠶᠢ ᠮᠢᠨᠢ ᠲᠠ ᠮᠡᠳᠡᠨ᠎ᠡ》 ᠭᠡᠵᠦ ᠬᠡᠯᠡᠪᠡ᠃ ᠢᠰᠦ᠋ᠰ ᠲᠡᠭᠦᠨ ᠳᠦ᠄ 《ᠮᠢᠨᠦ ᠬᠤᠷᠠᠭ᠎ᠠ ᠨᠤᠭᠤᠳ ᠢ ᠲᠡᠵᠢᠭᠡ》 ᠭᠡᠯᠡ᠃ 16 ᠬᠣᠶᠠᠳᠠᠬᠢ ᠤᠳᠠᠭ᠎ᠠ ᠪᠠᠨ ᠲᠡᠭᠦᠨ ᠳᠦ᠄ 《ᠶᠣᠬᠠᠨ ᠤ ᠬᠦᠦ ᠰᠢᠮᠣᠨ ᠡ᠂ ᠴᠢ ᠨᠠᠮᠠᠶᠢ ᠬᠠᠢᠷᠠᠯᠠᠳᠠᠭ ᠤᠤ︖》 ᠭᠡᠬᠦ ᠳᠦ᠂ ᠲᠡᠷᠡ᠄ 《ᠲᠡᠢᠮᠦ ᠡ᠂ ᠡᠵᠡᠨ᠂ ᠲᠠᠨ ᠳᠤ ᠬᠠᠢᠷᠠᠲᠠᠢ ᠶᠢ ᠮᠢᠨᠢ ᠲᠠ ᠮᠡᠳᠡᠨ᠎ᠡ》 ᠭᠡᠵᠦ ᠬᠠᠷᠢᠭᠤᠯᠪᠠ᠃ ᠢᠰᠦ᠋ᠰ᠄ 《ᠮᠢᠨᠦ ᠬᠣᠨᠢᠳ ᠢ ᠬᠠᠷᠢᠭᠤᠯ》 ᠭᠡᠯᠡ᠃ 17 ᠭᠤᠷᠪᠠᠳᠠᠬᠢ ᠤᠳᠠᠭ᠎ᠠ ᠪᠠᠨ ᠲᠡᠭᠦᠨ ᠳᠦ᠄ 《ᠶᠣᠬᠠᠨ ᠤ ᠬᠦᠦ ᠰᠢᠮᠣᠨ ᠡ᠂ ᠴᠢ ᠨᠠᠮᠠᠶᠢ ᠬᠠᠢᠷᠠᠯᠠᠳᠠᠭ ᠤᠤ︖》 ᠭᠡᠪᠡ᠃ 《ᠨᠠᠮᠠᠶᠢ ᠬᠠᠢᠷᠠᠯᠠᠳᠠᠭ ᠤᠤ︖》 ᠭᠡᠵᠦ ᠭᠤᠷᠪᠠᠨᠲᠠ ᠠᠰᠠᠭᠤᠭᠰᠠᠨ ᠤᠴᠢᠷ ᠲᠤ ᠫᠧᠲ᠋ᠧᠷ ᠭᠤᠨᠢᠭᠯᠠᠵᠤ᠄ 《ᠡᠵᠡᠨ ᠡ᠂ ᠲᠠ ᠪᠦᠬᠦᠨ ᠢ ᠮᠡᠳᠡᠳᠡᠭ᠂ ᠲᠠᠨ ᠳᠤ ᠬᠠᠢᠷᠠᠲᠠᠢ ᠶᠢ ᠮᠢᠨᠢ ᠲᠠ ᠮᠡᠳᠡᠨ᠎ᠡ》 ᠭᠡᠬᠦ ᠳᠦ᠂ ᠢᠰᠦ᠋ᠰ᠄ 《ᠮᠢᠨᠦ ᠬᠣᠨᠢᠳ ᠢ ᠲᠡᠵᠢᠭᠡ᠃ 18 ᠪᠢ ᠴᠢᠮ᠎ᠠ ᠳᠤ ᠦᠨᠡᠬᠡᠷ ᠪᠠᠲᠤᠲᠠᠢ ᠬᠡᠯᠡᠶ᠎ᠡ᠃ ᠴᠢ ᠵᠠᠯᠠᠭᠤ ᠪᠠᠢᠬᠤ ᠳᠠᠭᠠᠨ ᠪᠦᠰᠡ ᠪᠡᠨ ᠥᠪᠡᠷ ᠢᠶᠡᠨ ᠪᠦᠰᠡᠯᠡᠭᠡᠳ ᠳᠤᠷᠠᠲᠠᠢ ᠭᠠᠵᠠᠷ ᠲᠠᠭᠠᠨ ᠶᠠᠪᠤᠵᠤ ᠪᠠᠢᠪᠠ᠃ ᠬᠠᠷᠢᠨ ᠥᠲᠡᠯᠬᠦ ᠳᠡᠭᠡᠨ ᠴᠢ ᠭᠠᠷ ᠢᠶᠠᠨ ᠡᠷᠭᠦᠵᠦ᠂ ᠥᠭᠡᠷ᠎ᠡ ᠬᠥᠮᠦᠨ ᠴᠢᠮ᠎ᠠ ᠳᠤ ᠪᠦᠰᠡ ᠪᠦᠰᠡᠯᠡᠭᠦᠯᠵᠦ᠂ ᠳᠤᠷ᠎ᠠ ᠦᠭᠡᠢ ᠭᠠᠵᠠᠷ ᠲᠤ ᠴᠢᠨᠢ ᠠᠪᠠᠴᠢᠬᠤ ᠪᠣᠯᠣᠨ᠎ᠠ》 ᠭᠡᠵᠡᠢ᠃ 19 ᠫᠧᠲ᠋ᠧᠷ ᠤᠨ ᠶᠠᠮᠠᠷ ᠦᠬᠦᠯ ᠢᠶᠡᠷ ᠪᠤᠷᠬᠠᠨ ᠢ ᠠᠯᠳᠠᠷᠰᠢᠭᠤᠯᠬᠤ ᠶᠢ ᠵᠢᠭᠠᠬᠤ ᠶᠢᠨ ᠲᠤᠯᠠᠳᠠ ᠢᠰᠦ᠋ᠰ ᠡᠭᠦᠨ ᠢ ᠬᠡᠯᠡᠭᠰᠡᠨ ᠶᠤᠮ᠃ ᠢᠰᠦ᠋ᠰ ᠢᠩᠭᠢᠵᠦ ᠬᠡᠯᠡᠭᠡᠳ ᠫᠧᠲ᠋ᠧᠷ ᠲᠤ᠄ 《ᠨᠠᠮᠠᠶᠢ ᠳᠠᠭ᠎ᠠ》 ᠭᠡᠯᠡ᠃
ᠢᠰᠦ᠋ᠰ ᠪᠣᠯᠣᠨ ᠲᠡᠭᠦᠨ ᠦ ᠬᠠᠢᠷᠠᠲᠠᠢ ᠱᠠᠪᠢ
20 ᠫᠧᠲ᠋ᠧᠷ ᠠᠷᠤᠨᠰᠢ ᠡᠷᠭᠢᠭᠡᠳ᠂ ᠠᠷᠤ ᠠᠴᠠ ᠨᠢ ᠢᠰᠦ᠋ᠰ ᠤᠨ ᠬᠠᠢᠷᠠᠲᠠᠢ ᠲᠡᠷᠡ ᠱᠠᠪᠢ ᠳᠠᠭᠠᠵᠤ ᠶᠠᠪᠤᠭ᠎ᠠ ᠶᠢ ᠬᠠᠷᠠᠪᠠ᠃ ᠲᠡᠷᠡ ᠪᠣᠯ ᠲᠡᠷᠡ ᠣᠷᠣᠢ ᠶᠢᠨ ᠵᠣᠭᠣᠭ ᠳᠡᠭᠡᠷ᠎ᠡ ᠢᠰᠦ᠋ᠰ ᠤᠨ ᠡᠪᠦᠷ ᠲᠦ ᠨᠠᠯᠠᠨ ᠰᠠᠭᠤᠵᠤ᠄ 《ᠡᠵᠡᠨ ᠡ᠂ ᠲᠠᠨ ᠢ ᠪᠠᠷᠢᠭᠤᠯᠤᠭᠴᠢ ᠨᠢ ᠬᠡᠨ ᠶᠤᠮ ᠪᠤᠢ︖》 ᠭᠡᠵᠦ ᠠᠰᠠᠭᠤᠵᠤ ᠪᠠᠢᠭᠰᠠᠨ ᠬᠥᠮᠦᠨ ᠪᠢᠯᠡ᠃ 21 ᠫᠧᠲ᠋ᠧᠷ ᠲᠡᠭᠦᠨ ᠢ ᠬᠠᠷᠠᠭᠠᠳ ᠢᠰᠦ᠋ᠰ ᠲᠤ᠄ 《ᠡᠵᠡᠨ ᠡ᠂ ᠡᠨᠡ ᠬᠥᠮᠦᠨ ᠶᠠᠭᠠᠬᠢᠬᠤ ᠪᠣᠯ︖》 ᠭᠡᠰᠡᠨ ᠳᠦ᠂ 22 ᠢᠰᠦ᠋ᠰ᠄ 《ᠪᠢ ᠲᠡᠭᠦᠨ ᠢ ᠨᠠᠮᠠᠶᠢ ᠢᠷᠡᠲᠡᠯ᠎ᠡ ᠪᠠᠢᠯᠭᠠᠶ᠎ᠠ ᠭᠡᠰᠡᠨ ᠴᠤ ᠴᠢᠮ᠎ᠠ ᠳᠤ ᠶᠠᠮᠠᠷ ᠬᠠᠮᠢᠶ᠎ᠠ ᠪᠠᠢᠨ᠎ᠠ︖ ᠴᠢ ᠯᠠ ᠨᠠᠮᠠᠶᠢ ᠳᠠᠭ᠎ᠠ》 ᠭᠡᠪᠡ᠃ 23 ᠡᠭᠦᠨ ᠡᠴᠡ ᠪᠣᠯᠵᠤ ᠲᠡᠷᠡ ᠱᠠᠪᠢ ᠨᠢ ᠦᠬᠦᠬᠦ ᠦᠭᠡᠢ ᠭᠡᠰᠡᠨ ᠶᠠᠷᠢᠶ᠎ᠠ ᠠᠬ᠎ᠠ ᠳᠡᠭᠦᠦ ᠨᠠᠷ ᠤᠨ ᠳᠤᠮᠳᠠ ᠲᠠᠷᠬᠠᠪᠠ᠃ ᠭᠡᠪᠡᠴᠦ ᠢᠰᠦ᠋ᠰ ᠲᠡᠷᠡ ᠬᠥᠮᠦᠨ ᠢ ᠦᠬᠦᠬᠦ ᠦᠭᠡᠢ ᠭᠡᠵᠦ ᠬᠡᠯᠡᠭᠡ ᠦᠭᠡᠢ᠂ ᠵᠥᠪᠬᠡᠨ 《ᠪᠢ ᠲᠡᠭᠦᠨ ᠢ ᠨᠠᠮᠠᠶᠢ ᠢᠷᠡᠲᠡᠯ᠎ᠡ ᠪᠠᠢᠯᠭᠠᠶ᠎ᠠ ᠭᠡᠰᠡᠨ ᠴᠤ ᠴᠢᠮ᠎ᠠ ᠳᠤ ᠶᠠᠮᠠᠷ ᠬᠠᠮᠢᠶ᠎ᠠ ᠪᠠᠢᠨ᠎ᠠ︖》 ᠭᠡᠰᠡᠨ ᠪᠢᠯᠡ᠃
24 ᠡᠳᠡᠭᠡᠷ ᠢ ᠭᠡᠷᠡᠴᠢᠯᠡᠵᠦ᠂ ᠡᠳᠡᠭᠡᠷ ᠢ ᠪᠢᠴᠢᠭᠰᠡᠨ ᠬᠥᠮᠦᠨ ᠪᠣᠯ ᠲᠡᠷᠡ ᠱᠠᠪᠢ ᠨᠢ ᠮᠥᠨ᠃ ᠲᠡᠭᠦᠨ ᠦ ᠭᠡᠷᠡᠴᠢᠯᠡᠯ ᠦᠨᠡᠨ ᠭᠡᠳᠡᠭ ᠢ ᠪᠢᠳᠡ ᠮᠡᠳᠡᠨ᠎ᠡ᠃ 25 ᠢᠰᠦ᠋ᠰ ᠤᠨ ᠬᠢᠭᠰᠡᠨ ᠵᠦᠢᠯ ᠥᠭᠡᠷ᠎ᠡ ᠣᠯᠠᠨ ᠪᠤᠢ᠃ ᠬᠡᠷᠪᠡ ᠲᠡᠳᠡᠭᠡᠷ ᠢ ᠨᠢ ᠨᠢᠭᠡᠪᠦᠷᠢᠴᠢᠯᠡᠨ ᠪᠢᠴᠢᠪᠡᠯ ᠪᠢᠴᠢᠭᠳᠡᠭᠰᠡᠨ ᠨᠣᠮ ᠤᠳ ᠢ ᠨᠢ ᠶᠢᠷᠲᠢᠨᠴᠦ ᠴᠤ ᠪᠠᠭᠲᠠᠭᠠᠬᠤ ᠦᠭᠡᠢ ᠪᠠᠢᠬ᠎ᠠ ᠭᠡᠵᠦ ᠪᠢ ᠪᠣᠳᠣᠳᠠᠭ᠃