1 2 3 4 5 6 7 8 9 10 11 12 13 14 15 16 17 18 19 20 21


ᠶᠣᠬᠠᠨ ᠲᠠᠪᠤ
 ᠪᠧᠲ᠋ᠧᠰᠳᠠ ᠳᠤ ᠪᠣᠯᠣᠭᠰᠠᠨ ᠡᠳᠡᠭᠡᠷᠡᠭᠦᠯᠦᠯᠲᠡ

1 ᠡᠭᠦᠨ ᠦ ᠳᠠᠷᠠᠭ᠎ᠠ ᠶᠦᠳᠠᠢᠴᠤᠳ ᠤᠨ ᠪᠠᠶᠠᠷ ᠪᠣᠯᠵᠤ᠂ ᠢᠰᠦ᠋ᠰ ᠶᠧᠷᠦ᠋ᠰᠠᠯᠧᠮ ᠥᠭᠡᠳᠡ ᠶᠠᠪᠤᠪᠠ᠃ 2 ᠶᠧᠷᠦ᠋ᠰᠠᠯᠧᠮ ᠳᠠᠬᠢ ᠬᠣᠨᠢᠨ ᠬᠠᠭᠠᠯᠭ᠎ᠠ ᠶᠢᠨ ᠳᠡᠷᠭᠡᠳᠡ ᠢᠪᠷᠠᠢ ᠪᠠᠷ ᠪᠧᠲ᠋ᠧᠰᠳᠠ ᠭᠡᠳᠡᠭ ᠴᠥᠭᠥᠷᠥᠮ ᠪᠠᠢᠳᠠᠭ᠂ ᠲᠣᠭᠣᠷᠢᠨ ᠳᠤᠨᠢ ᠲᠠᠪᠤᠨ ᠰᠠᠷᠠᠪᠴᠢ ᠪᠤᠢ᠃ 3 ᠲᠡᠨᠳᠡ ᠰᠣᠬᠣᠷ᠂ ᠳᠣᠭᠣᠯᠠᠩ᠂ ᠲᠠᠲᠠᠩ᠋ᠬᠠᠢ ᠵᠡᠷᠭᠡ ᠮᠠᠰᠢ ᠣᠯᠠᠨ ᠡᠪᠡᠳᠴᠢᠲᠡᠨ ᠬᠡᠪᠲᠡᠵᠦ ᠪᠠᠢᠯ᠎ᠠ᠃ 4 9 5 ᠭᠤᠴᠢᠨ ᠨᠠᠢ᠌ᠮᠠᠨ ᠵᠢᠯ ᠡᠪᠡᠳᠴᠢᠯᠡᠭᠰᠡᠨ ᠨᠢᠭᠡ ᠬᠥᠮᠦᠨ ᠲᠡᠨᠳᠡ ᠪᠠᠢᠪᠠ᠃ 6 ᠢᠰᠦ᠋ᠰ ᠲᠡᠭᠦᠨ ᠦ ᠬᠡᠪᠲᠡᠵᠦ ᠪᠠᠢᠭ᠎ᠠ ᠶᠢ ᠬᠠᠷᠠᠵᠤ᠂ ᠤᠳᠠᠭᠠᠨ ᠡᠪᠡᠳᠴᠢᠯᠡᠭᠰᠡᠨ ᠢ ᠨᠢ ᠮᠡᠳᠡᠭᠡᠳ᠄ 《ᠴᠢ ᠡᠷᠡᠭᠦᠯᠵᠢᠬᠦ ᠶᠢ ᠬᠦᠰᠡᠵᠦ ᠪᠠᠢᠨ᠎ᠠ ᠤᠤ︖》 ᠭᠡᠰᠡᠨ ᠳᠦ᠂ 7 ᠡᠪᠡᠳᠴᠢᠲᠡᠨ᠄ 《ᠡᠵᠡᠨ ᠡ᠂ ᠤᠰᠤ ᠬᠥᠳᠡᠯᠬᠦ ᠳᠦ ᠨᠠᠮᠠᠶᠢ ᠴᠥᠭᠥᠷᠥᠮ ᠳᠤ ᠣᠷᠣᠭᠤᠯᠵᠤ ᠥᠭᠬᠦ ᠬᠥᠮᠦᠨ ᠪᠠᠢᠳᠠᠭ ᠦᠭᠡᠢ᠃ ᠨᠠᠮᠠᠶᠢ ᠣᠴᠢᠬᠤ ᠭᠡᠵᠦ ᠪᠠᠢᠲᠠᠯ᠎ᠠ᠂ ᠪᠤᠰᠤᠳ ᠬᠥᠮᠦᠨ ᠲᠡᠷᠢᠭᠦᠯᠡᠭᠡᠳ ᠣᠷᠣᠴᠢᠬᠠᠳᠠᠭ》 ᠭᠡᠵᠦ ᠬᠠᠷᠢᠭᠤᠯᠪᠠ᠃ 8 ᠢᠰᠦ᠋ᠰ᠄ 《ᠪᠣᠰ᠂ ᠳᠡᠪᠢᠰᠬᠡᠷ ᠢᠶᠡᠨ ᠠᠪᠤᠭᠠᠳ ᠠᠯᠬᠤ》 ᠭᠡᠵᠦ ᠬᠡᠯᠡᠩᠭᠦᠲᠡ 9 ᠥᠨᠥᠬᠢ ᠬᠥᠮᠦᠨ ᠡᠷᠡᠭᠦᠯ ᠪᠣᠯᠵᠤ᠂ ᠳᠡᠪᠢᠰᠬᠡᠷ ᠢᠶᠡᠨ ᠠᠪᠤᠭᠠᠳ ᠠᠯᠬᠤᠵᠤ ᠡᠬᠢᠯᠡᠪᠡ᠃

10 ᠲᠡᠢᠮᠦ ᠡᠴᠡ ᠶᠦᠳᠠᠢᠴᠤᠳ ᠡᠳᠡᠭᠡᠷᠡᠭᠰᠡᠨ ᠬᠥᠮᠦᠨ ᠳᠦ᠄ 《ᠥᠨᠥᠳᠥᠷ ᠠᠮᠠᠷᠠᠯ ᠤᠨ ᠡᠳᠦᠷ ᠰᠢᠦ ᠳᠠ᠂ ᠳᠡᠪᠢᠰᠬᠡᠷ ᠢᠶᠡᠨ ᠠᠪᠠᠴᠢᠬᠤ ᠶᠣᠰᠣ ᠦᠭᠡᠢ》 ᠭᠡᠯ᠎ᠡ᠂ 11 ᠲᠡᠷᠡ ᠬᠥᠮᠦᠨ ᠬᠠᠷᠢᠭᠤ ᠳᠤᠨᠢ᠄ 《ᠨᠠᠮᠠᠶᠢ ᠡᠳᠡᠭᠡᠭᠡᠭᠰᠡᠨ ᠬᠥᠮᠦᠨ᠄ 〈ᠳᠡᠪᠢᠰᠬᠡᠷ ᠢᠶᠡᠨ ᠠᠪᠤᠭᠠᠳ ᠶᠠᠪᠤ〉 ᠭᠡᠰᠡᠨ》 ᠭᠡᠬᠦ ᠳᠦ᠂ 12 ᠲᠡᠳᠡ᠄ 《〈ᠳᠡᠪᠢᠰᠬᠡᠷ ᠢᠶᠡᠨ ᠠᠪᠤᠭᠠᠳ ᠶᠠᠪᠤ〉 ᠭᠡᠵᠦ ᠬᠡᠨ ᠬᠡᠯᠡᠭᠰᠡᠨ ᠪᠤᠢ︖》 ᠭᠡᠵᠦ ᠠᠰᠠᠭᠤᠪᠠ᠃ 13 ᠭᠡᠲᠡᠯ᠎ᠡ ᠡᠷᠡᠭᠦᠯᠵᠢᠭᠰᠡᠨ ᠬᠥᠮᠦᠨ ᠲᠡᠭᠦᠨ ᠦ ᠬᠡᠨ ᠪᠠᠢᠭᠰᠠᠨ ᠢ ᠮᠡᠳᠡᠭᠰᠡᠨ ᠦᠭᠡᠢ᠃ ᠤᠴᠢᠷ ᠨᠢ ᠲᠡᠨᠳᠡ ᠣᠯᠠᠨ ᠬᠥᠮᠦᠨ ᠪᠠᠢᠭᠰᠠᠨ ᠪᠥᠭᠡᠳ ᠢᠰᠦ᠋ᠰ ᠨᠢᠭᠡᠨᠲᠡ ᠵᠠᠢᠯᠠᠵᠤ ᠶᠠᠪᠤᠭᠰᠠᠨ ᠪᠠᠢᠵᠠᠢ᠃ 14 ᠳᠠᠷᠠᠭ᠎ᠠ ᠨᠢ ᠢᠰᠦ᠋ᠰ ᠲᠡᠭᠦᠨ ᠲᠡᠢ ᠠᠷᠢᠭᠤᠨ ᠣᠷᠳᠣᠨ ᠳᠤ ᠤᠴᠠᠷᠠᠭᠠᠳ᠄ 《ᠬᠠᠷᠠ︕ ᠴᠢ ᠡᠷᠡᠭᠦᠯᠵᠢᠭᠰᠡᠨ ᠪᠠᠢᠨ᠎ᠠ᠃ ᠨᠢᠭᠦᠯ ᠬᠢᠬᠦ ᠪᠡᠨ ᠪᠣᠯᠢ᠂ ᠡᠰᠡ ᠲᠡᠭᠡᠪᠡᠯ ᠴᠢᠮ᠎ᠠ ᠳᠤ ᠤᠯᠠᠮ ᠮᠠᠭᠤ ᠪᠣᠯᠣᠨ᠎ᠠ》 ᠭᠡᠪᠡ᠃ 15 ᠲᠡᠷᠡ ᠬᠥᠮᠦᠨ ᠶᠦᠳᠠᠢᠴᠤᠳ ᠲᠤ ᠣᠴᠢᠵᠤ᠄ 《ᠨᠠᠮᠠᠶᠢ ᠡᠳᠡᠭᠡᠭᠡᠭᠰᠡᠨ ᠬᠥᠮᠦᠨ ᠢᠰᠦ᠋ᠰ ᠪᠠᠢᠵᠠᠢ》 ᠭᠡᠵᠦ ᠳᠤᠭᠤᠯᠭᠠᠭᠰᠠᠨ ᠳᠤ᠂ 16 ᠡᠳᠡᠭᠡᠷ ᠢ ᠠᠮᠠᠷᠠᠯ ᠤᠨ ᠡᠳᠦᠷ ᠦᠢᠯᠡᠳᠳᠡᠭ ᠭᠡᠳ ᠶᠦᠳᠠᠢᠴᠤᠳ ᠢᠰᠦ᠋ᠰ ᠢ ᠬᠠᠪᠴᠢᠵᠤ ᠡᠬᠢᠯᠡᠪᠡ᠃ 17 ᠭᠡᠪᠡᠴᠦ ᠢᠰᠦ᠋ᠰ ᠲᠡᠳᠡᠨ ᠳᠦ᠄ 《ᠮᠢᠨᠦ ᠡᠴᠢᠭᠡ ᠣᠳᠣ ᠪᠣᠯᠲᠠᠯ᠎ᠠ ᠠᠵᠢᠯᠯᠠᠵᠤ ᠪᠠᠢᠨ᠎ᠠ᠂ ᠪᠢ ᠴᠤ ᠠᠵᠢᠯᠯᠠᠵᠤ ᠪᠠᠢᠨ᠎ᠠ》 ᠭᠡᠵᠦ ᠬᠡᠯᠡᠪᠡ᠃ 18 ᠡᠭᠦᠨ ᠡᠴᠡ ᠪᠣᠯᠵᠤ᠂ ᠶᠦᠳᠠᠢᠴᠤᠳ ᠢᠰᠦ᠋ᠰ ᠠᠮᠠᠷᠠᠯ ᠤᠨ ᠡᠳᠦᠷ ᠢ ᠵᠥᠷᠢᠴᠡᠳᠡᠭ ᠢᠶᠡᠷ ᠪᠠᠷᠠᠬᠤ ᠦᠭᠡᠢ᠂ ᠪᠤᠷᠬᠠᠨ ᠢ ᠥᠪᠡᠷ ᠦᠨ ᠢᠶᠠᠨ ᠡᠴᠢᠭᠡ ᠬᠡᠮᠡᠨ ᠥᠪᠡᠷ ᠢ ᠪᠠᠨ ᠪᠤᠷᠬᠠᠨ ᠲᠠᠢ ᠰᠠᠴᠠᠭᠤᠯᠳᠠᠭ ᠭᠡᠳ ᠲᠡᠭᠦᠨ ᠢ ᠠᠯᠠᠬᠤ ᠭᠡᠵᠦ ᠤᠯᠠᠮ ᠰᠠᠨᠠᠭᠠᠷᠬᠠᠬᠤ ᠪᠣᠯᠵᠠᠢ᠃
 ᠪᠤᠷᠬᠠᠨ ᠤ ᠬᠦᠦ ᠶᠢᠨ ᠡᠷᠬᠡ

19 ᠢᠰᠦ᠋ᠰ ᠲᠡᠳᠡᠨ ᠳᠦ᠄ 《ᠦᠨᠡᠬᠡᠷ ᠪᠠᠲᠤᠲᠠᠢ ᠬᠡᠯᠡᠶ᠎ᠡ᠂ ᠬᠦᠦ ᠡᠴᠢᠭᠡ ᠶᠢᠨ ᠢᠶᠠᠨ ᠬᠢᠬᠦ ᠶᠢ ᠬᠠᠷᠠᠬᠤ ᠦᠭᠡᠢ ᠪᠠᠷ ᠥᠪᠡᠷ ᠢᠶᠡᠨ ᠶᠠᠭᠤ ᠴᠤ ᠬᠢᠵᠦ ᠴᠢᠳᠠᠳᠠᠭ ᠦᠭᠡᠢ᠃ ᠡᠴᠢᠭᠡ ᠨᠢ ᠶᠠᠭᠤ ᠬᠢᠪᠡᠯ᠂ ᠬᠦᠦ ᠨᠢ ᠪᠠᠰᠠ ᠲᠡᠭᠦᠨᠴᠢᠯᠡᠨ ᠬᠢᠳᠡᠭ᠃ 20 ᠡᠴᠢᠭᠡ ᠨᠢ ᠬᠦᠦ ᠪᠡᠨ ᠬᠠᠢᠷᠠᠯᠠᠵᠤ᠂ ᠬᠢᠬᠦ ᠪᠦᠬᠦᠨ ᠢᠶᠡᠨ ᠬᠦᠦ ᠳᠡᠭᠡᠨ ᠬᠠᠷᠠᠭᠤᠯᠳᠠᠭ᠃ ᠲᠡᠷᠡ ᠡᠭᠦᠨ ᠡᠴᠡ ᠴᠤ ᠠᠭᠤᠤ ᠶᠢ ᠬᠦᠦ ᠳᠡᠭᠡᠨ ᠬᠠᠷᠠᠭᠤᠯᠵᠤ᠂ ᠲᠠ ᠨᠠᠷ ᠢ ᠭᠠᠢᠬᠠᠭᠤᠯᠬᠤ ᠪᠣᠯᠣᠨ᠎ᠠ᠂ 21 ᠡᠴᠢᠭᠡ ᠦᠬᠦᠭᠰᠡᠳ ᠢ ᠪᠣᠰᠬᠠᠨ ᠠᠮᠢᠯᠠᠭᠤᠯᠳᠠᠭ ᠲᠠᠢ ᠠᠳᠠᠯᠢ ᠪᠠᠷ᠂ ᠬᠦᠦ ᠨᠢ ᠪᠠᠰᠠ ᠲᠠᠭᠠᠯᠠᠭᠳᠠᠭᠰᠠᠨ ᠬᠥᠮᠦᠰ ᠢᠶᠡᠨ ᠠᠮᠢᠯᠠᠭᠤᠯᠳᠠᠭ ᠶᠤᠮ᠃ 22 ᠡᠴᠢᠭᠡ ᠬᠡᠨ ᠢ ᠴᠤ ᠰᠢᠭᠦᠳᠡᠭ ᠦᠭᠡᠢ᠂ ᠬᠠᠷᠢᠨ ᠪᠦᠬᠦ ᠰᠢᠭᠦᠯᠲᠡ ᠶᠢ ᠬᠦᠦ ᠳᠦ ᠳᠠᠭᠠᠭᠠᠯᠭᠠᠭᠰᠠᠨ᠃ 23 ᠡᠢᠮᠦ ᠡᠴᠡ ᠬᠥᠮᠦᠨ ᠪᠦᠬᠦᠨ ᠡᠴᠢᠭᠡ ᠶᠢ ᠬᠦᠨᠳᠦᠯᠡᠳᠡᠭ ᠦᠨ ᠠᠳᠠᠯᠢ᠂ ᠬᠦᠦ ᠶᠢ ᠴᠤ ᠬᠦᠨᠳᠦᠯᠡᠬᠦ ᠤᠴᠢᠷᠲᠠᠢ᠃ ᠬᠦᠦ ᠶᠢ ᠬᠦᠨᠳᠦᠯᠡᠳᠡᠭ ᠦᠭᠡᠢ ᠬᠥᠮᠦᠨ᠂ ᠬᠦᠦ ᠶᠢ ᠢᠯᠡᠭᠡᠭᠰᠡᠨ ᠡᠴᠢᠭᠡ ᠶᠢ ᠴᠤ ᠬᠦᠨᠳᠦᠯᠡᠳᠡᠭ ᠦᠭᠡᠢ᠃ 24 ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠮᠢᠨᠦ ᠦᠭᠡ ᠶᠢ ᠰᠣᠨᠣᠰᠣᠭᠠᠳ ᠨᠠᠮᠠᠶᠢ ᠢᠯᠡᠭᠡᠭᠴᠢ ᠶᠢ ᠢᠲᠡᠭᠡᠭᠴᠢ ᠨᠢ ᠮᠥᠩᠬᠡ ᠠᠮᠢ ᠲᠠᠢ ᠪᠥᠭᠡᠳ ᠶᠠᠯᠠᠯᠠᠭᠳᠠᠬᠤ ᠦᠭᠡᠢ᠃ ᠲᠡᠷᠡ ᠨᠢ ᠦᠬᠦᠯ ᠡᠴᠡ ᠠᠮᠢ ᠤᠷᠤᠭᠤ ᠰᠢᠯᠵᠢᠭᠰᠡᠨ ᠶᠤᠮ᠃
 ᠬᠣᠶᠠᠷ ᠲᠥᠷᠥᠯ ᠦᠨ ᠳᠠᠬᠢᠨ ᠠᠮᠢᠯᠠᠯᠲᠠ

25 ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠦᠬᠦᠭᠰᠡᠳ ᠪᠤᠷᠬᠠᠨ ᠤ ᠬᠦᠦ ᠶᠢᠨ ᠳᠠᠭᠤ ᠶᠢ ᠰᠣᠨᠣᠰᠬᠤ᠂ ᠰᠣᠨᠣᠰᠣᠭᠰᠠᠨ ᠨᠢ ᠠᠮᠢᠳᠤᠷᠠᠬᠤ ᠴᠠᠭ ᠢᠷᠡᠵᠦ ᠪᠠᠢᠭ᠎ᠠ ᠪᠥᠭᠡᠳ ᠣᠳᠣ ᠢᠷᠡᠴᠢᠬᠡᠭᠡᠳ ᠪᠠᠢᠨ᠎ᠠ᠃ 26 ᠤᠴᠢᠷ ᠨᠢ ᠡᠴᠢᠭᠡ ᠠᠮᠢ ᠥᠪᠡᠷ ᠲᠤᠨᠢ ᠪᠠᠢᠳᠠᠭ ᠤᠨ ᠠᠳᠠᠯᠢ᠂ ᠬᠦᠦ ᠳᠡᠭᠡᠨ ᠠᠮᠢ ᠶᠢ ᠥᠭᠭᠥᠭᠡᠳ ᠠᠮᠢ ᠶᠢ ᠲᠡᠭᠦᠨ ᠲᠡᠢ ᠪᠠᠢᠯᠭᠠᠭᠰᠠᠨ ᠪᠥᠭᠡᠳ 27 ᠰᠢᠭᠦᠯᠲᠡ ᠶᠢᠨ ᠡᠷᠬᠡ ᠶᠢ ᠴᠤ ᠲᠡᠭᠦᠨ ᠳᠦ ᠥᠭᠭᠥᠭᠰᠡᠨ᠃ ᠤᠴᠢᠷ ᠨᠢ ᠲᠡᠷᠡ ᠪᠣᠯ 〈ᠬᠥᠮᠦᠨ ᠦ ᠬᠦᠦ〉 ᠪᠢᠯᠡ᠃ 28 ᠡᠭᠦᠨ ᠳᠦ ᠪᠦᠦ ᠭᠠᠢᠬᠠᠵᠠᠭ᠎ᠠ᠃ ᠪᠤᠯᠠᠰᠢᠨ ᠳᠤ ᠪᠠᠢᠭᠰᠠᠳ ᠪᠦᠭᠦᠳᠡᠭᠡᠷ ᠲᠡᠭᠦᠨ ᠦ ᠳᠠᠭᠤ ᠶᠢ ᠰᠣᠨᠣᠰᠬᠤ ᠴᠠᠭ ᠢᠷᠡᠵᠦ ᠪᠠᠢᠨ᠎ᠠ᠃ 29 ᠲᠡᠭᠡᠬᠦ ᠳᠦ ᠰᠠᠢᠨ ᠢ ᠦᠢᠯᠡᠳᠦᠭᠰᠡᠨ ᠨᠢ ᠠᠮᠢᠯᠠᠵᠤ ᠠᠮᠢᠳᠤᠷᠠᠬᠤ ᠪᠠᠷ᠂ ᠮᠠᠭᠤ ᠶᠢ ᠦᠢᠯᠡᠳᠦᠭᠰᠡᠨ ᠨᠢ ᠠᠮᠢᠯᠠᠵᠤ ᠶᠠᠯᠠᠯᠠᠭᠳᠠᠬᠤ ᠪᠠᠷ ᠭᠠᠷᠴᠤ ᠢᠷᠡᠬᠦ ᠪᠣᠯᠣᠨ᠎ᠠ᠃

30 ᠪᠢ ᠥᠪᠡᠷ ᠦᠨ ᠲᠠᠪᠠ ᠪᠠᠷ ᠶᠠᠭᠤ ᠴᠤ ᠦᠢᠯᠡᠳᠴᠦ ᠴᠢᠳᠠᠬᠤ ᠦᠭᠡᠢ᠂ ᠰᠣᠨᠣᠰᠣᠭᠰᠠᠨ ᠢᠶᠠᠷ ᠢᠶᠠᠨ ᠯᠠ ᠰᠢᠭᠦᠳᠡᠭ ᠪᠥᠭᠡᠳ ᠮᠢᠨᠦ ᠰᠢᠭᠦᠯᠲᠡ ᠵᠥᠪ ᠪᠠᠢᠳᠠᠭ᠃ ᠤᠴᠢᠷ ᠨᠢ ᠪᠢ ᠥᠪᠡᠷ ᠦᠨ ᠢᠶᠠᠨ ᠰᠠᠨᠠᠭ᠎ᠠ ᠶᠢ ᠪᠤᠰᠤ᠂ ᠬᠠᠷᠢᠨ ᠨᠠᠮᠠᠶᠢ ᠢᠯᠡᠭᠡᠭᠴᠢ ᠶᠢᠨ ᠰᠠᠨᠠᠭ᠎ᠠ ᠶᠢ ᠳᠠᠭᠠᠳᠠᠭ᠃
 ᠢᠰᠦ᠋ᠰ ᠤᠨ ᠲᠤᠬᠠᠢ ᠭᠡᠷᠡᠴᠢᠯᠡᠯ ᠤᠳ

31 ᠬᠡᠷᠪᠡ ᠪᠢ ᠥᠪᠡᠷ ᠦᠨ ᠢᠶᠠᠨ ᠲᠤᠬᠠᠢ ᠥᠪᠡᠷ ᠢᠶᠡᠨ ᠭᠡᠷᠡᠴᠢᠯᠡᠪᠡᠯ᠂ ᠮᠢᠨᠦ ᠭᠡᠷᠡᠴᠢᠯᠡᠯ ᠦᠨᠡᠨ ᠪᠢᠰᠢ ᠪᠣᠯᠣᠨ᠎ᠠ᠃ 32 ᠮᠢᠨᠦ ᠲᠤᠬᠠᠢ ᠭᠡᠷᠡᠴᠢᠯᠡᠭᠴᠢ ᠥᠭᠡᠷ᠎ᠡ ᠪᠠᠰᠠ ᠪᠠᠢᠳᠠᠭ ᠪᠥᠭᠡᠳ ᠮᠢᠨᠦ ᠲᠤᠬᠠᠢ ᠭᠡᠷᠡᠴᠢᠯᠡᠳᠡᠭ ᠭᠡᠷᠡᠴᠢᠯᠡᠯ ᠦᠨ ᠦᠨᠡᠨ ᠭᠡᠳᠡᠭ ᠢ ᠪᠢ ᠮᠡᠳᠡᠨ᠎ᠡ᠃ 33 ᠲᠠ ᠨᠠᠷ ᠶᠣᠬᠠᠨ ᠤᠷᠤᠭᠤ ᠬᠥᠮᠦᠨ ᠢᠯᠡᠭᠡᠭᠰᠡᠨ ᠳᠦ᠂ ᠦᠨᠡᠨ ᠦ ᠲᠤᠬᠠᠢ ᠶᠣᠬᠠᠨ ᠭᠡᠷᠡᠴᠢᠯᠡᠭᠰᠡᠨ ᠪᠢᠯᠡ᠃ 34 ᠦᠨᠡᠨ ᠳᠡᠭᠡᠨ ᠪᠢ ᠬᠥᠮᠦᠨ ᠡᠴᠡ ᠭᠡᠷᠡᠴᠢᠯᠡᠯ ᠠᠪᠳᠠᠭ ᠦᠭᠡᠢ ᠪᠣᠯᠪᠠᠴᠤ ᠲᠠ ᠨᠠᠷ ᠢ ᠠᠪᠤᠷᠠᠭᠳᠠᠭᠠᠰᠠᠢ ᠭᠡᠰᠡᠨ ᠳᠡᠭᠡᠨ ᠡᠳᠡᠭᠡᠷ ᠢ ᠬᠡᠯᠡᠵᠦ ᠪᠠᠢᠭ᠎ᠠ ᠶᠤᠮ᠃ 35 ᠶᠣᠬᠠᠨ ᠪᠣᠯ ᠠᠰᠠᠵᠤ ᠭᠡᠷᠡᠯᠲᠦᠳᠡᠭ ᠳ᠋ᠧᠩ ᠪᠢᠯᠡ᠃ ᠲᠠ ᠨᠠᠷ ᠲᠡᠭᠦᠨ ᠦ ᠭᠡᠷᠡᠯ ᠳᠦ ᠲᠦᠷ ᠵᠠᠭᠤᠷ᠎ᠠ ᠪᠠᠶᠠᠰᠬᠤ ᠭᠡᠰᠡᠨ᠃ 36 ᠬᠠᠷᠢᠨ ᠶᠣᠬᠠᠨ ᠤ ᠭᠡᠷᠡᠴᠢᠯᠡᠯ ᠡᠴᠡ ᠠᠭᠤᠤ ᠭᠡᠷᠡᠴᠢᠯᠡᠯ ᠨᠠᠳᠠ ᠳᠤ ᠪᠤᠢ᠃ ᠡᠴᠢᠭᠡ ᠶᠢᠨ ᠮᠢᠨᠢ ᠭᠦᠢᠴᠡᠳᠬᠡᠭᠡᠷᠡᠢ ᠭᠡᠵᠦ ᠨᠠᠳᠠ ᠳᠤ ᠳᠠᠭᠠᠭᠠᠯᠭᠠᠭᠰᠠᠨ ᠠᠵᠢᠯ᠂ ᠲᠤᠬᠠᠢᠯᠠᠪᠠᠯ ᠬᠢᠵᠦ ᠪᠠᠢᠭ᠎ᠠ ᠠᠵᠢᠯ ᠮᠢᠨᠢ ᠡᠴᠢᠭᠡ ᠶᠢᠨ ᠨᠠᠮᠠᠶᠢ ᠢᠯᠡᠭᠡᠭᠰᠡᠨ ᠭᠡᠳᠡᠭ ᠢ ᠭᠡᠷᠡᠴᠢᠯᠡᠵᠦ ᠪᠠᠢᠨ᠎ᠠ᠃ 37 ᠨᠠᠮᠠᠶᠢ ᠢᠯᠡᠭᠡᠭᠰᠡᠨ ᠡᠴᠢᠭᠡ ᠴᠤ ᠥᠪᠡᠷ ᠢᠶᠡᠨ ᠨᠠᠮᠠᠶᠢ ᠭᠡᠷᠡᠴᠢᠯᠡᠭᠰᠡᠨ ᠶᠤᠮ᠃ ᠲᠠ ᠨᠠᠷ ᠲᠡᠭᠦᠨ ᠦ ᠳᠠᠭᠤ ᠶᠢ ᠰᠣᠨᠣᠰᠣᠭ᠎ᠠ ᠦᠭᠡᠢ᠂ ᠲᠡᠭᠦᠨ ᠦ ᠳᠦᠷᠢ ᠶᠢ ᠴᠤ ᠬᠠᠷᠠᠭ᠎ᠠ ᠦᠭᠡᠢ ᠪᠥᠭᠡᠳ 38 ᠲᠠ ᠨᠠᠷ ᠤᠨ ᠳᠣᠲᠣᠷ᠎ᠠ ᠲᠡᠭᠦᠨ ᠦ ᠦᠭᠡ ᠲᠣᠭᠲᠠᠳᠠᠭ ᠦᠭᠡᠢ᠃ ᠤᠴᠢᠷ ᠨᠢ ᠲᠡᠭᠦᠨ ᠦ ᠢᠯᠡᠭᠡᠭᠰᠡᠨ ᠨᠢᠭᠡᠨ ᠢ ᠲᠠ ᠨᠠᠷ ᠢᠲᠡᠭᠡᠳᠡᠭ ᠦᠭᠡᠢ᠃

39 ᠠᠷᠢᠭᠤᠨ ᠨᠣᠮ ᠤᠨ ᠳᠣᠲᠣᠷ᠎ᠠ ᠮᠥᠩᠬᠡ ᠠᠮᠢ ᠪᠤᠢ ᠭᠡᠵᠦ ᠪᠣᠳᠣᠭᠠᠳ ᠲᠠ ᠨᠠᠷ ᠰᠤᠳᠤᠯᠳᠠᠭ ᠪᠥᠭᠡᠳ 10 ᠮᠢᠨᠦ ᠲᠤᠬᠠᠢ ᠭᠡᠷᠡᠴᠢᠯᠡᠭᠴᠢ ᠨᠢ ᠲᠡᠷᠡ ᠨᠣᠮ ᠶᠤᠮ᠃ 40 ᠲᠡᠢᠮᠦ ᠪᠠᠢᠲᠠᠯ᠎ᠠ ᠲᠠ ᠨᠠᠷ ᠮᠥᠩᠬᠡ ᠠᠮᠢ ᠲᠠᠢ ᠪᠣᠯᠣᠶ᠎ᠠ ᠭᠡᠵᠦ ᠨᠠᠳᠠ ᠤᠷᠤᠭᠤ ᠢᠷᠡᠬᠦ ᠶᠢ ᠬᠦᠰᠡᠳᠡᠭ ᠦᠭᠡᠢ᠃ 41 ᠪᠢ ᠬᠥᠮᠦᠨ ᠦ ᠠᠯᠳᠠᠷ ᠬᠦᠨᠳᠦ ᠶᠢ ᠠᠪᠳᠠᠭ ᠦᠭᠡᠢ᠃ 42 ᠬᠠᠷᠢᠨ ᠲᠠ ᠨᠠᠷ ᠤᠨ ᠳᠣᠲᠣᠷ᠎ᠠ ᠪᠤᠷᠬᠠᠨ ᠤ ᠬᠠᠢᠷ᠎ᠠ ᠪᠠᠢᠬᠤ ᠦᠭᠡᠢ ᠶᠢ ᠪᠢ ᠮᠡᠳᠡᠨ᠎ᠡ᠃ 43 ᠪᠢ ᠡᠴᠢᠭᠡ ᠶᠢᠨ ᠢᠶᠠᠨ ᠨᠡᠷ᠎ᠡ ᠪᠡᠷ ᠢᠷᠡᠭᠰᠡᠨ ᠪᠣᠯᠪᠠᠴᠤ ᠲᠠ ᠨᠠᠷ ᠨᠠᠮᠠᠶᠢ ᠬᠦᠯᠢᠶᠡᠨ ᠠᠪᠬᠤ ᠦᠭᠡᠢ ᠪᠠᠢᠨ᠎ᠠ᠃ ᠬᠠᠷᠢᠨ ᠥᠭᠡᠷ᠎ᠡ ᠬᠥᠮᠦᠨ ᠥᠪᠡᠷ ᠦᠨ ᠢᠶᠠᠨ ᠨᠡᠷ᠎ᠡ ᠪᠡᠷ ᠢᠷᠡᠪᠡᠯ ᠲᠠ ᠨᠠᠷ ᠲᠡᠭᠦᠨ ᠢ ᠬᠦᠯᠢᠶᠡᠨ ᠠᠪᠬᠤ ᠪᠣᠯᠣᠨ᠎ᠠ᠃ 44 ᠲᠠ ᠨᠠᠷ ᠪᠡᠶ᠎ᠡ ᠪᠡᠶ᠎ᠡ ᠡᠴᠡ ᠪᠡᠨ ᠠᠯᠳᠠᠷ ᠬᠦᠨᠳᠦ ᠶᠢ ᠬᠦᠯᠢᠶᠡᠨ ᠠᠪᠳᠠᠭ ᠪᠠᠢᠲᠠᠯ᠎ᠠ ᠪᠠᠨ ᠴᠣᠷ ᠤᠨ ᠭᠠᠭᠴᠠ ᠪᠤᠷᠬᠠᠨ ᠠᠴᠠ ᠠᠯᠳᠠᠷ ᠬᠦᠨᠳᠦ ᠶᠢ ᠬᠠᠢᠳᠠᠭ ᠦᠭᠡᠢ᠃ ᠡᠢᠮᠦ ᠪᠠᠢᠲᠠᠯ᠎ᠠ ᠪᠠᠨ ᠶᠠᠭᠠᠬᠢᠨ ᠨᠠᠮᠠᠶᠢ ᠢᠲᠡᠭᠡᠵᠦ ᠴᠢᠳᠠᠨ᠎ᠠ ᠪᠤᠢ︖ 45 ᠨᠠᠮᠠᠶᠢ ᠡᠴᠢᠭᠡ ᠶᠢᠨ ᠢᠶᠠᠨ ᠡᠮᠦᠨ᠎ᠡ ᠲᠠ ᠨᠠᠷ ᠢ ᠪᠤᠷᠤᠭᠤᠳᠬᠠᠨ᠎ᠠ ᠭᠡᠵᠦ ᠪᠦᠦ ᠪᠣᠳᠣ᠃ ᠲᠠ ᠨᠠᠷ ᠢ ᠪᠤᠷᠤᠭᠤᠳᠬᠠᠭᠴᠢ ᠪᠣᠯ ᠲᠠ ᠨᠠᠷ ᠤᠨ ᠨᠠᠢᠳᠠᠳᠠᠭ ᠮᠣᠰᠧ ᠮᠥᠨ᠃ 46 ᠮᠣᠰᠧ ᠶᠢ ᠢᠲᠡᠭᠡᠭᠰᠡᠨ ᠪᠣᠯ ᠨᠠᠮᠠᠶᠢ ᠢᠲᠡᠭᠡᠬᠦ ᠪᠠᠢᠭᠰᠠᠨ᠃ ᠤᠴᠢᠷ ᠨᠢ ᠲᠡᠷᠡ ᠮᠢᠨᠦ ᠲᠤᠬᠠᠢ ᠪᠢᠴᠢᠭᠰᠡᠨ ᠶᠤᠮ᠃ 47 ᠭᠡᠬᠦ ᠳᠡᠭᠡᠨ ᠲᠡᠭᠦᠨ ᠦ ᠨᠣᠮ ᠢ ᠢᠲᠡᠭᠡᠳᠡᠭ ᠦᠭᠡᠢ ᠪᠠᠢᠵᠤ ᠮᠢᠨᠦ ᠦᠭᠡ ᠶᠢ ᠶᠠᠭᠠᠬᠢᠵᠤ ᠢᠲᠡᠭᠡᠬᠦ ᠪᠢᠯᠡ︖》 ᠭᠡᠪᠡ᠃