1 2 3 4 5 6 7 8 9 10 11 12 13 14 15 16 17 18 19 20 21


ᠶᠣᠬᠠᠨ ᠳᠣᠯᠣᠭ᠎ᠠ
 ᠢᠰᠦ᠋ᠰ ᠪᠠᠶᠠᠷ ᠤᠨ ᠦᠶ᠎ᠡ ᠪᠡᠷ ᠰᠤᠷᠭᠠᠭᠰᠠᠨ ᠨᠢ

1 ᠡᠭᠦᠨ ᠡᠴᠡ ᠬᠣᠢᠰᠢ ᠢᠰᠦ᠋ᠰ ᠶᠦᠳᠠᠢ ᠳᠤ ᠣᠴᠢᠯ ᠦᠭᠡᠢ᠂ ᠭᠠᠯᠢᠯᠠᠶ᠎ᠠ ᠪᠠᠷ ᠶᠠᠪᠤᠵᠤ ᠪᠠᠢᠯ᠎ᠠ᠃ ᠤᠴᠢᠷ ᠨᠢ ᠶᠦᠳᠠᠢᠴᠤᠳ ᠲᠡᠭᠦᠨ ᠢ ᠠᠯᠠᠬᠤ ᠭᠡᠵᠦ ᠪᠠᠢᠯ᠎ᠠ᠃ 2 ᠲᠡᠭᠡᠵᠦ ᠪᠠᠢᠲᠠᠯ᠎ᠠ ᠶᠦᠳᠠᠢᠴᠤᠳ ᠤᠨ ᠮᠠᠢᠬᠠᠨ ᠤ ᠪᠠᠶᠠᠷ ᠣᠢᠷᠠᠲᠤᠭᠰᠠᠨ ᠳᠤ᠂ 3 ᠳᠡᠭᠦᠦ ᠨᠠᠷ ᠨᠢ ᠢᠰᠦ᠋ᠰ ᠲᠤ᠄ 《ᠡ᠊ᠨᠳᠡ ᠡᠴᠡ ᠭᠠᠷᠤᠭᠠᠳ ᠶᠦᠳᠠᠢ ᠳᠤ ᠣᠴᠢ᠂ ᠱᠠᠪᠢ ᠨᠠᠷ ᠴᠢᠨᠢ ᠴᠤ ᠲᠠᠨ ᠤ ᠬᠢᠬᠦ ᠵᠦᠢᠯᠡᠰ ᠢ ᠬᠠᠷᠠᠬᠤ ᠶᠣᠰᠣᠲᠠᠢ᠃ 4 ᠢᠯᠡ ᠭᠠᠷᠤᠶ᠎ᠠ ᠭᠡᠵᠦ ᠳᠠᠯᠳᠠᠭᠤᠷ ᠶᠠᠭᠤᠮ᠎ᠠ ᠬᠢᠳᠡᠭ ᠬᠥᠮᠦᠨ ᠪᠠᠢᠬᠤ ᠦᠭᠡᠢ᠃ ᠬᠡᠷᠪᠡ ᠲᠠ ᠡᠳᠡᠭᠡᠷ ᠢ ᠬᠢᠶ᠎ᠡ ᠭᠡᠪᠡᠯ ᠥᠪᠡᠷ ᠢ ᠪᠠᠨ ᠶᠢᠷᠲᠢᠨᠴᠦ ᠳᠦ ᠢᠯᠡ ᠬᠠᠷᠠᠭᠤᠯ ᠯᠠ ᠳᠠ》 ᠭᠡᠵᠡᠭᠡᠪᠡ᠃ 5 ᠤᠴᠢᠷ ᠨᠢ ᠳᠡᠭᠦᠦ ᠨᠠᠷ ᠨᠢ ᠬᠦᠷᠲᠡᠯ᠎ᠡ ᠢᠰᠦ᠋ᠰ ᠢ ᠢᠲᠡᠭᠡᠭᠡ ᠦᠭᠡᠢ ᠪᠠᠢᠵᠠᠢ᠃ 6 ᠢᠰᠦ᠋ᠰ᠄ 《ᠮᠢᠨᠦ ᠴᠠᠭ ᠬᠠᠷᠠᠬᠠᠨ ᠪᠣᠯᠣᠭ᠎ᠠ ᠦᠭᠡᠢ᠃ ᠬᠠᠷᠢᠨ ᠲᠠ ᠨᠠᠷ ᠤᠨ ᠴᠠᠭ ᠦᠷᠭᠦᠯᠵᠢ ᠪᠡᠯᠡᠨ ᠪᠠᠢᠳᠠᠭ᠃ 7 ᠶᠢᠷᠲᠢᠨᠴᠦ ᠲᠠ ᠨᠠᠷ ᠢ ᠵᠠᠨᠤᠵᠤ ᠴᠢᠳᠠᠬᠤ ᠦᠭᠡᠢ ᠪᠣᠯᠪᠠᠴᠤ ᠨᠠᠮᠠᠶᠢ ᠵᠠᠨᠤᠳᠠᠭ ᠤᠨ ᠤᠴᠢᠷ ᠨᠢ ᠪᠢ ᠶᠢᠷᠲᠢᠨᠴᠦ ᠶᠢᠨ ᠦᠢᠯᠡᠰ ᠢ ᠮᠠᠭᠤ ᠭᠡᠵᠦ ᠭᠡᠷᠡᠴᠢᠯᠡᠳᠡᠭ᠃ 8 ᠲᠠ ᠨᠠᠷ ᠪᠠᠶᠠᠷ ᠲᠤ ᠣᠴᠢ᠂ ᠪᠢ ᠡᠨᠡ ᠪᠠᠶᠠᠷ ᠲᠤ ᠣᠳᠣᠬᠠᠨ ᠳᠠᠭᠠᠨ ᠣᠴᠢᠬᠤ ᠦᠭᠡᠢ᠂ ᠮᠢᠨᠦ ᠴᠠᠭ ᠬᠠᠷᠠᠬᠠᠨ ᠪᠣᠯᠣᠭ᠎ᠠ ᠦᠭᠡᠢ》 ᠬᠡᠮᠡᠨ 9 ᠲᠡᠳᠡᠨ ᠳᠦ ᠬᠡᠯᠡᠭᠡᠳ ᠭᠠᠯᠢᠯᠠᠶ᠎ᠠ ᠳᠠᠭᠠᠨ ᠦᠯᠡᠳᠡᠵᠡᠢ᠃

10 ᠭᠡᠪᠡᠴᠦ ᠳᠡᠭᠦᠦ ᠨᠠᠷ ᠨᠢ ᠪᠠᠶᠠᠷ ᠲᠤ ᠶᠠᠪᠤᠭᠰᠠᠨ ᠤ ᠳᠠᠷᠠᠭ᠎ᠠ᠂ ᠢᠰᠦ᠋ᠰ ᠴᠤ ᠢᠯᠡ ᠪᠡᠷ ᠪᠢᠰᠢ᠂ ᠳᠠᠯᠳᠠᠭᠤᠷ ᠣᠴᠢᠵᠠᠢ᠃ 11 ᠪᠠᠶᠠᠷ ᠢᠶᠠᠷ ᠶᠦᠳᠠᠢᠴᠤᠳ ᠢᠰᠦ᠋ᠰ ᠢ ᠬᠠᠢᠵᠤ᠄ 《ᠲᠡᠷᠡ ᠬᠠᠮᠢᠭ᠎ᠠ ᠪᠠᠢᠨ᠎ᠠ︖》 ᠭᠡᠵᠡᠭᠡᠵᠦ ᠪᠠᠢᠪᠠ᠃ 12 ᠬᠤᠷᠠᠭᠰᠠᠨ ᠣᠯᠠᠨ ᠤ ᠳᠤᠮᠳᠠ ᠢᠰᠦ᠋ᠰ ᠤᠨ ᠲᠤᠬᠠᠢ ᠰᠢᠪᠡᠨᠡᠯᠳᠦᠭᠡᠨ ᠥᠷᠨᠢᠵᠦ ᠪᠠᠢᠯ᠎ᠠ᠃ ᠵᠠᠷᠢᠮ ᠨᠢ᠄ 《ᠲᠡᠷᠡ ᠰᠠᠢᠨ ᠬᠥᠮᠦᠨ》 ᠭᠡᠬᠦ ᠳᠦ᠂ ᠵᠠᠷᠢᠮ ᠨᠢ᠄ 《ᠦᠭᠡᠢ ᠡ᠂ ᠲᠡᠷᠡ ᠴᠢᠨᠢ ᠣᠯᠠᠨ ᠢ ᠪᠠᠴᠢᠯᠠᠵᠤ ᠪᠠᠢᠨ᠎ᠠ》 ᠭᠡᠵᠦ ᠪᠠᠢᠪᠠ᠃ 13 ᠭᠡᠪᠡᠴᠦ ᠶᠦᠳᠠᠢᠴᠤᠳ ᠠᠴᠠ ᠠᠶᠤᠭᠠᠳ ᠬᠡᠨ ᠴᠤ ᠲᠡᠭᠦᠨ ᠦ ᠲᠤᠬᠠᠢ ᠢᠯᠡ ᠶᠠᠷᠢᠭᠰᠠᠨ ᠦᠭᠡᠢ᠃

14 ᠪᠠᠶᠠᠷ ᠤᠨ ᠳᠤᠮᠳᠠ ᠬᠢᠷᠢ ᠳᠤ᠂ ᠢᠰᠦ᠋ᠰ ᠠᠷᠢᠭᠤᠨ ᠣᠷᠳᠣᠨ ᠳᠤ ᠣᠷᠣᠭᠠᠳ ᠰᠤᠷᠭᠠᠵᠤ ᠡᠬᠢᠯᠡᠪᠡ᠃ 15 ᠶᠦᠳᠠᠢᠴᠤᠳ ᠭᠠᠢᠬᠠᠯᠳᠤᠵᠤ᠄ 《ᠡᠨᠡ ᠬᠥᠮᠦᠨ ᠰᠤᠷᠤᠯᠴᠠᠭ᠎ᠠ ᠦᠭᠡᠢ ᠪᠠᠢᠵᠤ᠂ ᠶᠠᠭᠠᠬᠢᠵᠤ ᠨᠣᠮ ᠮᠡᠳᠡᠭᠰᠡᠨ ᠪᠣᠯ︖》 ᠭᠡᠬᠦ ᠳᠦ᠂ 16 ᠢᠰᠦ᠋ᠰ ᠬᠠᠷᠢᠭᠤ ᠳᠤᠨᠢ᠄ 《ᠮᠢᠨᠦ ᠰᠤᠷᠭᠠᠯ ᠪᠣᠯ ᠮᠢᠨᠦᠬᠢ ᠪᠢᠰᠢ᠂ ᠬᠠᠷᠢᠨ ᠨᠠᠮᠠᠶᠢ ᠢᠯᠡᠭᠡᠭᠰᠡᠨ ᠨᠢᠭᠡᠨ ᠦ ᠬᠢ᠃ 17 ᠪᠤᠷᠬᠠᠨ ᠤ ᠰᠠᠨᠠᠭ᠎ᠠ ᠶᠢ ᠪᠡᠶᠡᠯᠡᠭᠦᠯᠦᠶ᠎ᠡ ᠭᠡᠰᠡᠨ ᠨᠢᠭᠡᠨ ᠨᠢ᠂ ᠡᠨᠡ ᠰᠤᠷᠭᠠᠯ ᠪᠤᠷᠬᠠᠨ ᠠᠴᠠ ᠭᠠᠷᠤᠭᠰᠠᠨ ᠤᠤ᠂ ᠡᠰᠡᠪᠡᠯ ᠲᠠᠪᠠ ᠪᠠᠷ ᠢᠶᠠᠨ ᠶᠠᠷᠢᠵᠤ ᠪᠠᠢᠨ᠎ᠠ ᠤᠤ ᠭᠡᠳᠡᠭ ᠢ ᠮᠠᠨᠢ ᠮᠡᠳᠡᠬᠦ ᠪᠣᠯᠣᠨ᠎ᠠ᠃ 18 ᠲᠠᠪᠠ ᠪᠠᠷ ᠢᠶᠠᠨ ᠶᠠᠷᠢᠭᠴᠢ ᠨᠢ ᠥᠪᠡᠷ ᠦᠨ ᠢᠶᠠᠨ ᠠᠯᠳᠠᠷ ᠢ ᠬᠥᠭᠡᠭᠡᠴᠡᠯᠳᠡᠳᠡᠭ᠌ ᠪᠣᠯᠪᠠᠴᠤ ᠥᠪᠡᠷ ᠢ ᠨᠢ ᠢᠯᠡᠭᠡᠭᠴᠢ ᠶᠢᠨ ᠠᠯᠳᠠᠷ ᠢ ᠬᠥᠭᠡᠭᠡᠴᠡᠯᠳᠡᠳᠡᠭ᠌ ᠬᠥᠮᠦᠨ ᠪᠣᠯ ᠦᠨᠡᠨ ᠪᠥᠭᠡᠳ ᠲᠡᠭᠦᠨ ᠦ ᠳᠣᠲᠣᠷ᠎ᠠ ᠪᠤᠷᠤᠭᠤ ᠭᠡᠵᠦ ᠪᠠᠢᠬᠤ ᠦᠭᠡᠢ᠃

19 ᠮᠣᠰᠧ ᠲᠠ ᠨᠠᠷ ᠲᠤ ᠬᠠᠤᠯᠢ ᠥᠭᠭᠥᠭᠰᠡᠨ ᠪᠢᠰᠢ ᠤᠤ︖ ᠬᠠᠷᠢᠨ ᠲᠠ ᠨᠠᠷ ᠤᠨ ᠬᠡᠨ ᠨᠢ ᠴᠤ ᠬᠠᠤᠯᠢ ᠶᠢ ᠰᠠᠬᠢᠳᠠᠭ ᠦᠭᠡᠢ᠃ ᠶᠠᠭᠤᠨ ᠳᠤ ᠨᠠᠮᠠᠶᠢ ᠠᠯᠠᠬᠤ ᠭᠡᠵᠦ ᠪᠠᠢᠨ᠎ᠠ︖》 ᠭᠡᠰᠡᠨ ᠳᠦ᠂ 20 ᠣᠯᠠᠨ ᠬᠥᠮᠦᠨ᠄ 《ᠲᠠᠨ ᠳᠤ ᠴᠢᠳᠬᠥᠷ ᠣᠷᠣᠰᠢᠵᠠᠢ᠃ ᠬᠡᠨ ᠲᠠᠨ ᠢ ᠠᠯᠠᠬᠤ ᠭᠡᠵᠦ ᠪᠠᠢᠨ᠎ᠠ︖》 ᠭᠡᠯᠴᠡᠪᠡ᠃ 21 ᠢᠰᠦ᠋ᠰ ᠬᠠᠷᠢᠭᠤ ᠳᠤᠨᠢ᠄ 《ᠪᠢ ᠨᠢᠭᠡ ᠠᠵᠢᠯ ᠬᠢᠭᠰᠡᠨ ᠳᠦ ᠲᠠ ᠪᠦᠬᠦᠨ ᠭᠠᠢᠬᠠᠯᠳᠤᠵᠤ ᠪᠠᠢᠨ᠎ᠠ᠃ 22 ᠮᠣᠰᠧ ᠲᠠ ᠨᠠᠷ ᠲᠤ ᠬᠥᠪᠴᠢᠷᠬᠡᠢ ᠬᠥᠨᠳᠡᠯᠲᠡ (ᠮᠣᠰᠧ ᠪᠢᠰᠢ᠂ ᠡᠪᠦᠭᠡ ᠳᠡᠭᠡᠳᠦᠰ ᠡᠭᠦᠨ ᠢ ᠡᠬᠢᠯᠡᠭᠰᠡᠨ᠃) ᠶᠢ ᠲᠤᠰᠢᠶᠠᠭᠰᠠᠨ ᠤᠴᠢᠷ ᠠᠴᠠ ᠲᠠ ᠨᠠᠷ ᠠᠮᠠᠷᠠᠯ ᠤᠨ ᠡᠳᠦᠷ ᠢᠶᠡᠷ ᠴᠤ ᠬᠥᠮᠦᠨ ᠦ ᠬᠥᠪᠴᠢᠷᠬᠡᠢ ᠶᠢ ᠬᠥᠨᠳᠡᠳᠡᠭ᠃ 23 ᠮᠣᠰᠧ ᠶᠢᠨ ᠬᠠᠤᠯᠢ ᠶᠢ ᠬᠦᠴᠦᠨ ᠦᠭᠡᠢ ᠪᠣᠯᠭᠠᠬᠤ ᠦᠭᠡᠢ ᠶᠢᠨ ᠲᠤᠯᠠᠳᠠ ᠬᠥᠮᠦᠨ ᠠᠮᠠᠷᠠᠯ ᠤᠨ ᠡᠳᠦᠷ ᠢᠶᠡᠷ ᠴᠤ ᠬᠥᠪᠴᠢᠷᠬᠡᠢ ᠬᠥᠨᠳᠡᠭᠦᠯᠳᠡᠭ ᠪᠠᠢᠬᠤ ᠳᠤ᠂ ᠠᠮᠠᠷᠠᠯ ᠤᠨ ᠡᠳᠦᠷ ᠬᠥᠮᠦᠨ ᠦ ᠪᠦᠲᠦᠨ ᠪᠡᠶ᠎ᠡ ᠶᠢ ᠡᠷᠡᠭᠦᠯᠵᠢᠭᠦᠯᠦᠭᠰᠡᠨ ᠳᠦ ᠮᠢᠨᠢ ᠲᠠ ᠨᠠᠷ ᠨᠠᠳᠠ ᠳᠤ ᠠᠭᠤᠷᠯᠠᠨ᠎ᠠ ᠤᠤ︖ 24 ᠭᠠᠳᠠᠨᠠᠬᠢ ᠲᠥᠷᠬᠥ ᠪᠡᠷ ᠨᠢ ᠰᠢᠭᠦᠬᠦ ᠪᠡᠨ ᠪᠣᠯᠢ᠂ ᠵᠥᠪ ᠰᠢᠳᠤᠷᠭᠤ ᠪᠠᠷ ᠰᠢᠭᠦ》 ᠭᠡᠵᠦ ᠬᠡᠯᠡᠪᠡ᠃

25 ᠶᠧᠷᠦ᠋ᠰᠠᠯᠧᠮᠴᠤᠳ ᠤᠨ ᠵᠠᠷᠢᠮ ᠨᠢ᠄ 《ᠲᠡᠳᠡᠨ ᠦ ᠠᠯᠠᠬᠤ ᠭᠡᠵᠦ ᠪᠠᠢᠭ᠎ᠠ ᠬᠥᠮᠦᠨ ᠴᠢᠨᠢ ᠡᠨᠡ ᠪᠢᠰᠢ ᠤᠤ︖ 26 ᠬᠠᠷᠠᠭᠠᠴᠢ᠂ ᠲᠡᠷᠡ ᠢᠯᠡ ᠪᠡᠷ ᠶᠠᠷᠢᠵᠤ ᠪᠠᠢᠲᠠᠯ᠎ᠠ ᠲᠡᠳᠡ ᠶᠠᠭᠤ ᠴᠤ ᠬᠡᠯᠡᠬᠦ ᠦᠭᠡᠢ ᠪᠠᠢᠨ᠎ᠠ᠃ ᠵᠠᠬᠢᠷᠤᠭᠴᠢᠳ ᠡᠨᠡ ᠬᠥᠮᠦᠨ ᠢ ᠦᠨᠡᠬᠡᠷ ᠾᠷᠢᠰᠲ᠋ᠣᠰ ᠭᠡᠵᠦ ᠮᠡᠳᠡᠭᠰᠡᠨ ᠪᠣᠯᠪᠠ ᠤᠤ︖ 27 ᠭᠡᠪᠡᠴᠦ ᠡᠨᠡ ᠬᠥᠮᠦᠨ ᠬᠠᠮᠢᠭ᠎ᠠ ᠠᠴᠠ ᠢᠷᠡᠭᠰᠡᠨ ᠢ ᠪᠢᠳᠡ ᠮᠡᠳᠡᠨ᠎ᠡ᠃ ᠬᠠᠷᠢᠨ ᠾᠷᠢᠰᠲ᠋ᠣᠰ ᠢᠷᠡᠬᠦ ᠳᠦ᠂ ᠬᠠᠮᠢᠭ᠎ᠠ ᠠᠴᠠ ᠢᠷᠡᠭᠰᠡᠨ ᠢ ᠨᠢ ᠬᠡᠨ ᠴᠤ ᠮᠡᠳᠡᠬᠦ ᠦᠭᠡᠢ》 ᠬᠡᠮᠡᠨ ᠶᠠᠷᠢᠵᠠᠭᠠᠵᠤ ᠪᠠᠢᠯ᠎ᠠ᠃ 28 ᠲᠡᠢᠮᠦ ᠡᠴᠡ ᠢᠰᠦ᠋ᠰ ᠠᠷᠢᠭᠤᠨ ᠣᠷᠳᠣᠨ ᠤ ᠳᠣᠲᠣᠷ᠎ᠠ ᠴᠢᠩᠭ᠍᠎ᠠ ᠳᠠᠭᠤ ᠪᠠᠷ ᠰᠤᠷᠭᠠᠵᠤ᠄ 《ᠲᠠ ᠨᠠᠷ ᠨᠠᠮᠠᠶᠢ ᠲᠠᠨᠢᠨ᠎ᠠ᠂ ᠪᠠᠰᠠ ᠮᠢᠨᠦ ᠬᠠᠮᠢᠭ᠎ᠠ ᠠᠴᠠ ᠢᠷᠡᠭᠰᠡᠨ ᠢ ᠮᠡᠳᠡᠨ᠎ᠡ᠃ ᠪᠢ ᠥᠪᠡᠷ ᠦᠨ ᠢᠶᠠᠨ ᠰᠠᠨᠠᠭ᠎ᠠ ᠪᠠᠷ ᠢᠷᠡᠭᠰᠡᠨ ᠪᠢᠰᠢ᠂ ᠬᠠᠷᠢᠨ ᠨᠠᠮᠠᠶᠢ ᠢᠯᠡᠭᠡᠭᠴᠢ ᠨᠢ ᠦᠨᠡᠨ ᠶᠤᠮ᠃ ᠲᠠ ᠨᠠᠷ ᠲᠡᠭᠦᠨ ᠢ ᠲᠠᠨᠢᠬᠤ ᠦᠭᠡᠢ ᠪᠣᠯᠪᠠᠴᠤ 29 ᠪᠢ ᠲᠡᠭᠦᠨ ᠢ ᠲᠠᠨᠢᠨ᠎ᠠ᠃ ᠤᠴᠢᠷ ᠨᠢ ᠪᠢ ᠲᠡᠭᠦᠨ ᠡᠴᠡ ᠢᠷᠡᠭᠰᠡᠨ ᠪᠥᠭᠡᠳ ᠲᠡᠷᠡ ᠨᠠᠮᠠᠶᠢ ᠢᠯᠡᠭᠡᠭᠰᠡᠨ》 ᠭᠡᠰᠡᠨ ᠳᠦ᠂ 30 ᠲᠡᠳᠡ ᠢᠰᠦ᠋ᠰ ᠢ ᠪᠠᠷᠢᠪᠴᠢᠯᠠᠬᠤ ᠭᠡᠰᠡᠨ ᠪᠣᠯᠪᠠᠴᠤ ᠬᠡᠨ ᠴᠤ ᠲᠡᠭᠦᠨ ᠳᠦ ᠭᠠᠷ ᠬᠦᠷᠦᠭᠰᠡᠨ ᠦᠭᠡᠢ᠃ ᠤᠴᠢᠷ ᠨᠢ ᠲᠡᠭᠦᠨ ᠦ ᠴᠠᠭ ᠬᠠᠷᠠᠬᠠᠨ ᠪᠣᠯᠣᠭ᠎ᠠ ᠦᠭᠡᠢ ᠪᠠᠢᠪᠠ᠃ 31 ᠬᠠᠷᠢᠨ ᠬᠤᠷᠠᠭᠰᠠᠨ ᠣᠯᠠᠨ ᠤ ᠳᠤᠮᠳᠠ ᠠᠴᠠ ᠣᠯᠠᠨ ᠬᠥᠮᠦᠨ ᠲᠡᠭᠦᠨ ᠢ ᠢᠲᠡᠭᠡᠪᠡ᠃ ᠲᠡᠳᠡ᠄ 《ᠾᠷᠢᠰᠲ᠋ᠣᠰ ᠢᠷᠡᠪᠡᠴᠦ ᠡᠨᠡ ᠬᠥᠮᠦᠨ ᠦ ᠦᠢᠯᠡᠳᠦᠭᠰᠡᠨ ᠡᠴᠡ ᠢᠯᠡᠭᠦᠦ ᠰᠢᠳᠢ ᠲᠡᠮᠳᠡᠭ ᠢ ᠦᠢᠯᠡᠳᠴᠢᠬᠡᠨ᠎ᠡ ᠭᠡᠵᠢ ᠤᠤ︖》 ᠬᠡᠮᠡᠨ ᠶᠠᠷᠢᠯᠴᠠᠵᠤ ᠪᠠᠢᠯ᠎ᠠ᠃ 32 ᠢᠰᠦ᠋ᠰ ᠤᠨ ᠲᠤᠬᠠᠢ ᠬᠥᠮᠦᠰ ᠦᠨ ᠢᠩᠭᠢᠵᠦ ᠰᠢᠪᠡᠨᠡᠯᠳᠦᠬᠦ ᠶᠢ ᠹᠠᠷᠢᠰᠠᠢᠴᠤᠳ ᠰᠣᠨᠣᠰᠣᠭᠰᠠᠨ ᠪᠥᠭᠡᠳ ᠠᠬᠠᠯᠠᠬᠤ ᠲᠠᠬᠢᠯᠴᠢᠳ ᠪᠣᠯᠣᠨ ᠹᠠᠷᠢᠰᠠᠢᠴᠤᠳ ᠲᠡᠭᠦᠨ ᠢ ᠪᠠᠷᠢᠭᠤᠯᠬᠤ ᠪᠠᠷ ᠬᠠᠷᠠᠭᠤᠯ ᠤᠳ ᠢ ᠢᠯᠡᠭᠡᠪᠡ᠃

33 ᠲᠡᠭᠡᠲᠡᠯ᠎ᠡ ᠢᠰᠦ᠋ᠰ᠄ 《ᠪᠢ ᠲᠠ ᠨᠠᠷ ᠲᠠᠢ ᠲᠦᠷ ᠵᠠᠭᠤᠷ᠎ᠠ ᠬᠠᠮᠲᠤ ᠪᠠᠢᠭᠰᠠᠨ ᠢᠶᠠᠨ ᠨᠠᠮᠠᠶᠢ ᠢᠯᠡᠭᠡᠭᠴᠢ ᠤᠷᠤᠭᠤ ᠪᠠᠨ ᠪᠤᠴᠠᠨ᠎ᠠ᠃ 34 ᠲᠠ ᠨᠠᠷ ᠨᠠᠮᠠᠶᠢ ᠬᠠᠢᠪᠠᠴᠤ ᠣᠯᠬᠤ ᠦᠭᠡᠢ᠂ ᠮᠢᠨᠦ ᠪᠠᠢᠭ᠎ᠠ ᠭᠠᠵᠠᠷ ᠲᠤ ᠣᠴᠢᠵᠤ ᠴᠢᠳᠠᠬᠤ ᠦᠭᠡᠢ》 ᠭᠡᠪᠡ᠃ 35 ᠶᠦᠳᠠᠢᠴᠤᠳ ᠬᠣᠭᠣᠷᠣᠨᠳᠣ ᠪᠠᠨ᠄ 《ᠲᠡᠷᠡ ᠬᠠᠮᠢᠭᠠᠰᠢ ᠪᠠᠨ ᠶᠠᠪᠤᠭᠠᠳ ᠪᠢᠳᠡᠨ ᠳᠦ ᠣᠯᠳᠠᠬᠤ ᠦᠭᠡᠢ ᠪᠣᠯᠬᠤ ᠶᠤᠮ ᠪᠣᠯ︖ ᠭᠷᠧᠭᠴᠦᠳ ᠦᠨ ᠳᠤᠮᠳᠠ ᠲᠠᠷᠬᠠᠭᠰᠠᠨ ᠶᠦᠳᠠᠢᠴᠤᠳ ᠤᠷᠤᠭᠤ ᠣᠴᠢᠵᠤ᠂ ᠭᠷᠧᠭᠴᠦᠳ ᠢ ᠰᠤᠷᠭᠠᠬᠤ ᠶᠤᠮ ᠪᠣᠯ ᠤᠤ︖ 36 〈ᠨᠠᠮᠠᠶᠢ ᠬᠠᠢᠪᠠᠴᠤ ᠣᠯᠬᠤ ᠦᠭᠡᠢ᠂ ᠮᠢᠨᠦ ᠪᠠᠢᠭ᠎ᠠ ᠭᠠᠵᠠᠷ ᠲᠤ ᠬᠦᠷᠴᠦ ᠴᠢᠳᠠᠬᠤ ᠦᠭᠡᠢ〉 ᠭᠡᠰᠡᠨ ᠡᠨᠡ ᠦᠭᠡ ᠨᠢ ᠶᠠᠮᠠᠷ ᠤᠳᠬ᠎ᠠ ᠲᠠᠢ ᠶᠤᠮ ᠪᠣᠯ︖》 ᠭᠡᠵᠡᠭᠡᠪᠡ᠃

37 ᠪᠠᠶᠠᠷ ᠤᠨ ᠢᠳᠡ ᠬᠥᠭ ᠪᠣᠯᠬᠤ ᠡᠴᠦᠰ ᠦᠨ ᠡᠳᠦᠷ ᠢᠰᠦ᠋ᠰ ᠵᠣᠭᠰᠣᠭᠠᠳ ᠴᠢᠩᠭ᠍᠎ᠠ ᠳᠠᠭᠤ ᠪᠠᠷ᠄ 《ᠬᠡᠨ ᠴᠠᠩ᠋ᠭᠠᠪᠠᠯ ᠨᠠᠳᠠ ᠤᠷᠤᠭᠤ ᠢᠷᠡᠵᠦ ᠤᠤᠭᠤᠭᠲᠤᠨ᠂ 38 ᠨᠠᠮᠠᠶᠢ ᠢᠲᠡᠭᠡᠭᠴᠢ ᠨᠢ ᠡᠭᠡᠭᠡ ᠯᠠ ᠠᠷᠢᠭᠤᠨ ᠨᠣᠮ ᠳᠤ ᠬᠡᠯᠡᠭᠰᠡᠨᠴᠢᠯᠡᠨ᠄ 〈ᠲᠡᠭᠦᠨ ᠦ ᠳᠣᠲᠣᠷ᠎ᠠ ᠠᠴᠠ ᠠᠮᠢ ᠶᠢᠨ ᠤᠰᠤᠨ ᠤ ᠭᠣᠣᠯ ᠤᠷᠤᠰᠬᠤ ᠪᠣᠯᠣᠨ᠎ᠠ〉》 ᠭᠡᠪᠡ᠃ 39 ᠢᠰᠦ᠋ᠰ ᠥᠪᠡᠷ ᠲᠤᠨᠢ ᠢᠲᠡᠭᠡᠭᠰᠡᠨ ᠬᠥᠮᠦᠰ ᠦᠨ ᠬᠦᠯᠢᠶᠡᠨ ᠠᠪᠬᠤ ᠠᠷᠢᠭᠤᠨ ᠰᠦᠨᠡᠰᠦᠨ ᠦ ᠲᠤᠬᠠᠢ ᠢᠩᠭᠢᠵᠦ ᠬᠡᠯᠡᠵᠡᠢ᠃ ᠢᠰᠦ᠋ᠰ ᠬᠠᠷᠠᠬᠠᠨ ᠠᠯᠳᠠᠷᠰᠢᠭ᠎ᠠ ᠦᠭᠡᠢ ᠲᠤᠯᠠ ᠲᠡᠳᠡᠨ ᠳᠦ ᠠᠷᠢᠭᠤᠨ ᠰᠦᠨᠡᠰᠦ ᠰᠣᠶᠣᠷᠬᠠᠭᠳᠠᠭ᠎ᠠ ᠦᠭᠡᠢ ᠪᠠᠢᠯ᠎ᠠ᠃
 ᠣᠯᠠᠨ ᠤ ᠰᠠᠨᠠᠯ ᠵᠥᠷᠢᠯᠳᠦᠭᠰᠡᠨ ᠨᠢ

40 ᠡᠳᠡᠭᠡᠷ ᠢ ᠰᠣᠨᠣᠰᠣᠭᠰᠠᠨ ᠣᠯᠠᠨ ᠤ ᠵᠠᠷᠢᠮ ᠨᠢ᠄ 《ᠡᠨᠡ ᠬᠥᠮᠦᠨ ᠶᠠᠭ ᠨᠥᠭᠥᠭᠡ ᠡᠰᠢ ᠦᠵᠡᠭᠦᠯᠦᠭᠴᠢ ᠮᠥᠨ ᠪᠠᠢᠨ᠎ᠠ》 ᠭᠡᠬᠦ ᠳᠦ᠂ 41 ᠵᠠᠷᠢᠮ ᠨᠢ᠄ 《ᠡᠨᠡ ᠴᠢᠨᠢ ᠾᠷᠢᠰᠲ᠋ᠣᠰ ᠮᠥᠨ》 ᠭᠡᠵᠦ᠂ ᠪᠠᠰᠠ ᠵᠠᠷᠢᠮ ᠨᠢ᠄ 《ᠾᠷᠢᠰᠲ᠋ᠣᠰ ᠭᠠᠯᠢᠯᠠᠶ᠎ᠠ ᠠᠴᠠ ᠭᠠᠷᠤᠨ᠎ᠠ ᠭᠡᠵᠢ ᠤᠤ︖ 42 ᠾᠷᠢᠰᠲ᠋ᠣᠰ ᠪᠣᠯ ᠳ᠋ᠠᠸᠢᠳ᠋ ᠤᠨ ᠦᠷ᠎ᠡ ᠡᠴᠡ ᠡᠭᠦᠰᠴᠦ ᠳ᠋ᠠᠸᠢᠳ᠋ ᠤᠨ ᠨᠤᠲᠤᠭ ᠪᠧᠲ᠋ᠯᠧᠾᠧᠮ ᠡᠴᠡ ᠭᠠᠷᠤᠨ᠎ᠠ ᠭᠡᠵᠦ ᠠᠷᠢᠭᠤᠨ ᠨᠣᠮ ᠥᠭᠦᠯᠡᠳᠡᠭ ᠪᠢᠰᠢ ᠤᠤ︖》 ᠭᠡᠵᠡᠭᠡᠪᠡ᠃ 43 ᠲᠡᠢᠨ ᠬᠦ ᠢᠰᠦ᠋ᠰ ᠡᠴᠡ ᠪᠣᠯᠵᠤ᠂ ᠣᠯᠠᠨ ᠤ ᠳᠤᠮᠳᠠ ᠬᠠᠭᠠᠷᠠᠯ ᠭᠠᠷᠴᠠᠢ᠃ 44 ᠲᠡᠳᠡᠨ ᠦ ᠵᠠᠷᠢᠮ ᠨᠢ ᠲᠡᠭᠦᠨ ᠢ ᠪᠠᠷᠢᠪᠴᠢᠯᠠᠬᠤ ᠭᠡᠰᠡᠨ ᠪᠣᠯᠪᠠᠴᠤ ᠬᠡᠨ ᠴᠤ ᠲᠡᠭᠦᠨ ᠳᠦ ᠭᠠᠷ ᠬᠦᠷᠦᠭᠰᠡᠨ ᠦᠭᠡᠢ᠃

45 ᠬᠠᠷᠠᠭᠤᠯ ᠤᠳ ᠠᠬᠠᠯᠠᠬᠤ ᠲᠠᠬᠢᠯᠴᠢᠳ ᠪᠣᠯᠣᠨ ᠹᠠᠷᠢᠰᠠᠢᠴᠤᠳ ᠤᠷᠤᠭᠤ ᠪᠤᠴᠠᠵᠤ ᠢᠷᠡᠭᠰᠡᠨ ᠳᠦ᠂ ᠲᠡᠳᠡ᠄ 《ᠲᠡᠭᠦᠨ ᠢ ᠶᠠᠭᠤᠨ ᠳᠤ ᠠᠪᠴᠢᠷᠠᠭᠰᠠᠨ ᠦᠭᠡᠢ ᠪᠤᠢ︖》 ᠭᠡᠪᠡ᠃ 46 ᠬᠠᠷᠠᠭᠤᠯ ᠤᠳ᠄ 《ᠲᠡᠭᠦᠨ ᠰᠢᠭ ᠶᠠᠷᠢᠳᠠᠭ ᠬᠥᠮᠦᠨ ᠶᠡᠷᠦ ᠪᠠᠢᠭ᠎ᠠ ᠦᠭᠡᠢ ᠪᠢᠯᠡ》 ᠬᠡᠮᠡᠨ ᠬᠠᠷᠢᠭᠤᠯᠤᠭᠰᠠᠨ ᠳᠤ᠂ 47 ᠹᠠᠷᠢᠰᠠᠢᠴᠤᠳ᠄ 《ᠲᠠ ᠨᠠᠷ ᠪᠠᠰᠠ ᠪᠠᠴᠢᠯᠠᠭᠳᠠᠴᠢᠬᠠᠪᠠ ᠤᠤ︖ 48 ᠵᠠᠬᠢᠷᠤᠭᠴᠢᠳ ᠪᠣᠯᠣᠨ ᠹᠠᠷᠢᠰᠠᠢᠴᠤᠳ ᠠᠴᠠ ᠲᠡᠭᠦᠨ ᠳᠦ ᠢᠲᠡᠭᠡᠭᠰᠡᠨ ᠬᠥᠮᠦᠨ ᠠᠯᠠᠭ᠎ᠠ ᠪᠢᠰᠢ ᠤᠤ︖ 49 ᠬᠠᠷᠢᠨ ᠬᠠᠤᠯᠢ ᠮᠡᠳᠡᠳᠡᠭ ᠦᠭᠡᠢ ᠡᠨᠡ ᠣᠯᠠᠨ ᠬᠥᠮᠦᠨ ᠯᠠ ᠬᠠᠷᠢᠶᠠᠭᠳᠠᠭᠰᠠᠨ ᠳᠠ》 ᠭᠡᠪᠡ᠃ 50 ᠲᠡᠳᠡᠨ ᠦ ᠳᠣᠲᠣᠷ᠎ᠠ ᠠᠴᠠ ᠨᠢᠺᠣᠳᠧᠮ (ᠤᠷᠢᠳᠤ ᠨᠢ ᠢᠰᠦ᠋ᠰ ᠳᠡᠭᠡᠷ᠎ᠡ ᠣᠴᠢᠵᠤ ᠪᠠᠢᠭᠰᠠᠨ᠃) ᠲᠡᠳᠡᠨ ᠳᠦ᠄ 51 《ᠬᠥᠮᠦᠨ ᠦ ᠶᠠᠭᠤ ᠬᠡᠯᠡᠬᠦ ᠶᠢ ᠰᠣᠨᠣᠰᠬᠤ ᠦᠭᠡᠢ᠂ ᠪᠠᠰᠠ ᠶᠠᠭᠤ ᠬᠢᠵᠦ ᠪᠠᠢᠭ᠎ᠠ ᠶᠢ ᠨᠢ ᠮᠡᠳᠡᠬᠦ ᠦᠭᠡᠢ ᠪᠠᠷ ᠰᠢᠭᠦᠬᠦ ᠨᠢ ᠪᠢᠳᠡᠨ ᠦ ᠬᠠᠤᠯᠢ ᠪᠢᠰᠢ ᠪᠢᠵᠡ ᠳᠠ︖》 ᠭᠡᠬᠦ ᠳᠦ᠂ 52 ᠲᠡᠳᠡ᠄ 《ᠲᠠ ᠪᠠᠰᠠ ᠭᠠᠯᠢᠯᠠᠶ᠎ᠠ ᠶᠢᠨ ᠬᠢ ᠶᠤᠮ ᠤᠤ︖ ᠲᠠ ᠨᠠᠷᠢᠪᠴᠢᠯᠠᠵᠤ ᠦᠵᠡ᠂ ᠭᠠᠯᠢᠯᠠᠶ᠎ᠠ ᠠᠴᠠ ᠡᠰᠢ ᠦᠵᠡᠭᠦᠯᠦᠭᠴᠢ ᠭᠠᠷᠬᠤ ᠦᠭᠡᠢ ᠰᠢᠦ ᠳᠠ》 ᠭᠡᠵᠦ ᠬᠡᠯᠡᠪᠡ᠃ 53 〔ᠲᠡᠭᠡᠭᠡᠳ ᠬᠥᠮᠦᠰ ᠭᠡᠷ ᠭᠡᠷ ᠤᠷᠤᠭᠤ ᠪᠠᠨ ᠶᠠᠪᠤᠯ᠎ᠠ᠃