1 2 3 4 5 6 7 8 9 10 11 12 13 14 15 16 17 18 19 20 21


ᠶᠣᠬᠠᠨ ᠠᠷᠪᠠ ᠶᠢᠰᠦ
 ᠥᠷᠭᠡᠰᠦᠲᠦ ᠮᠥᠴᠢᠷ ᠢᠶᠠᠷ ᠰᠦᠯᠵᠢᠭᠰᠡᠨ ᠲᠢᠲᠢᠮ

1 ᠫᠢᠯᠠᠲ ᠢᠰᠦ᠋ᠰ ᠢ ᠠᠪᠴᠢᠷᠠᠵᠤ ᠲᠠᠰᠢᠭᠤᠷᠳᠠᠭᠤᠯᠪᠠ᠃ 2 ᠴᠡᠷᠢᠭ ᠤᠳ ᠥᠷᠭᠡᠰᠦᠲᠦ ᠮᠥᠴᠢᠷ ᠢᠶᠠᠷ ᠲᠢᠲᠢᠮ ᠰᠦᠯᠵᠢᠭᠡᠳ ᠲᠣᠯᠣᠭᠠᠢ ᠳᠡᠭᠡᠷ᠎ᠡ ᠨᠢ ᠲᠠᠯᠪᠢᠵᠤ᠂ ᠨᠢᠯ ᠶᠠᠭᠠᠨ ᠨᠥᠮᠥᠷᠭᠡ ᠨᠥᠮᠥᠷᠥᠭᠦᠯᠦᠭᠰᠡᠨ ᠦ ᠳᠠᠷᠠᠭ᠎ᠠ᠂ 3 ᠲᠡᠭᠦᠨ ᠳᠦ ᠳᠥᠭᠥᠭᠰᠡᠭᠡᠷ᠄ 《ᠶᠦᠳᠠᠢᠴᠤᠳ ᠤᠨ ᠬᠠᠭᠠᠨ ᠮᠠᠨᠳᠤᠲᠤᠭᠠᠢ︕》 ᠭᠡᠳ ᠬᠠᠴᠠᠷ ᠢ ᠨᠢ ᠠᠯᠠᠭᠠᠳᠠᠵᠤ ᠪᠠᠢᠪᠠ᠃ 4 ᠫᠢᠯᠠᠲ ᠳᠠᠬᠢᠨ ᠭᠠᠷᠴᠤ ᠢᠷᠡᠭᠡᠳ ᠶᠦᠳᠠᠢᠴᠤᠳ ᠲᠤ᠄ 《ᠬᠠᠷᠠᠭᠲᠤᠨ︕ ᠪᠢ ᠲᠡᠭᠦᠨ ᠢ ᠨᠠᠰᠢ ᠠᠪᠴᠢᠷᠠᠶ᠎ᠠ᠂ ᠪᠢ ᠲᠡᠭᠦᠨ ᠡᠴᠡ ᠶᠠᠮᠠᠷ ᠴᠤ ᠪᠤᠷᠤᠭᠤ ᠣᠯᠣᠭ᠎ᠠ ᠦᠭᠡᠢ ᠶᠢ ᠲᠠ ᠨᠠᠷ ᠮᠡᠳᠡᠬᠦ ᠪᠣᠯᠣᠨ᠎ᠠ》 ᠭᠡᠪᠡ᠃ 5 ᠢᠰᠦ᠋ᠰ ᠥᠷᠭᠡᠰᠦᠲᠦ ᠲᠢᠲᠢᠮ᠂ ᠪᠣᠷᠣ ᠤᠯᠠᠭᠠᠨ ᠨᠥᠮᠥᠷᠭᠡ ᠲᠠᠢ ᠭᠠᠷᠴᠤ ᠢᠷᠡᠬᠦ ᠳᠦ᠂ ᠫᠢᠯᠠᠲ ᠲᠡᠳᠡᠨ ᠳᠦ᠄ 《ᠬᠥᠮᠦᠨ ᠴᠢᠨᠢ ᠡᠨᠡ ᠪᠠᠢᠨ᠎ᠠ︕》 ᠭᠡᠯ᠎ᠡ᠃ 6 ᠠᠬᠠᠯᠠᠬᠤ ᠲᠠᠬᠢᠯᠴᠢᠳ ᠪᠠ ᠬᠠᠷᠠᠭᠤᠯ ᠤᠳ ᠲᠡᠭᠦᠨ ᠢ ᠬᠠᠷᠠᠩ᠋ᠭᠤᠲᠠ᠄ 《ᠵᠠᠭᠠᠯᠮᠠᠢ ᠳᠤ ᠴᠣᠪᠳᠣᠯᠠ︕ ᠴᠣᠪᠳᠣᠯᠠ︕》 ᠭᠡᠵᠦ ᠬᠠᠰᠬᠢᠷᠤᠯᠳᠤᠬᠤ ᠳᠤ᠂ ᠫᠢᠯᠠᠲ᠄ 《ᠲᠠ ᠨᠠᠷ ᠥᠪᠡᠷᠰᠡᠳ ᠢᠶᠡᠨ ᠲᠡᠭᠦᠨ ᠢ ᠠᠪᠠᠴᠢᠵᠤ ᠵᠠᠭᠠᠯᠮᠠᠢ ᠳᠤ ᠴᠣᠪᠳᠣᠯᠠ᠂ ᠪᠢ ᠲᠡᠭᠦᠨ ᠡᠴᠡ ᠶᠠᠮᠠᠷ ᠴᠤ ᠭᠡᠮ ᠪᠤᠷᠤᠭᠤ ᠣᠯᠣᠭᠰᠠᠨ ᠦᠭᠡᠢ》 ᠭᠡᠰᠡᠨ ᠳᠦ᠂ 7 ᠶᠦᠳᠠᠢᠴᠤᠳ᠄ 《ᠪᠢᠳᠡᠨ ᠳᠦ ᠬᠠᠤᠯᠢ ᠪᠤᠢ᠂ ᠲᠡᠷᠡ ᠬᠠᠤᠯᠢ ᠪᠠᠷ ᠪᠣᠯ ᠲᠡᠷᠡ ᠦᠬᠦᠬᠦ ᠶᠣᠰᠣᠲᠠᠢ᠃ ᠲᠡᠷᠡ ᠥᠪᠡᠷ ᠢ ᠪᠠᠨ ᠪᠤᠷᠬᠠᠨ ᠤ ᠬᠦᠦ ᠭᠡᠰᠡᠨ》 ᠭᠡᠵᠡᠭᠡᠵᠦ ᠪᠠᠢᠯ᠎ᠠ᠃

8 ᠫᠢᠯᠠᠲ ᠡᠭᠦᠨ ᠢ ᠰᠣᠨᠣᠰᠣᠭᠠᠳ ᠤᠯᠠᠮ ᠶᠡᠬᠡ ᠠᠶᠤᠵᠤ᠂ 9 ᠣᠷᠳᠣᠨ ᠳᠠᠭᠠᠨ ᠳᠠᠬᠢᠨ ᠣᠷᠣᠵᠤ᠄ 《ᠴᠢ ᠬᠠᠮᠢᠭ᠎ᠠ ᠠᠴᠠ ᠢᠷᠡᠭᠰᠡᠨ ᠪᠤᠢ︖》 ᠭᠡᠵᠦ ᠠᠰᠠᠭᠤᠭᠰᠠᠨ ᠴᠤ ᠢᠰᠦ᠋ᠰ ᠬᠠᠷᠢᠭᠤ ᠳᠤᠤᠭᠠᠷᠤᠭᠰᠠᠨ ᠦᠭᠡᠢ᠃ 10 ᠫᠢᠯᠠᠲ᠄ 《ᠴᠢ ᠨᠠᠳᠠ ᠳᠤ ᠬᠡᠯᠡᠬᠦ ᠦᠭᠡᠢ ᠤᠤ︖ ᠴᠢᠮᠠᠶᠢ ᠰᠤᠯᠠᠯᠠᠬᠤ ᠡᠷᠬᠡ ᠴᠤ᠂ ᠵᠠᠭᠠᠯᠮᠠᠢ ᠳᠤ ᠴᠣᠪᠳᠣᠯᠠᠬᠤ ᠡᠷᠬᠡ ᠴᠤ ᠨᠠᠳᠠ ᠳᠤ ᠪᠠᠢᠭ᠎ᠠ ᠶᠢ ᠴᠢ ᠣᠢᠯᠠᠭᠠᠬᠤ ᠦᠭᠡᠢ ᠪᠠᠢᠨ᠎ᠠ ᠤᠤ︖》 ᠭᠡᠬᠦ ᠳᠦ᠂ 11 ᠢᠰᠦ᠋ᠰ ᠬᠠᠷᠢᠭᠤ ᠳᠤᠨᠢ᠄ 《ᠬᠡᠷᠪᠡ ᠳᠡᠭᠡᠷ᠎ᠡ ᠡᠴᠡ ᠰᠣᠶᠣᠷᠬᠠᠭ᠎ᠠ ᠦᠭᠡᠢ ᠪᠠᠢᠭᠰᠠᠨ ᠪᠣᠯ᠂ ᠴᠢᠮ᠎ᠠ ᠳᠤ ᠨᠠᠳᠠ ᠲᠠᠢ ᠬᠠᠯᠳᠠᠬᠤ ᠶᠠᠮᠠᠷ ᠴᠤ ᠡᠷᠬᠡ ᠪᠠᠢᠬᠤ ᠦᠭᠡᠢ᠂ ᠲᠡᠢᠮᠦ ᠡᠴᠡ ᠨᠠᠮᠠᠶᠢ ᠴᠢᠮ᠎ᠠ ᠳᠤ ᠲᠤᠰᠢᠶᠠᠭᠰᠠᠨ ᠬᠥᠮᠦᠨ ᠨᠢ ᠢᠯᠡᠭᠦᠦ ᠨᠢᠭᠦᠯ ᠲᠡᠢ ᠶᠤᠮ》 ᠭᠡᠪᠡ᠃ 12 ᠡᠭᠦᠨ ᠡᠴᠡ ᠬᠣᠢᠰᠢ ᠫᠢᠯᠠᠲ ᠢᠰᠦ᠋ᠰ ᠢ ᠰᠤᠯᠠᠯᠠᠬᠤ ᠪᠠᠷ ᠬᠢᠴᠢᠶᠡᠭᠰᠡᠨ ᠪᠣᠯᠪᠠᠴᠤ ᠶᠦᠳᠠᠢᠴᠤᠳ᠄ 《ᠲᠠ ᠬᠡᠷᠪᠡ ᠡᠨᠡ ᠬᠥᠮᠦᠨ ᠢ ᠰᠤᠯᠠᠯᠠᠪᠠᠯ ᠺᠠᠶᠧᠰᠠᠷ ᠬᠠᠭᠠᠨ ᠤ ᠠᠨᠳᠠ ᠪᠢᠰᠢ᠂ ᠥᠪᠡᠷ ᠢ ᠪᠠᠨ ᠬᠠᠭᠠᠨ ᠭᠡᠭᠴᠢ ᠪᠣᠯᠭᠠᠨ ᠺᠠᠶᠧᠰᠠᠷ ᠬᠠᠭᠠᠨ ᠠᠴᠠ ᠲᠡᠷᠰᠯᠡᠭᠴᠢ ᠮᠥᠨ》 ᠭᠡᠵᠦ ᠬᠠᠰᠬᠢᠷᠤᠯᠳᠤᠵᠤ ᠪᠠᠢᠪᠠ᠃

13 ᠫᠢᠯᠠᠲ ᠡᠭᠦᠨ ᠢ ᠰᠣᠨᠣᠰᠣᠭᠠᠳ ᠢᠰᠦ᠋ᠰ ᠢ ᠠᠪᠴᠢᠷᠠᠭᠤᠯᠵᠤ᠂ ᠰᠢᠭᠢᠳᠬᠡᠮᠡᠯ ᠴᠢᠯᠠᠭᠤᠲᠤ (ᠢᠪᠷᠠᠢ ᠪᠠᠷ ᠭᠠᠪᠠᠲ᠋ᠠ) ᠭᠡᠳᠡᠭ ᠭᠠᠵᠠᠷ ᠳᠠᠬᠢ ᠰᠢᠭᠦᠭᠴᠢ ᠶᠢᠨ ᠰᠠᠭᠤᠳᠠᠯ ᠳᠤ ᠰᠠᠭᠤᠪᠠ᠃ 14 ᠲᠡᠭᠡᠬᠦ ᠳᠦ ᠭᠡᠲᠦᠯᠭᠡᠭᠰᠡᠨ ᠦ ᠪᠠᠶᠠᠷ ᠤᠨ ᠪᠡᠯᠡᠳᠬᠡᠯ ᠦᠨ ᠡᠳᠦᠷ ᠦᠨ ᠦᠳᠡ ᠶᠢᠨ ᠣᠷᠴᠢᠮ ᠪᠠᠢᠯ᠎ᠠ᠃ ᠫᠢᠯᠠᠲ ᠶᠦᠳᠠᠢᠴᠤᠳ ᠲᠤ᠄ 《ᠬᠠᠭᠠᠨ ᠴᠢᠨᠢ ᠡᠨᠡ ᠪᠠᠢᠨ᠎ᠠ︕》 ᠭᠡᠰᠡᠨ ᠳᠦ᠂ 15 ᠲᠡᠳᠡ᠄ 《ᠲᠡᠭᠦᠨ ᠢ ᠲᠣᠨᠢᠯᠭ᠎ᠠ᠂ ᠲᠣᠨᠢᠯᠭ᠎ᠠ︕ ᠲᠡᠭᠦᠨ ᠢ ᠵᠠᠭᠠᠯᠮᠠᠢ ᠳᠤ ᠴᠣᠪᠳᠣᠯᠠ︕》 ᠭᠡᠵᠦ ᠬᠠᠰᠬᠢᠷᠤᠯᠳᠤᠪᠠ᠃ ᠫᠢᠯᠠᠲ᠄ 《ᠲᠠ ᠨᠠᠷ ᠤᠨ ᠬᠠᠭᠠᠨ ᠢ ᠪᠢ ᠴᠣᠪᠳᠣᠯᠠᠬᠤ ᠭᠡᠵᠢ ᠤᠤ︖》 ᠭᠡᠬᠦ ᠳᠦ᠂ ᠠᠬᠠᠯᠠᠬᠤ ᠲᠠᠬᠢᠯᠴᠢᠳ᠄ 《ᠺᠠᠶᠧᠰᠠᠷ ᠠᠴᠠ ᠥᠭᠡᠷ᠎ᠡ ᠬᠠᠭᠠᠨ ᠪᠢᠳᠡᠨ ᠳᠦ ᠪᠠᠢᠬᠤ ᠦᠭᠡᠢ》 ᠭᠡᠵᠡᠭᠡᠪᠡ᠃ 16 ᠡᠴᠦᠰ ᠲᠤᠨᠢ ᠫᠢᠯᠠᠲ ᠢᠰᠦ᠋ᠰ ᠢ ᠵᠠᠭᠠᠯᠮᠠᠢ ᠳᠤ ᠴᠣᠪᠳᠣᠯᠠᠭᠤᠯᠬᠤ ᠪᠠᠷ ᠲᠡᠳᠡᠨ ᠳᠦ ᠲᠤᠰᠢᠶᠠᠭᠰᠠᠨ ᠳᠤ᠂ ᠲᠡᠳᠡ ᠢᠰᠦ᠋ᠰ ᠢ ᠠᠪᠤᠭᠠᠳ ᠶᠠᠪᠤᠪᠠ᠃
 ᠢᠰᠦ᠋ᠰ ᠵᠠᠭᠠᠯᠮᠠᠢ ᠳᠤ ᠴᠣᠪᠳᠣᠯᠠᠭᠳᠠᠭᠰᠠᠨ ᠨᠢ

17 ᠢᠰᠦ᠋ᠰ ᠥᠪᠡᠷ ᠢᠶᠡᠨ ᠵᠠᠭᠠᠯᠮᠠᠢ ᠶᠢ ᠡᠭᠦᠷᠦᠭᠰᠡᠭᠡᠷ ᠭᠠᠷᠴᠤ ᠭᠠᠪᠠᠯᠠ ᠶᠢᠨ ᠭᠠᠵᠠᠷ (ᠢᠪᠷᠠᠢ ᠪᠠᠷ ᠭᠣᠯᠭᠣᠲ᠋ᠠ) ᠭᠡᠳᠡᠭ ᠭᠠᠵᠠᠷ ᠤᠷᠤᠭᠤ ᠶᠠᠪᠤᠯ᠎ᠠ᠃ 18 ᠢᠰᠦ᠋ᠰ ᠢ ᠲᠡᠨᠳᠡ ᠴᠣᠪᠳᠣᠯᠠᠵᠠᠢ᠃ ᠲᠡᠭᠡᠬᠦ ᠳᠡᠭᠡᠨ ᠬᠣᠶᠠᠷ ᠲᠠᠯ᠎ᠠ ᠳᠤᠨᠢ ᠨᠢᠭᠡ ᠨᠢᠭᠡ ᠬᠥᠮᠦᠨ ᠢ᠂ ᠢᠰᠦ᠋ᠰ ᠢ ᠳᠤᠮᠳᠠ ᠨᠢ ᠴᠣᠪᠳᠣᠯᠠᠵᠠᠢ᠃ 19 ᠫᠢᠯᠠᠲ ᠥᠪᠡᠷ ᠦᠨ ᠢᠶᠠᠨ ᠪᠢᠴᠢᠭᠰᠡᠨ 《ᠶᠦᠳᠠᠢᠴᠤᠳ ᠤᠨ ᠬᠠᠭᠠᠨ — ᠨᠠᠽᠠᠷᠧᠲ ᠤᠨ ᠢᠰᠦ᠋ᠰ》 ᠭᠡᠬᠦ ᠫᠠᠢᠰᠠ ᠶᠢ ᠢᠰᠦ᠋ᠰ ᠤᠨ ᠵᠠᠭᠠᠯᠮᠠᠢ ᠳᠡᠭᠡᠷ᠎ᠡ ᠡᠯᠭᠦᠭᠦᠯᠪᠡ᠃ 20 ᠢᠰᠦ᠋ᠰ ᠢ ᠴᠣᠪᠳᠣᠯᠠᠭᠰᠠᠨ ᠭᠠᠵᠠᠷ ᠬᠣᠲᠠ ᠠᠴᠠ ᠬᠣᠯᠠ ᠦᠭᠡᠢ ᠲᠤᠯᠠ ᠶᠦᠳᠠᠢᠴᠤᠳ ᠣᠯᠠᠨ ᠢᠶᠠᠷ ᠢᠶᠠᠨ ᠡᠭᠦᠨ ᠢ ᠤᠩ᠋ᠰᠢᠵᠠᠢ᠃ ᠫᠠᠢᠰᠠᠨ ᠳᠡᠭᠡᠷ᠎ᠡ ᠢᠪᠷᠠᠢ᠂ ᠯᠠᠲ᠋ᠢᠨ᠂ ᠭᠷᠧᠭ ᠬᠡᠯᠡ ᠪᠡᠷ ᠪᠢᠴᠢᠭᠰᠡᠨ ᠪᠠᠢᠪᠠ᠃ 21 ᠶᠦᠳᠠᠢᠴᠤᠳ ᠤᠨ ᠠᠬᠠᠯᠠᠬᠤ ᠲᠠᠬᠢᠯᠴᠢᠳ ᠫᠢᠯᠠᠲ ᠲᠤ᠄ 《〈ᠶᠦᠳᠠᠢᠴᠤᠳ ᠤᠨ ᠬᠠᠭᠠᠨ〉 ᠭᠡᠵᠦ ᠪᠦᠦ ᠪᠢᠴᠢ᠂ ᠬᠠᠷᠢᠨ 〈ᠥᠪᠡᠷ ᠢ ᠪᠠᠨ ᠶᠦᠳᠠᠢᠴᠤᠳ ᠤᠨ ᠬᠠᠭᠠᠨ ᠭᠡᠰᠡᠨ〉 ᠭᠡᠵᠦ ᠪᠢᠴᠢᠭᠲᠦᠨ》 ᠭᠡᠰᠡᠨ ᠳᠦ᠂ 22 ᠫᠢᠯᠠᠲ᠄ 《ᠪᠢ ᠪᠢᠴᠢᠶ᠎ᠡ ᠭᠡᠰᠡᠨ ᠢᠶᠡᠨ ᠪᠢᠴᠢᠴᠢᠬᠡᠭᠰᠡᠨ》 ᠭᠡᠪᠡ᠃ 23 ᠴᠡᠷᠢᠭ ᠤᠳ ᠢᠰᠦ᠋ᠰ ᠢ ᠴᠣᠪᠳᠣᠯᠠᠭᠰᠠᠨ ᠤ ᠳᠠᠷᠠᠭ᠎ᠠ᠂ ᠲᠡᠭᠦᠨ ᠦ ᠭᠠᠳᠠᠭᠤᠷ ᠬᠤᠪᠴᠠᠰᠤ ᠶᠢ ᠠᠪᠴᠤ ᠳᠥᠷᠪᠡ ᠬᠤᠪᠢᠶᠠᠭᠠᠳ᠂ ᠬᠤᠪᠢ ᠬᠤᠪᠢ ᠪᠠᠨ ᠬᠦᠷᠲᠡᠵᠡᠢ᠃ ᠳᠣᠲᠣᠷ ᠬᠤᠪᠴᠠᠰᠤ ᠨᠢ ᠣᠶᠣᠳᠠᠯ ᠦᠭᠡᠢ᠂ ᠳᠡᠭᠡᠷ᠎ᠡ ᠡᠴᠡ ᠪᠡᠨ ᠳᠣᠣᠷ᠎ᠠ ᠬᠦᠷᠲᠡᠯ᠎ᠡ ᠪᠢᠲᠡᠭᠦᠦ ᠨᠡᠬᠡᠭᠳᠡᠭᠰᠡᠨ ᠤᠴᠢᠷ ᠠᠴᠠ᠂ 24 ᠲᠡᠳᠡ ᠬᠣᠭᠣᠷᠣᠨᠳᠣ ᠪᠠᠨ᠄ 《ᠡᠭᠦᠨ ᠢ ᠤᠷᠠᠬᠤ ᠦᠭᠡᠢ ᠪᠠᠷ ᠬᠡᠨ ᠦ ᠬᠢ ᠪᠣᠯᠬᠤ ᠶᠢ ᠨᠢ ᠰᠢᠪᠠᠭᠠᠳᠠᠵᠤ ᠰᠢᠢᠳᠦᠶ᠎ᠡ》 ᠭᠡᠪᠡ᠃ ᠲᠡᠢᠨ ᠬᠦ 《ᠭᠠᠳᠠᠷ ᠬᠤᠪᠴᠠᠰᠤ ᠶᠢ ᠮᠢᠨᠢ ᠬᠤᠪᠢᠶᠠᠨ ᠠᠪᠴᠤ᠂ ᠳᠣᠲᠣᠷ ᠬᠤᠪᠴᠠᠰᠤᠨ ᠤ ᠮᠢᠨᠢ ᠲᠥᠯᠥᠭᠡ ᠰᠢᠪᠠᠭᠠᠳᠠᠭᠰᠠᠨ》 ᠭᠡᠰᠡᠨ ᠡᠰᠢᠯᠡᠯ ᠪᠡᠶᠡᠯᠡᠭᠳᠡᠵᠡᠢ᠃ ᠡᠳᠡᠭᠡᠷ ᠢ ᠴᠡᠷᠢᠭ ᠤᠳ ᠦᠢᠯᠡᠳᠴᠡᠢ᠃ 25 ᠢᠰᠦ᠋ᠰ ᠤᠨ ᠵᠠᠭᠠᠯᠮᠠᠢ ᠶᠢᠨ ᠳᠡᠷᠭᠡᠳᠡ ᠢᠰᠦ᠋ᠰ ᠤᠨ ᠡᠬᠡ᠂ ᠨᠠᠭᠠᠴᠤ ᠡᠬᠡ᠂ ᠺᠯᠣᠫᠠ ᠶᠢᠨ ᠡᠬᠡᠨᠡᠷ ᠮᠠᠷᠢᠶᠠ᠂ ᠮᠠᠭᠳᠠᠯ ᠤᠨ ᠮᠠᠷᠢᠶᠠ ᠨᠠᠷ ᠵᠣᠭᠰᠣᠵᠤ ᠪᠠᠢᠭᠰᠠᠨ ᠶᠤᠮ᠃ 26 ᠢᠰᠦ᠋ᠰ ᠡᠵᠢ ᠪᠣᠯᠣᠨ ᠳᠡᠷᠭᠡᠳᠡ ᠨᠢ ᠪᠠᠢᠭ᠎ᠠ ᠬᠠᠢᠷᠠᠲᠠᠢ ᠱᠠᠪᠢ ᠪᠠᠨ ᠬᠠᠷᠠᠭᠠᠳ᠂ ᠡᠵᠢ ᠳᠡᠭᠡᠨ᠄ 《ᠡᠷᠬᠢᠮ ᠪᠦᠰᠡᠭᠦᠢ ᠡ᠂ ᠬᠦᠦ ᠴᠢᠨᠢ ᠲᠡᠷᠡ ᠪᠠᠢᠨ᠎ᠠ》 ᠭᠡᠵᠦ ᠬᠡᠯᠡᠭᠡᠳ᠂ 27 ᠨᠥᠭᠥᠭᠡ ᠱᠠᠪᠢ ᠳᠠᠭᠠᠨ᠄ 《ᠡᠵᠢ ᠴᠢᠨᠢ ᠲᠡᠷᠡ ᠪᠠᠢᠨ᠎ᠠ》 ᠭᠡᠯ᠎ᠡ᠃ ᠲᠡᠷᠡ ᠴᠠᠭ ᠠᠴᠠ ᠬᠣᠢᠰᠢ ᠲᠡᠷᠡ ᠱᠠᠪᠢ ᠨᠢ ᠢᠰᠦ᠋ᠰ ᠤᠨ ᠡᠬᠡ ᠶᠢ ᠭᠡᠷ ᠲᠡᠭᠡᠨ ᠪᠠᠢᠯᠭᠠᠪᠠ᠃

28 ᠡᠭᠦᠨ ᠦ ᠳᠠᠷᠠᠭ᠎ᠠ᠂ ᠢᠰᠦ᠋ᠰ ᠪᠦᠬᠦ ᠶᠠᠭᠤᠮ᠎ᠠ ᠪᠡᠶᠡᠯᠡᠭᠳᠡᠭᠰᠡᠨ ᠢ ᠮᠡᠳᠡᠭᠡᠳ᠄ 《ᠪᠢ ᠴᠠᠩ᠋ᠭᠠᠵᠤ ᠪᠠᠢᠨ᠎ᠠ》 ᠭᠡᠪᠡ᠃ ᠲᠡᠢᠨ ᠬᠦ ᠠᠷᠢᠭᠤᠨ ᠨᠣᠮ ᠳᠤ ᠪᠢᠴᠢᠭᠳᠡᠭᠰᠡᠨ ᠨᠢ ᠪᠡᠶᠡᠯᠡᠭᠳᠡᠵᠡᠢ᠃ 29 ᠲᠡᠨᠳᠡ ᠬᠥᠨᠥᠭ ᠳᠦᠭᠦᠷᠡᠩ ᠢᠰᠭᠦᠯᠡᠩ ᠳᠠᠷᠠᠰᠤ ᠪᠠᠢᠪᠠ᠃ ᠬᠥᠮᠦᠰ ᠲᠡᠷᠡ ᠬᠦ ᠳᠠᠷᠠᠰᠤᠨ ᠠᠴᠠ ᠳᠠᠯᠠᠢ ᠶᠢᠨ ᠬᠥᠪᠥᠩ ᠳᠤ ᠰᠢᠩᠭᠡᠭᠡᠵᠦ᠂ ᠾᠢᠰᠣᠫ ᠤᠨ ᠮᠥᠴᠢᠷ ᠲᠤ ᠡᠯᠭᠦᠭᠡᠳ ᠢᠰᠦ᠋ᠰ ᠤᠨ ᠠᠮᠠᠨ ᠳᠤ ᠬᠦᠷᠭᠡᠪᠡ᠃ 30 ᠢᠰᠦ᠋ᠰ ᠢᠰᠭᠦᠯᠡᠩ ᠳᠠᠷᠠᠰᠤᠨ ᠠᠴᠠ ᠠᠪᠤᠨ᠄ 《ᠪᠦᠲᠦᠯ᠎ᠡ︕》 ᠭᠡᠵᠦ ᠬᠡᠯᠡᠭᠡᠳ ᠲᠣᠯᠣᠭᠠᠢ ᠪᠠᠨ ᠪᠥᠬᠥᠢᠯᠭᠡᠨ ᠠᠮᠢᠰᠬᠤᠯ ᠲᠠᠯᠪᠢᠪᠠ᠃

31 ᠲᠡᠷᠡ ᠡᠳᠦᠷ ᠨᠢ ᠪᠡᠯᠡᠳᠬᠡᠯ ᠦᠨ ᠡᠳᠦᠷ᠂ ᠮᠠᠷᠭᠠᠰᠢ ᠨᠢ ᠠᠮᠠᠷᠠᠯ ᠤᠨ ᠶᠡᠬᠡ ᠡᠳᠦᠷ ᠪᠣᠯᠬᠣᠷ ᠶᠦᠳᠠᠢᠴᠤᠳ ᠱᠠᠷᠢᠯ ᠤᠳ ᠢ ᠵᠠᠭᠠᠯᠮᠠᠢ ᠳᠡᠭᠡᠷ᠎ᠡ ᠪᠠᠢᠯᠭᠠᠬᠤ ᠦᠭᠡᠢ ᠶᠢᠨ ᠲᠤᠯᠠᠳᠠ ᠬᠥᠯ ᠢ ᠨᠢ ᠬᠤᠭᠤᠯᠵᠤ 24 ᠵᠠᠢᠯᠠᠭᠤᠯᠬᠤ ᠶᠢ ᠫᠢᠯᠠᠲ ᠠᠴᠠ ᠭᠤᠶᠤᠭᠰᠠᠨ ᠪᠠᠢᠪᠠ᠃ 32 ᠴᠡᠷᠢᠭ ᠤᠳ ᠶᠠᠪᠤᠵᠤ᠂ ᠢᠰᠦ᠋ᠰ ᠲᠠᠢ ᠬᠠᠮᠲᠤ ᠴᠣᠪᠳᠣᠯᠠᠭᠳᠠᠭᠰᠠᠨ ᠨᠢᠭᠡᠳᠡᠬᠢ ᠬᠥᠮᠦᠨ ᠪᠣᠯᠣᠨ ᠨᠥᠭᠥᠭᠡᠳᠡᠬᠢ ᠬᠥᠮᠦᠨ ᠦ ᠬᠥᠯ ᠢ ᠬᠤᠭᠤᠯᠪᠠ᠃ 33 ᠬᠠᠷᠢᠨ ᠢᠰᠦ᠋ᠰ ᠤᠨ ᠳᠡᠷᠭᠡᠳᠡ ᠣᠴᠢᠭᠠᠳ ᠨᠢᠭᠡᠨᠲᠡ ᠨᠥᠭᠴᠢᠭᠰᠡᠨ ᠢ ᠨᠢ ᠦᠵᠡᠭᠡᠳ ᠬᠥᠯ ᠢ ᠨᠢ ᠬᠤᠭᠤᠯᠤᠭᠰᠠᠨ ᠦᠭᠡᠢ᠃ 34 ᠴᠡᠷᠢᠭ ᠤᠳ ᠤᠨ ᠨᠢᠭᠡ ᠨᠢ ᠲᠡᠭᠦᠨ ᠦ ᠰᠦᠪᠡᠭᠡ ᠤᠷᠤᠭᠤ ᠵᠢᠳᠠᠯᠠᠭᠰᠠᠨ ᠳᠤ᠂ ᠳᠣᠣᠷ᠎ᠠ ᠪᠠᠨ ᠴᠢᠰᠤ ᠪᠠ ᠤᠰᠤ ᠭᠣᠭᠣᠵᠢᠯ᠎ᠠ᠃ 35 [ᠬᠠᠷᠠᠭᠰᠠᠨ ᠬᠥᠮᠦᠨ ᠡᠭᠦᠨ ᠢ ᠭᠡᠷᠡᠴᠢᠯᠡᠭᠰᠡᠨ ᠲᠤᠯᠠ ᠭᠡᠷᠡᠴᠢᠯᠡᠯ ᠨᠢ ᠦᠨᠡᠨ ᠶᠤᠮ᠃ ᠲᠡᠷᠡ ᠬᠡᠯᠡᠭᠰᠡᠨ ᠦ ᠪᠠᠨ ᠦᠨᠡᠨ ᠭᠡᠳᠡᠭ ᠢ ᠮᠡᠳᠡᠵᠦ᠂ ᠲᠠ ᠨᠠᠷ ᠢ ᠴᠤ ᠢᠲᠡᠭᠡᠭᠡᠰᠡᠢ ᠭᠡᠰᠡᠨ ᠳᠡᠭᠡᠨ ᠭᠡᠷᠡᠴᠢᠯᠡᠪᠡ᠃] 36 ᠡᠳᠡᠭᠡᠷ ᠶᠠᠪᠤᠳᠠᠯ ᠪᠣᠯᠣᠭᠰᠠᠨ ᠢᠶᠠᠷ 《ᠲᠡᠭᠦᠨ ᠦ ᠨᠢᠭᠡ ᠶᠠᠰᠤ ᠴᠤ ᠬᠤᠭᠤᠯᠤᠭᠳᠠᠬᠤ ᠦᠭᠡᠢ》 ᠭᠡᠰᠡᠨ ᠡᠰᠢᠯᠡᠯ ᠪᠡᠶᠡᠯᠡᠭᠳᠡᠵᠡᠢ᠃ 37 ᠥᠭᠡᠷ᠎ᠡ ᠡᠰᠢᠯᠡᠯ ᠳᠡᠭᠡᠷ᠎ᠡ 《ᠲᠡᠳᠡ ᠥᠪᠡᠷᠰᠡᠳ ᠦᠨ ᠵᠢᠳᠠᠯᠠᠭᠰᠠᠨ ᠬᠥᠮᠦᠨ ᠤᠷᠤᠭᠤ ᠪᠠᠨ ᠬᠠᠷᠠᠨ᠎ᠠ》 ᠭᠡᠰᠡᠨ ᠦᠭᠡ ᠴᠤ ᠪᠠᠢᠳᠠᠭ᠃
 ᠢᠰᠦ᠋ᠰ ᠪᠤᠯᠠᠰᠢᠯᠠᠭᠳᠠᠭᠰᠠᠨ ᠨᠢ

38 ᠡᠳᠡᠭᠡᠷ ᠶᠠᠪᠤᠳᠠᠯ ᠤᠨ ᠳᠠᠷᠠᠭ᠎ᠠ ᠠᠷᠢᠮᠠᠲ᠋ᠠ ᠬᠥᠮᠦᠨ ᠶᠣᠰᠧᠹ ᠫᠢᠯᠠᠲ ᠠᠴᠠ ᠢᠰᠦ᠋ᠰ ᠤᠨ ᠴᠣᠭᠴᠠ ᠶᠢ ᠭᠤᠶᠤᠪᠠ᠃ ᠶᠣᠰᠧᠹ ᠢᠰᠦ᠋ᠰ ᠤᠨ ᠱᠠᠪᠢ ᠪᠣᠯᠪᠠᠴᠤ ᠶᠦᠳᠠᠢᠴᠤᠳ ᠠᠴᠠ ᠠᠶᠤᠵᠤ ᠳᠠᠯᠳᠠ ᠪᠠᠢᠵᠠᠢ᠃ ᠫᠢᠯᠠᠲ ᠵᠥᠪᠰᠢᠶᠡᠷᠡᠭᠰᠡᠨ ᠳᠦ᠂ ᠲᠡᠷᠡ ᠣᠴᠢᠭᠠᠳ ᠢᠰᠦ᠋ᠰ ᠤᠨ ᠴᠣᠭᠴᠠ ᠶᠢ ᠠᠪᠴᠤ ᠶᠠᠪᠤᠪᠠ᠃ 39 ᠤᠷᠢᠳᠤ ᠨᠢ ᠢᠰᠦ᠋ᠰ ᠤᠷᠤᠭᠤ ᠰᠥᠨᠢ ᠪᠠᠷ ᠣᠴᠢᠵᠤ ᠪᠠᠢᠭᠰᠠᠨ ᠨᠢᠺᠣᠳᠧᠮ ᠴᠤ ᠵᠠᠭᠤᠨ ᠵᠢᠩ ᠣᠷᠴᠢᠮ ᠤᠨ ᠭᠦᠭᠦᠯ ᠪᠠ ᠠᠭᠠᠷᠤ ᠠᠪᠴᠢᠷᠠᠪᠠ᠃ 40 ᠲᠡᠷᠡ ᠬᠣᠶᠠᠭᠤᠯᠠ ᠢᠰᠦ᠋ᠰ ᠤᠨ ᠴᠣᠭᠴᠠ ᠶᠢ ᠠᠪᠴᠤ᠂ ᠶᠦᠳᠠᠢᠴᠤᠳ ᠤᠨ ᠣᠷᠣᠰᠢᠭᠤᠯᠭ᠎ᠠ ᠶᠢᠨ ᠶᠣᠰᠣ ᠪᠠᠷ ᠠᠩᠬᠢᠯᠤᠭᠤᠨ ᠦᠨᠦᠷ ᠰᠢᠩᠭᠡᠭᠡᠭᠰᠡᠨ ᠨᠠᠷᠢᠨ ᠣᠯᠣᠰᠣᠨ ᠪᠥᠰ ᠢᠶᠡᠷ ᠤᠷᠢᠶᠠᠪᠠ᠃ 41 ᠢᠰᠦ᠋ᠰ ᠢ ᠴᠣᠪᠳᠣᠯᠠᠭᠰᠠᠨ ᠭᠠᠵᠠᠷ ᠲᠤ ᠴᠡᠴᠡᠷᠯᠢᠭ ᠪᠠᠢᠭᠰᠠᠨ ᠪᠥᠭᠡᠳ ᠲᠡᠷᠡ ᠴᠡᠴᠡᠷᠯᠢᠭ ᠳᠣᠲᠣᠷ᠎ᠠ ᠬᠥᠮᠦᠨ ᠲᠠᠯᠪᠢᠭ᠎ᠠ ᠦᠭᠡᠢ ᠰᠢᠨ᠎ᠡ ᠪᠤᠯᠠᠰᠢ ᠪᠠᠢᠵᠠᠢ᠃ 42 ᠲᠡᠭᠡᠬᠦ ᠳᠦ᠂ ᠶᠦᠳᠠᠢᠴᠤᠳ ᠤᠨ ᠪᠡᠯᠡᠳᠬᠡᠯ ᠦᠨ ᠡᠳᠦᠷ ᠪᠠᠢᠭᠰᠠᠨ ᠪᠥᠭᠡᠳ ᠲᠡᠷᠡ ᠪᠤᠯᠠᠰᠢ ᠣᠢᠷᠠᠬᠠᠨ ᠪᠠᠢᠭᠰᠠᠨ ᠲᠤᠯᠠ ᠢᠰᠦ᠋ᠰ ᠢ ᠲᠡᠨᠳᠡ ᠲᠠᠯᠪᠢᠪᠠ᠃