1 2 3 4 5 6 7 8 9 10 11 12 13 14 15 16 17 18 19 20 21


ᠶᠣᠬᠠᠨ ᠶᠢᠰᠦ
 ᠲᠥᠷᠥᠯᠬᠢ ᠰᠣᠬᠣᠷ ᠢ ᠡᠳᠡᠭᠡᠭᠡᠭᠰᠡᠨ ᠨᠢ

1 ᠢᠰᠦ᠋ᠰ ᠥᠩᠭᠡᠷᠡᠨ ᠭᠠᠷᠬᠤ ᠳᠠᠭᠠᠨ ᠲᠥᠷᠥᠯᠬᠢ ᠰᠣᠬᠣᠷ ᠨᠢᠭᠡ ᠬᠥᠮᠦᠨ ᠢ ᠬᠠᠷᠠᠵᠠᠢ᠃ 2 ᠱᠠᠪᠢ ᠨᠠᠷ ᠨᠢ᠄ 《ᠪᠠᠭᠰᠢ ᠡ᠂ ᠬᠡᠨ ᠨᠢ ᠨᠢᠭᠦᠯ ᠦᠢᠯᠡᠳᠦᠭᠰᠡᠨ ᠢᠶᠡᠷ ᠡᠨᠡ ᠬᠥᠮᠦᠨ ᠰᠣᠬᠣᠷ ᠲᠥᠷᠥᠭᠰᠡᠨ ᠪᠤᠢ︖ ᠥᠪᠡᠷ ᠢᠶᠡᠨ ᠤᠤ︖ ᠡᠴᠢᠭᠡ ᠡᠬᠡ ᠨᠢ ᠤᠤ︖》 ᠭᠡᠵᠦ ᠠᠰᠠᠭᠤᠭᠰᠠᠨ ᠳᠤ᠂ 3 ᠢᠰᠦ᠋ᠰ ᠬᠠᠷᠢᠭᠤ ᠳᠤᠨᠢ᠄ 《ᠡᠨᠡ ᠬᠥᠮᠦᠨ ᠴᠤ᠂ ᠡᠴᠢᠭᠡ ᠡᠬᠡ ᠨᠢ ᠴᠤ ᠨᠢᠭᠦᠯ ᠦᠢᠯᠡᠳᠦᠭᠰᠡᠨ ᠪᠢᠰᠢ᠃ ᠬᠠᠷᠢᠨ ᠪᠤᠷᠬᠠᠨ ᠤ ᠠᠵᠢᠯ ᠤᠳ ᠢ ᠲᠡᠭᠦᠨ ᠦ ᠳᠡᠭᠡᠷ᠎ᠡ ᠢᠯᠡᠷᠡᠭᠦᠯᠬᠦ ᠶᠢᠨ ᠲᠤᠯᠠᠳᠠ ᠶᠤᠮ᠃ 4 ᠡᠳᠦᠷ ᠪᠠᠢᠬᠤ ᠳᠡᠭᠡᠷ᠎ᠡ ᠨᠢ᠂ ᠨᠠᠮᠠᠶᠢ ᠢᠯᠡᠭᠡᠭᠰᠡᠨ ᠨᠢᠭᠡᠨ ᠦ ᠠᠵᠢᠯ ᠤᠳ ᠢ ᠪᠢᠳᠡ ᠬᠢᠬᠦ ᠶᠣᠰᠣᠲᠠᠢ᠃ ᠰᠥᠨᠢ ᠪᠣᠯᠴᠢᠬᠠᠪᠠᠯ ᠬᠡᠨ ᠴᠤ ᠠᠵᠢᠯᠯᠠᠵᠤ ᠴᠢᠳᠠᠬᠤ ᠦᠭᠡᠢ᠃ 5 ᠪᠢ ᠶᠢᠷᠲᠢᠨᠴᠦ ᠳᠦ ᠪᠠᠢᠬᠤ ᠵᠠᠭᠤᠷ᠎ᠠ ᠪᠠᠨ ᠶᠢᠷᠲᠢᠨᠴᠦ ᠶᠢᠨ ᠭᠡᠷᠡᠯ ᠮᠥᠨ》 ᠭᠡᠵᠦ ᠬᠡᠯᠡᠵᠡᠢ᠃ 6 ᠲᠡᠷᠡ ᠢᠩᠭᠢᠵᠦ ᠬᠡᠯᠡᠭᠡᠳ ᠭᠠᠵᠠᠷ ᠲᠤ ᠨᠤᠯᠮᠤᠵᠤ᠂ ᠰᠢᠯᠦᠰᠦ ᠪᠡᠷ ᠢᠶᠠᠨ ᠰᠢᠪᠠᠷ ᠵᠢᠭᠤᠷᠠᠨ᠂ ᠲᠡᠷᠡ ᠬᠥᠮᠦᠨ ᠦ ᠨᠢᠳᠦ ᠶᠢ ᠰᠢᠪᠠᠭᠠᠳ᠄ 7 《ᠰᠢᠯᠣᠶᠠᠮ (ᠣᠷᠴᠢᠭᠤᠯᠪᠠᠯ᠄ ᠢᠯᠡᠭᠡᠭᠳᠡᠭᠰᠡᠨ) ᠴᠥᠭᠥᠷᠥᠮ ᠳᠤ ᠣᠴᠢᠵᠤ ᠤᠬᠢᠶᠠ》 ᠭᠡᠵᠦ ᠬᠡᠯᠡᠬᠦ ᠳᠦ᠂ ᠥᠨᠥᠬᠢ ᠬᠥᠮᠦᠨ ᠶᠠᠪᠤᠵᠤ ᠤᠬᠢᠶᠠᠭᠠᠳ ᠬᠠᠷᠠᠭ᠎ᠠ ᠲᠠᠢ ᠪᠣᠯᠵᠤ ᠪᠤᠴᠠᠨ ᠢᠷᠡᠵᠡᠢ᠃ 8 ᠤᠷᠢᠳᠤ ᠨᠢ ᠲᠡᠭᠦᠨ ᠦ ᠭᠤᠶᠤᠯᠭᠠᠴᠢᠨ ᠪᠠᠢᠭᠰᠠᠨ ᠢ ᠬᠠᠷᠠᠭᠰᠠᠨ ᠬᠥᠮᠦᠰ ᠪᠣᠯᠣᠨ ᠬᠥᠷᠰᠢ ᠨᠦᠭᠦᠳ ᠨᠢ᠄ 《ᠡᠨᠡ ᠴᠢᠨᠢ ᠰᠠᠭᠤᠭᠠᠳ ᠭᠤᠶᠤᠯᠭ᠎ᠠ ᠭᠤᠶᠤᠳᠠᠭ ᠪᠠᠢᠭᠰᠠᠨ ᠬᠥᠮᠦᠨ ᠪᠢᠰᠢ ᠤᠤ︖》 ᠭᠡᠯᠴᠡᠵᠦ ᠪᠠᠢᠪᠠ᠃ 9 ᠵᠠᠷᠢᠮ ᠨᠢ᠄ 《ᠲᠡᠷᠡ ᠮᠥᠨ ᠪᠠᠢᠨ᠎ᠠ》 ᠭᠡᠬᠦ ᠳᠦ᠂ ᠪᠠᠰᠠ ᠵᠠᠷᠢᠮ ᠨᠢ᠄ 《ᠦᠭᠡᠢ᠂ ᠬᠠᠷᠢᠨ ᠲᠡᠭᠦᠨ ᠲᠡᠢ ᠲᠥᠰᠥᠭᠡᠲᠡᠢ ᠶᠤᠮ ᠪᠠᠢᠨ᠎ᠠ》 ᠭᠡᠵᠦ ᠪᠠᠢᠲᠠᠯ᠎ᠠ᠂ ᠲᠡᠷᠡ ᠥᠪᠡᠷ ᠢᠶᠡᠨ᠄ 《ᠲᠡᠷᠡ ᠴᠢᠨᠢ ᠪᠢ ᠪᠠᠢᠨ᠎ᠠ》 ᠭᠡᠯ᠎ᠡ᠃ 10 《ᠲᠡᠢᠮᠦ ᠪᠣᠯ ᠴᠢ ᠬᠡᠷᠬᠢᠨ ᠬᠠᠷᠠᠭ᠎ᠠ ᠣᠷᠣᠪᠠ︖》 ᠭᠡᠵᠦ ᠲᠡᠳᠡ ᠠᠰᠠᠭᠤᠭᠠᠳ ᠪᠠᠢᠬᠤ ᠳᠤ᠂ 11 ᠲᠡᠷᠡ᠄ 《ᠢᠰᠦ᠋ᠰ ᠭᠡᠳᠡᠭ ᠬᠥᠮᠦᠨ ᠰᠢᠪᠠᠷ ᠵᠢᠭᠤᠷᠠᠵᠤ᠂ ᠨᠢᠳᠦ ᠶᠢ ᠮᠢᠨᠢ ᠰᠢᠪᠠᠭᠠᠳ ᠨᠠᠳᠠ ᠳᠤ᠄ 〈ᠴᠢ ᠰᠢᠯᠣᠶᠠᠮ ᠴᠥᠭᠥᠷᠥᠮ ᠳᠤ ᠣᠴᠢᠵᠤ ᠤᠬᠢᠶᠠ〉 ᠭᠡᠵᠦ ᠬᠡᠯᠡᠭᠰᠡᠨ᠂ ᠪᠢ ᠣᠴᠢᠵᠤ ᠤᠬᠢᠶᠠᠭᠠᠳ ᠬᠠᠷᠠᠭ᠎ᠠ ᠣᠷᠣᠪᠠ》 ᠭᠡᠵᠦ ᠬᠠᠷᠢᠭᠤᠯᠪᠠ᠃ 12 ᠲᠡᠳᠡ᠄ 《ᠲᠡᠷᠡ ᠬᠥᠮᠦᠨ ᠬᠠᠮᠢᠭ᠎ᠠ ᠪᠠᠢᠨ᠎ᠠ︖》 ᠭᠡᠰᠡᠨ ᠳᠦ᠂ ᠲᠡᠷᠡ᠄ 《ᠮᠡᠳᠡᠬᠦ ᠦᠭᠡᠢ》 ᠭᠡᠯ᠎ᠡ᠃
 ᠬᠡᠷᠡᠭᠦᠯ ᠭᠠᠷᠤᠭᠰᠠᠨ ᠨᠢ

13 ᠡᠢᠨ ᠬᠦ ᠲᠡᠳᠡ ᠤᠷᠢᠳᠤ ᠨᠢ ᠰᠣᠬᠣᠷ ᠪᠠᠢᠭᠰᠠᠨ ᠲᠡᠭᠦᠨ ᠢ ᠹᠠᠷᠢᠰᠠᠢᠴᠤᠳ ᠲᠤ ᠠᠪᠠᠴᠢᠪᠠ᠃ 14 ᠢᠰᠦ᠋ᠰ ᠤᠨ ᠰᠢᠪᠠᠷ ᠵᠢᠭᠤᠷᠠᠵᠤ ᠲᠡᠭᠦᠨ ᠳᠦ ᠬᠠᠷᠠᠭ᠎ᠠ ᠣᠷᠣᠭᠤᠯᠤᠭᠰᠠᠨ ᠡᠳᠦᠷ ᠨᠢ ᠠᠮᠠᠷᠠᠯ ᠤᠨ ᠡᠳᠦᠷ ᠠᠵᠢ᠃ 15 ᠹᠠᠷᠢᠰᠠᠢᠴᠤᠳ ᠪᠠᠰᠠ ᠲᠡᠭᠦᠨ ᠡᠴᠡ ᠬᠡᠷᠬᠢᠨ ᠬᠠᠷᠠᠭ᠎ᠠ ᠲᠠᠢ ᠪᠣᠯᠣᠭᠰᠠᠨ ᠢ ᠨᠢ ᠠᠰᠠᠭᠤᠭᠰᠠᠨ ᠳᠤ᠂ ᠲᠡᠷᠡ ᠬᠥᠮᠦᠨ᠄ 《ᠲᠡᠷᠡ ᠮᠢᠨᠦ ᠨᠢᠳᠦ ᠶᠢ ᠰᠢᠪᠠᠷ ᠢᠶᠠᠷ ᠰᠢᠪᠠᠭᠰᠠᠨ᠂ ᠪᠢ ᠤᠬᠢᠶᠠᠭᠠᠳ ᠯᠠ ᠬᠠᠷᠠᠭ᠎ᠠ ᠲᠠᠢ ᠪᠣᠯᠣᠭᠰᠠᠨ》 ᠭᠡᠪᠡ᠃ 16 ᠹᠠᠷᠢᠰᠠᠢᠴᠤᠳ ᠤᠨ ᠵᠠᠷᠢᠮ ᠨᠢ᠄ 《ᠡᠨᠡ ᠬᠥᠮᠦᠨ ᠠᠮᠠᠷᠠᠯ ᠤᠨ ᠡᠳᠦᠷ ᠢ ᠰᠠᠬᠢᠳᠠᠭ ᠦᠭᠡᠢ ᠪᠣᠯᠬᠣᠷ ᠪᠤᠷᠬᠠᠨ ᠠᠴᠠ ᠢᠷᠡᠭᠰᠡᠨ ᠬᠥᠮᠦᠨ ᠪᠢᠰᠢ》 ᠭᠡᠬᠦ ᠳᠦ᠂ ᠪᠠᠰᠠ ᠵᠠᠷᠢᠮ ᠨᠢ᠄ 《ᠨᠢᠭᠦᠯᠲᠦ ᠬᠥᠮᠦᠨ ᠲᠡᠢᠮᠦ ᠰᠢᠳᠢ ᠲᠡᠮᠳᠡᠭ ᠤᠳ ᠢ ᠬᠡᠷᠬᠢᠨ ᠦᠢᠯᠡᠳᠴᠦ ᠴᠢᠳᠠᠬᠤ ᠪᠢᠯᠡ︖》 ᠬᠡᠮᠡᠨ ᠲᠡᠳᠡᠨ ᠦ ᠳᠤᠮᠳᠠ ᠬᠠᠭᠠᠷᠠᠯ ᠭᠠᠷᠴᠠᠢ᠃ 17 ᠲᠡᠢᠮᠦ ᠡᠴᠡ ᠲᠡᠳᠡ ᠰᠣᠬᠣᠷ ᠪᠠᠢᠭᠰᠠᠨ ᠬᠥᠮᠦᠨ ᠳᠦ ᠳᠠᠬᠢᠨ᠄ 《ᠴᠢᠮ᠎ᠠ ᠳᠤ ᠬᠠᠷᠠᠭ᠎ᠠ ᠣᠷᠣᠭᠤᠯᠤᠭᠰᠠᠨ ᠲᠡᠷᠡ ᠬᠥᠮᠦᠨ ᠦ ᠲᠤᠬᠠᠢ ᠴᠢ ᠶᠠᠭᠤ ᠬᠡᠯᠡᠬᠦ ᠪᠤᠢ︖》 ᠭᠡᠬᠦ ᠳᠦ᠂ ᠲᠡᠷᠡ᠄ 《ᠡᠰᠢ ᠦᠵᠡᠭᠦᠯᠦᠭᠴᠢ ᠮᠥᠨ》 ᠭᠡᠪᠡ᠃

18 ᠬᠠᠷᠢᠨ ᠶᠦᠳᠠᠢᠴᠤᠳ ᠲᠡᠭᠦᠨ ᠦ ᠰᠣᠬᠣᠷ ᠪᠠᠢᠵᠤ ᠪᠠᠢᠭᠠᠳ ᠬᠠᠷᠠᠭ᠎ᠠ ᠲᠠᠢ ᠪᠣᠯᠣᠭᠰᠠᠨ ᠢ ᠢᠲᠡᠭᠡᠭᠡ ᠦᠭᠡᠢ᠂ ᠲᠡᠷᠡ ᠬᠥᠮᠦᠨ ᠦ ᠡᠴᠢᠭᠡ ᠡᠬᠡ ᠶᠢ ᠳᠠᠭᠤᠳᠠᠵᠤ ᠢᠷᠡᠭᠦᠯᠦᠭᠡᠳ 19 ᠡᠴᠢᠭᠡ ᠡᠬᠡ ᠡᠴᠡ ᠨᠢ᠄ 《ᠡᠨᠡ ᠬᠥᠮᠦᠨ ᠲᠠ ᠨᠠᠷ ᠤᠨ ᠬᠦᠦ ᠮᠥᠨ ᠤᠤ︖ ᠰᠣᠬᠣᠷ ᠲᠥᠷᠥᠭᠰᠡᠨ ᠭᠡᠵᠦ ᠲᠠ ᠨᠠᠷ ᠤᠨ ᠶᠠᠷᠢᠳᠠᠭ ᠡᠨᠡ ᠬᠥᠮᠦᠨ ᠬᠡᠷᠬᠢᠨ ᠬᠠᠷᠠᠭ᠎ᠠ ᠲᠠᠢ ᠪᠣᠯᠣᠭᠰᠠᠨ ᠪᠤᠢ︖》 ᠭᠡᠵᠦ ᠠᠰᠠᠭᠤᠭᠰᠠᠨ ᠳᠤ᠂ 20 ᠡᠴᠢᠭᠡ ᠡᠬᠡ ᠨᠢ᠄ 《ᠡᠨᠡ ᠮᠠᠨ ᠤ ᠬᠦᠦ ᠮᠥᠨ᠂ ᠪᠠᠰᠠ ᠲᠥᠷᠥᠯᠬᠢ ᠰᠣᠬᠣᠷ ᠭᠡᠳᠡᠭ ᠢ ᠪᠢᠳᠡ ᠮᠡᠳᠡᠳᠡᠭ ᠪᠣᠯᠪᠠᠴᠤ 21 ᠬᠠᠷᠢᠨ ᠲᠡᠷᠡ ᠣᠳᠣ ᠶᠠᠭᠠᠬᠢᠭᠠᠳ ᠬᠠᠷᠠᠳᠠᠭ ᠪᠣᠯᠣᠭᠰᠠᠨ ᠢ ᠨᠢ ᠪᠢᠳᠡ ᠮᠡᠳᠡᠬᠦ ᠦᠭᠡᠢ᠂ ᠬᠡᠨ ᠬᠠᠷᠠᠭ᠎ᠠ ᠣᠷᠣᠭᠤᠯᠵᠤ ᠥᠭᠭᠥᠭᠰᠡᠨ ᠢ ᠴᠤ ᠪᠢᠳᠡ ᠮᠡᠳᠡᠬᠦ ᠦᠭᠡᠢ᠂ ᠥᠪᠡᠷ ᠡᠴᠡ ᠨᠢ ᠠᠰᠠᠭᠤ᠂ ᠲᠡᠷᠡ ᠨᠠᠰᠤᠨ ᠳᠤ ᠬᠦᠷᠦᠭᠰᠡᠨ ᠬᠥᠮᠦᠨ᠂ ᠥᠪᠡᠷ ᠢᠶᠡᠨ ᠶᠠᠷᠢᠬᠤ ᠪᠠᠢᠯᠭᠦᠢ》 ᠭᠡᠪᠡ᠃ 22 ᠲᠡᠭᠦᠨ ᠦ ᠡᠴᠢᠭᠡ ᠡᠬᠡ ᠶᠦᠳᠠᠢᠴᠤᠳ ᠠᠴᠠ ᠠᠶᠤᠬᠤ ᠳᠠᠭᠠᠨ ᠡᠢᠨ ᠬᠦ ᠬᠡᠯᠡᠵᠡᠢ᠃ ᠤᠴᠢᠷ ᠨᠢ ᠢᠰᠦ᠋ᠰ ᠢ ᠾᠷᠢᠰᠲ᠋ᠣᠰ ᠮᠥᠨ ᠭᠡᠵᠦ ᠬᠦᠯᠢᠶᠡᠨ ᠵᠥᠪᠰᠢᠶᠡᠷᠡᠭᠰᠡᠨ ᠬᠥᠮᠦᠨ ᠢ ᠬᠤᠷᠠᠯ ᠤᠨ ᠲᠠᠩᠬᠢᠮ ᠠᠴᠠ ᠬᠥᠭᠡᠭᠡᠬᠦ ᠪᠡᠷ ᠶᠦᠳᠠᠢᠴᠤᠳ ᠨᠢᠭᠡᠨᠲᠡ ᠰᠢᠢᠳᠦᠭᠰᠡᠨ ᠪᠠᠢᠵᠠᠢ᠃ 23 ᠲᠡᠢᠮᠦ ᠡᠴᠡ ᠡᠴᠢᠭᠡ ᠡᠬᠡ ᠨᠢ᠄ 《ᠲᠡᠷᠡ ᠨᠠᠰᠤᠨ ᠳᠤ ᠬᠦᠷᠦᠭᠰᠡᠨ ᠬᠥᠮᠦᠨ᠂ ᠥᠪᠡᠷ ᠡᠴᠡ ᠨᠢ ᠠᠰᠠᠭᠤ》 ᠭᠡᠵᠦ ᠬᠡᠯᠡᠭᠰᠡᠨ ᠠᠵᠢ᠃

24 ᠹᠠᠷᠢᠰᠠᠢᠴᠤᠳ ᠰᠣᠬᠣᠷ ᠪᠠᠢᠭᠰᠠᠨ ᠬᠥᠮᠦᠨ ᠢ ᠬᠣᠶᠠᠳᠠᠬᠢ ᠤᠳᠠᠭ᠎ᠠ ᠪᠠᠨ ᠳᠠᠭᠤᠳᠠᠭᠠᠳ ᠲᠡᠭᠦᠨ ᠳᠦ᠄ 《ᠪᠤᠷᠬᠠᠨ ᠳᠤ ᠠᠯᠳᠠᠷ ᠰᠤᠤ ᠶᠢ ᠡᠷᠭᠦ᠃ ᠲᠡᠷᠡ ᠬᠥᠮᠦᠨ ᠦ ᠨᠢᠭᠦᠯᠲᠡᠨ ᠭᠡᠳᠡᠭ ᠢ ᠪᠢᠳᠡ ᠮᠡᠳᠡᠨ᠎ᠡ》 ᠭᠡᠬᠦ ᠳᠦ᠂ 25 ᠲᠡᠷᠡ᠄ 《ᠲᠡᠭᠦᠨ ᠦ ᠨᠢᠭᠦᠯᠲᠡᠨ ᠮᠥᠨ ᠡᠰᠡᠬᠦ ᠶᠢ ᠪᠢ ᠮᠡᠳᠡᠬᠦ ᠦᠭᠡᠢ᠂ ᠰᠣᠬᠣᠷ ᠪᠠᠢᠭᠰᠠᠨ ᠪᠢ ᠬᠠᠷᠠᠭ᠎ᠠ ᠲᠠᠢ ᠪᠣᠯᠣᠭᠰᠠᠨ ᠢᠶᠠᠨ ᠯᠠ ᠮᠡᠳᠡᠨ᠎ᠡ》 ᠭᠡᠵᠦ ᠬᠡᠯᠡᠪᠡ᠃ 26 ᠹᠠᠷᠢᠰᠠᠢᠴᠤᠳ᠄ 《ᠲᠡᠷᠡ ᠴᠢᠮ᠎ᠠ ᠳᠤ ᠶᠠᠭᠤ ᠬᠢᠵᠦ ᠥᠭᠭᠥᠭᠰᠡᠨ ᠪᠤᠢ︖ ᠴᠢᠮ᠎ᠠ ᠳᠤ ᠶᠠᠭᠠᠬᠢᠨ ᠬᠠᠷᠠᠭ᠎ᠠ ᠣᠷᠣᠭᠤᠯᠤᠭᠰᠠᠨ ᠪᠤᠢ︖》 ᠭᠡᠵᠦ ᠬᠡᠯᠡᠬᠦ ᠳᠦ᠂ ᠲᠡᠷᠡ᠄ 27 《ᠲᠠ ᠨᠠᠷ ᠲᠤ ᠬᠡᠳᠦᠢᠨᠡᠢ ᠬᠡᠯᠡᠭᠰᠡᠨ ᠪᠣᠯᠪᠠᠴᠤ ᠲᠠ ᠨᠠᠷ ᠰᠣᠨᠣᠰᠣᠭ᠎ᠠ ᠦᠭᠡᠢ᠃ ᠶᠠᠭᠤᠨ ᠳᠤ ᠳᠠᠬᠢᠨ ᠰᠣᠨᠣᠰᠬᠤ ᠭᠡᠵᠦ ᠪᠠᠢᠨ᠎ᠠ︖ ᠲᠠ ᠨᠠᠷ ᠪᠠᠰᠠ ᠲᠡᠭᠦᠨ ᠦ ᠱᠠᠪᠢ ᠪᠣᠯᠬᠤ ᠭᠡᠵᠦ ᠪᠠᠢᠨ᠎ᠠ ᠤᠤ︖》 ᠭᠡᠪᠡ᠃ 28 ᠹᠠᠷᠢᠰᠠᠢᠴᠤᠳ ᠬᠠᠷᠢᠶᠠᠨ ᠵᠦᠬᠡᠵᠦ᠄ 《ᠴᠢ ᠯᠠ ᠲᠡᠭᠦᠨ ᠦ ᠱᠠᠪᠢ ᠪᠠᠢᠨ᠎ᠠ᠂ ᠪᠢᠳᠡ ᠪᠣᠯ ᠮᠣᠰᠧ ᠶᠢᠨ ᠱᠠᠪᠢ ᠰᠢᠦ ᠳᠠ᠃ 29 ᠮᠣᠰᠧ ᠳᠤ ᠪᠤᠷᠬᠠᠨ ᠬᠡᠯᠡᠭᠰᠡᠨ ᠢ ᠪᠢᠳᠡ ᠮᠡᠳᠡᠨ᠎ᠡ᠂ ᠬᠠᠷᠢᠨ ᠡᠨᠡ ᠬᠥᠮᠦᠨ ᠢ ᠪᠣᠯ ᠬᠠᠮᠢᠭ᠎ᠠ ᠠᠴᠠ ᠢᠷᠡᠭᠰᠡᠨ ᠢ ᠨᠢ ᠴᠤ ᠪᠢᠳᠡ ᠮᠡᠳᠡᠬᠦ ᠦᠭᠡᠢ》 ᠭᠡᠬᠦ ᠳᠦ᠂ 30 ᠥᠨᠥᠬᠢ ᠬᠥᠮᠦᠨ᠄ 《ᠡᠨᠡ ᠶᠠᠮᠠᠷ ᠬᠠᠴᠢᠨ ᠪᠤᠢ︖ ᠲᠡᠷᠡ ᠨᠠᠳᠠ ᠳᠤ ᠬᠠᠷᠠᠭ᠎ᠠ ᠣᠷᠣᠭᠤᠯᠤᠭᠰᠠᠨ ᠪᠠᠢᠲᠠᠯ᠎ᠠ ᠲᠠ ᠨᠠᠷ ᠲᠡᠭᠦᠨ ᠦ ᠬᠠᠮᠢᠭ᠎ᠠ ᠠᠴᠠ ᠢᠷᠡᠭᠰᠡᠨ ᠢ ᠴᠤ ᠮᠡᠳᠡᠳᠡᠭ ᠦᠭᠡᠢ ᠭᠡᠵᠢ ᠤᠤ︖ 31 ᠪᠤᠷᠬᠠᠨ ᠨᠢᠭᠦᠯᠲᠡᠳ ᠦᠨ ᠬᠢ ᠶᠢ ᠰᠣᠨᠣᠰᠳᠠᠭ ᠦᠭᠡᠢ ᠪᠣᠯᠪᠠᠴᠤ ᠪᠤᠷᠬᠠᠨ ᠳᠤ ᠰᠦᠰᠦᠭᠯᠡᠵᠦ ᠪᠤᠷᠬᠠᠨ ᠤ ᠰᠠᠨᠠᠭ᠎ᠠ ᠶᠢ ᠪᠡᠶᠡᠯᠡᠭᠦᠯᠦᠭᠴᠢ ᠶᠢᠨ ᠬᠢ ᠶᠢ ᠰᠣᠨᠣᠰᠳᠠᠭ ᠢ ᠪᠢᠳᠡ ᠮᠡᠳᠡᠨ᠎ᠡ᠃ 32 ᠶᠢᠷᠲᠢᠨᠴᠦ ᠲᠣᠭᠲᠠᠭᠰᠠᠨ ᠠᠴᠠ ᠨᠠᠰᠢ ᠲᠥᠷᠥᠯᠬᠢ ᠰᠣᠬᠣᠷ ᠲᠤ ᠬᠠᠷᠠᠭ᠎ᠠ ᠣᠷᠣᠭᠤᠯᠵᠤ ᠥᠭᠭᠥᠭᠰᠡᠨ ᠶᠠᠪᠤᠳᠠᠯ ᠶᠡᠷᠦ ᠡᠴᠡ ᠰᠣᠨᠣᠰᠳᠠᠭ᠎ᠠ ᠦᠭᠡᠢ᠃ 33 ᠬᠡᠷᠪᠡ ᠡᠨᠡ ᠬᠥᠮᠦᠨ ᠪᠤᠷᠬᠠᠨ ᠠᠴᠠ ᠢᠷᠡᠭᠰᠡᠨ ᠪᠢᠰᠢ ᠪᠣᠯ ᠶᠠᠭᠤ ᠶᠢ ᠴᠤ ᠬᠢᠵᠦ ᠴᠢᠳᠠᠬᠤ ᠦᠭᠡᠢ ᠪᠠᠢᠭᠰᠠᠨ》 ᠭᠡᠵᠦ ᠬᠡᠯᠡᠬᠦ ᠳᠦ᠂ 34 ᠲᠡᠳᠡ᠄ 《ᠴᠢ ᠪᠦᠷᠢᠮᠦᠰᠦᠨ ᠨᠢᠭᠦᠯ ᠳᠣᠲᠣᠷ᠎ᠠ ᠪᠠᠨ ᠲᠥᠷᠥᠭᠰᠡᠨ ᠪᠠᠢᠲᠠᠯ᠎ᠠ ᠪᠠᠨ ᠪᠢᠳᠡᠨ ᠢ ᠰᠤᠷᠭᠠᠨ᠎ᠠ ᠤᠤ︖》 ᠭᠡᠳ ᠲᠡᠭᠦᠨ ᠢ ᠬᠥᠭᠡᠭᠡᠵᠦ ᠭᠠᠷᠭᠠᠪᠠ᠃
 ᠢᠰᠦ᠋ᠰ ᠪᠤᠷᠬᠠᠨ ᠭᠡᠳᠡᠭ ᠢᠶᠡᠨ ᠮᠡᠳᠡᠭᠦᠯᠦᠭᠰᠡᠨ ᠨᠢ

35 ᠲᠡᠷᠡ ᠬᠥᠮᠦᠨ ᠢ ᠬᠥᠭᠡᠭᠡᠨ ᠭᠠᠷᠭᠠᠭᠰᠠᠨ ᠢ ᠢᠰᠦ᠋ᠰ ᠰᠣᠨᠣᠰᠣᠭᠠᠳ ᠲᠡᠭᠦᠨ ᠲᠡᠢ ᠠᠭᠤᠯᠵᠠᠵᠤ᠄ 《ᠴᠢ ᠬᠥᠮᠦᠨ ᠦ ᠬᠦᠦ ᠳᠦ ᠢᠲᠡᠭᠡᠵᠦ ᠪᠠᠢᠨ᠎ᠠ ᠤᠤ︖》 ᠭᠡᠰᠡᠨ ᠳᠦ᠂ 36 ᠲᠡᠷᠡ ᠬᠠᠷᠢᠭᠤ ᠳᠤᠨᠢ᠄ 《ᠡᠵᠡᠨ ᠡ᠂ ᠲᠡᠷᠡ ᠨᠢ ᠬᠡᠨ ᠪᠤᠢ︖ ᠪᠢ ᠲᠡᠭᠦᠨ ᠳᠦ ᠢᠲᠡᠭᠡᠶ᠎ᠡ》 ᠭᠡᠪᠡ᠃ 37 ᠢᠰᠦ᠋ᠰ᠄ 《ᠴᠢ ᠲᠡᠭᠦᠨ ᠢ ᠬᠠᠷᠠᠯ᠎ᠠ᠂ ᠣᠳᠣ ᠴᠢᠮ᠎ᠠ ᠲᠠᠢ ᠶᠠᠷᠢᠵᠤ ᠪᠠᠢᠭ᠎ᠠ ᠨᠢ ᠲᠡᠷᠡ ᠮᠥᠨ》 ᠭᠡᠰᠡᠨ ᠳᠦ᠂ 38 ᠲᠡᠷᠡ᠄ 《ᠡᠵᠡᠨ ᠡ᠂ ᠪᠢ ᠢᠲᠡᠭᠡᠵᠦ ᠪᠠᠢᠨ᠎ᠠ》 ᠭᠡᠳ ᠢᠰᠦ᠋ᠰ ᠲᠤ ᠮᠥᠷᠭᠥᠪᠡ᠃ 39 ᠢᠰᠦ᠋ᠰ᠄ 《ᠪᠢ ᠡᠨᠡ ᠶᠢᠷᠲᠢᠨᠴᠦ ᠳᠦ ᠰᠢᠭᠦᠬᠦ ᠶᠢᠨ ᠲᠥᠯᠥᠭᠡ ᠢᠷᠡᠭᠰᠡᠨ ᠶᠤᠮ᠂ ᠡᠢᠨ ᠬᠦ ᠬᠠᠷᠠᠳᠠᠭ ᠦᠭᠡᠢ ᠨᠢ ᠬᠠᠷᠠᠵᠤ᠂ ᠬᠠᠷᠠᠳᠠᠭ ᠨᠢ ᠰᠣᠬᠣᠷ ᠪᠣᠯᠣᠨ᠎ᠠ》 ᠭᠡᠯ᠎ᠡ᠃ 40 ᠲᠡᠭᠦᠨ ᠲᠡᠢ ᠬᠠᠮᠲᠤ ᠪᠠᠢᠯᠴᠠᠭᠰᠠᠨ ᠹᠠᠷᠢᠰᠠᠢᠴᠤᠳ ᠤᠨ ᠵᠠᠷᠢᠮ ᠨᠢ ᠡᠭᠦᠨ ᠢ ᠰᠣᠨᠣᠰᠣᠭᠠᠳ᠄ 《ᠪᠢᠳᠡ ᠪᠠᠰᠠ ᠰᠣᠬᠣᠷ ᠤᠤ︖》 ᠭᠡᠰᠡᠨ ᠳᠦ᠂ 41 ᠢᠰᠦ᠋ᠰ ᠲᠡᠳᠡᠨ ᠳᠦ᠄ 《ᠬᠡᠷᠪᠡ ᠲᠠ ᠨᠠᠷ ᠰᠣᠬᠣᠷ ᠪᠠᠢᠭᠰᠠᠨ ᠪᠣᠯ ᠨᠢᠭᠦᠯ ᠦᠭᠡᠢ ᠪᠠᠢᠬᠤ ᠰᠠᠨ᠃ ᠬᠠᠷᠢᠨ ᠣᠳᠣ 〈ᠪᠢᠳᠡ ᠬᠠᠷᠠᠳᠠᠭ〉 ᠭᠡᠵᠦ ᠪᠠᠢᠭ᠎ᠠ ᠪᠣᠯᠬᠣᠷ ᠨᠢᠭᠦᠯ ᠴᠢᠨᠢ ᠮᠥᠨ ᠪᠠᠢᠭᠰᠠᠭᠠᠷ ᠪᠠᠢᠨ᠎ᠠ᠃