1 2 3 4 5 6 7 8 9 10 11 12 13 14 15 16 17 18 19 20 21


ᠶᠣᠬᠠᠨ ᠭᠤᠷᠪᠠ
 ᠳᠠᠬᠢᠨ ᠲᠥᠷᠥᠯᠲᠡ

1 ᠨᠢᠺᠣᠳᠧᠮ ᠭᠡᠭᠴᠢ ᠹᠠᠷᠢᠰᠠᠢ ᠬᠥᠮᠦᠨ ᠪᠠᠢᠵᠠᠢ᠃ ᠲᠡᠷᠡ ᠪᠣᠯ ᠶᠦᠳᠠᠢᠴᠤᠳ ᠤᠨ ᠨᠢᠭᠡᠨ ᠨᠣᠶᠠᠨ ᠶᠤᠮ᠃ 2 ᠲᠡᠷᠡ ᠬᠥᠮᠦᠨ ᠰᠥᠨᠢ ᠪᠠᠷ ᠢᠰᠦ᠋ᠰ ᠲᠤ ᠢᠷᠡᠭᠡᠳ᠄ 《ᠪᠠᠭᠰᠢ ᠡ᠂ ᠲᠠᠨ ᠢ ᠪᠤᠷᠬᠠᠨ ᠠᠴᠠ ᠢᠷᠡᠭᠰᠡᠨ ᠪᠠᠭᠰᠢ ᠭᠡᠳᠡᠭ ᠢ ᠪᠢᠳᠡ ᠮᠡᠳᠡᠨ᠎ᠡ᠃ ᠪᠤᠷᠬᠠᠨ ᠬᠠᠮᠲᠤ ᠪᠠᠢᠬᠤ ᠦᠭᠡᠢ ᠪᠣᠯ ᠲᠠᠨ ᠤ ᠦᠢᠯᠡᠳᠳᠡᠭ ᠲᠡᠳᠡᠭᠡᠷ ᠰᠢᠳᠢ ᠲᠡᠮᠳᠡᠭ ᠢ ᠬᠡᠨ ᠴᠤ ᠦᠢᠯᠡᠳᠴᠦ ᠴᠢᠳᠠᠬᠤ ᠦᠭᠡᠢ ᠶᠤᠮ》 ᠭᠡᠪᠡ᠃ 3 ᠢᠰᠦ᠋ᠰ ᠬᠠᠷᠢᠭᠤ ᠳᠤᠨᠢ᠄ 《ᠴᠢᠮ᠎ᠠ ᠳᠤ ᠦᠨᠡᠬᠡᠷ ᠪᠠᠲᠤᠲᠠᠢ ᠬᠡᠯᠡᠶ᠎ᠡ᠃ ᠬᠥᠮᠦᠨ ᠳᠠᠬᠢᠵᠤ ᠲᠥᠷᠥᠬᠦ ᠦᠭᠡᠢ ᠪᠠᠷ ᠪᠤᠷᠬᠠᠨ ᠤ ᠬᠠᠭᠠᠨᠴᠢᠯᠠᠯ ᠢ ᠦᠵᠡᠵᠦ ᠴᠢᠳᠠᠬᠤ ᠦᠭᠡᠢ》 ᠭᠡᠬᠦ ᠳᠦ᠂ 4 ᠨᠢᠺᠣᠳᠧᠮ ᠲᠡᠭᠦᠨ ᠳᠦ᠄ 《ᠨᠢᠭᠡᠨᠲᠡ ᠥᠲᠡᠯᠦᠭᠰᠡᠨ ᠬᠥᠮᠦᠨ ᠬᠡᠷᠬᠢᠨ ᠲᠥᠷᠥᠬᠦ ᠶᠤᠮ ᠪᠤᠢ︖ ᠬᠥᠮᠦᠨ ᠡᠬᠡ ᠶᠢᠨ ᠢᠶᠠᠨ ᠬᠡᠪᠡᠯᠢ ᠳᠤ ᠬᠣᠶᠠᠷᠲᠠ ᠣᠷᠣᠵᠤ ᠲᠥᠷᠥᠵᠦ ᠴᠢᠳᠠᠨ᠎ᠠ ᠭᠡᠵᠢ ᠤᠤ︖》 ᠭᠡᠪᠡ᠃ 5 ᠢᠰᠦ᠋ᠰ ᠬᠠᠷᠢᠭᠤ ᠳᠤᠨᠢ᠄ 《ᠴᠢᠮ᠎ᠠ ᠳᠤ ᠦᠨᠡᠬᠡᠷ ᠪᠠᠲᠤᠲᠠᠢ ᠬᠡᠯᠡᠶ᠎ᠡ᠃ ᠬᠥᠮᠦᠨ ᠤᠰᠤ ᠪᠠ ᠠᠷᠢᠭᠤᠨ ᠰᠦᠨᠡᠰᠦᠨ ᠡᠴᠡ ᠲᠥᠷᠥᠬᠦ ᠦᠭᠡᠢ ᠪᠠᠷ ᠪᠤᠷᠬᠠᠨ ᠤ ᠬᠠᠭᠠᠨᠴᠢᠯᠠᠯ ᠳᠤ ᠣᠷᠣᠵᠤ ᠴᠢᠳᠠᠬᠤ ᠦᠭᠡᠢ᠃ 6 ᠮᠢᠬᠠᠨ ᠪᠡᠶ᠎ᠡ ᠡᠴᠡ ᠲᠥᠷᠥᠭᠰᠡᠨ ᠨᠢ ᠮᠢᠬᠠᠨ ᠪᠡᠶ᠎ᠡ᠂ ᠰᠦᠨᠡᠰᠦᠨ 7  ᠡᠴᠡ ᠲᠥᠷᠥᠭᠰᠡᠨ ᠨᠢ ᠰᠦᠨᠡᠰᠦ ᠮᠥᠨ᠃ 7 〈ᠲᠠ ᠨᠠᠷ ᠳᠠᠬᠢᠨ ᠲᠥᠷᠥᠬᠦ ᠶᠣᠰᠣᠲᠠᠢ〉 ᠭᠡᠵᠦ ᠬᠡᠯᠡᠭᠰᠡᠨ ᠢ ᠮᠢᠨᠢ ᠪᠦᠦ ᠭᠠᠢᠬᠠᠭᠠᠷᠠᠢ᠃ 8 ᠰᠠᠯᠬᠢ 8 ᠳᠤᠷ᠎ᠠ ᠪᠠᠷ ᠢᠶᠠᠨ ᠰᠠᠯᠬᠢᠯᠠᠳᠠᠭ᠂ ᠴᠢ ᠳᠠᠭᠤ ᠶᠢ ᠨᠢ ᠰᠣᠨᠣᠰᠪᠠᠴᠤ ᠬᠠᠮᠢᠭ᠎ᠠ ᠠᠴᠠ ᠢᠷᠡᠵᠦ᠂ ᠬᠠᠮᠢᠭᠠᠰᠢ ᠪᠠᠨ ᠣᠳᠳᠠᠭ ᠢ ᠨᠢ ᠮᠡᠳᠡᠳᠡᠭ ᠦᠭᠡᠢ᠃ ᠠᠷᠢᠭᠤᠨ ᠰᠦᠨᠡᠰᠦᠨ ᠡᠴᠡ ᠲᠥᠷᠥᠭᠰᠡᠨ ᠪᠦᠬᠦᠨ ᠡᠭᠦᠨ ᠲᠡᠢ ᠠᠳᠠᠯᠢ ᠶᠤᠮ》 ᠭᠡᠵᠦ ᠬᠡᠯᠡᠪᠡ᠃ 9 ᠨᠢᠺᠣᠳᠧᠮ ᠲᠡᠭᠦᠨ ᠡᠴᠡ᠄ 《ᠡᠳᠡᠭᠡᠷ ᠵᠦᠢᠯ ᠶᠠᠭᠠᠬᠢᠨ ᠪᠠᠢᠵᠤ ᠪᠣᠯᠬᠤ ᠪᠤᠢ︖》 ᠭᠡᠵᠦ ᠠᠰᠠᠭᠤᠬᠤ ᠳᠤ᠂ 10 ᠢᠰᠦ᠋ᠰ᠄ 《ᠴᠢ ᠢᠰᠷᠧᠯ ᠤᠨ ᠪᠠᠭᠰᠢ ᠪᠠᠢᠲᠠᠯ᠎ᠠ ᠪᠠᠨ ᠡᠳᠡᠭᠡᠷ ᠢ ᠣᠢᠯᠠᠭᠠᠬᠤ ᠦᠭᠡᠢ ᠪᠠᠢᠨ᠎ᠠ ᠤᠤ︖

11 ᠴᠢᠮ᠎ᠠ ᠳᠤ ᠦᠨᠡᠬᠡᠷ ᠪᠠᠲᠤᠲᠠᠢ ᠬᠡᠯᠡᠶ᠎ᠡ᠃ ᠪᠢᠳᠡ ᠮᠡᠳᠡᠭᠰᠡᠨ ᠢᠶᠡᠨ ᠶᠠᠷᠢᠵᠤ᠂ ᠦᠵᠡᠭᠰᠡᠨ ᠢᠶᠡᠨ ᠭᠡᠷᠡᠴᠢᠯᠡᠵᠦ ᠪᠠᠢᠬᠤ ᠳᠤ᠂ ᠲᠠ ᠨᠠᠷ ᠪᠢᠳᠡᠨ ᠦ ᠭᠡᠷᠡᠴᠢᠯᠡᠯ ᠢ ᠬᠦᠯᠢᠶᠡᠨ ᠠᠪᠳᠠᠭ ᠦᠭᠡᠢ᠃ 12 ᠪᠢ ᠭᠠᠵᠠᠷ ᠤᠨ ᠶᠠᠪᠤᠳᠠᠯ ᠢ ᠶᠠᠷᠢᠭᠰᠠᠨ ᠴᠤ ᠲᠠ ᠨᠠᠷ ᠢᠲᠡᠭᠡᠬᠦ ᠦᠭᠡᠢ ᠪᠠᠢᠬᠤ ᠳᠤ᠂ ᠲᠩᠷᠢ ᠶᠢᠨ ᠶᠠᠪᠤᠳᠠᠯ ᠢ ᠶᠠᠷᠢᠪᠠᠯ ᠶᠠᠭᠠᠬᠢᠨ ᠢᠲᠡᠭᠡᠬᠦ ᠪᠤᠢ︖ 13 ᠲᠩᠷᠢ ᠡᠴᠡ ᠪᠠᠭᠤᠭᠰᠠᠨ 〈ᠬᠥᠮᠦᠨ ᠦ ᠬᠦᠦ〉 ᠡᠴᠡ ᠥᠭᠡᠷ᠎ᠡ ᠬᠡᠨ ᠴᠤ ᠲᠩᠷᠢ ᠳᠤ ᠭᠠᠷᠴᠤ ᠪᠠᠢᠭ᠎ᠠ ᠦᠭᠡᠢ᠃ 14 ᠮᠣᠰᠧ ᠴᠥᠯ ᠳᠤ ᠮᠣᠭᠠᠢ ᠶᠢ ᠡᠷᠭᠦᠭᠰᠡᠨᠴᠢᠯᠡᠨ ᠬᠥᠮᠦᠨ ᠦ ᠬᠦᠦ ᠴᠤ ᠡᠷᠭᠦᠭᠳᠡᠬᠦ ᠶᠣᠰᠣᠲᠠᠢ᠃ 15 ᠡᠢᠨ ᠬᠦ ᠲᠡᠭᠦᠨ ᠢ ᠢᠲᠡᠭᠡᠭᠴᠢ ᠪᠦᠬᠦᠨ ᠮᠥᠩᠬᠡ ᠠᠮᠢ ᠲᠠᠢ ᠪᠣᠯᠣᠨ᠎ᠠ᠃

16 ᠪᠤᠷᠬᠠᠨ ᠶᠢᠷᠲᠢᠨᠴᠦ ᠶᠢ ᠬᠠᠢᠷᠠᠯᠠᠭᠠᠳ ᠴᠣᠷ ᠤᠨ ᠭᠠᠭᠴᠠ ᠬᠦᠦ ᠪᠡᠨ ᠥᠭᠭᠥᠭᠰᠡᠨ᠂ ᠡᠢᠨ ᠬᠦ ᠲᠡᠭᠦᠨ ᠢ ᠢᠲᠡᠭᠡᠭᠴᠢ ᠪᠦᠬᠦᠨ ᠮᠥᠬᠥᠬᠦ ᠦᠭᠡᠢ᠂ ᠬᠠᠷᠢᠨ ᠮᠥᠩᠬᠡ ᠠᠮᠢ ᠲᠠᠢ ᠪᠠᠢᠬᠤ ᠪᠣᠯᠣᠯ᠎ᠠ᠃

17 ᠪᠤᠷᠬᠠᠨ ᠬᠦᠦ ᠪᠡᠨ ᠶᠢᠷᠲᠢᠨᠴᠦ ᠳᠦ ᠢᠯᠡᠭᠡᠭᠰᠡᠨ ᠨᠢ ᠶᠢᠷᠲᠢᠨᠴᠦ ᠶᠢ ᠶᠠᠯᠠᠯᠠᠬᠤ ᠶᠢᠨ ᠲᠤᠯᠠᠳᠠ ᠪᠢᠰᠢ᠂ ᠬᠠᠷᠢᠨ ᠶᠢᠷᠲᠢᠨᠴᠦ ᠶᠢ ᠲᠡᠭᠦᠨ ᠢᠶᠡᠷ ᠠᠪᠤᠷᠠᠭᠤᠯᠬᠤ ᠶᠢᠨ ᠲᠥᠯᠥᠭᠡ ᠶᠤᠮ᠃ 18 ᠲᠡᠭᠦᠨ ᠢ ᠢᠲᠡᠭᠡᠭᠴᠢ ᠨᠢ ᠶᠠᠯᠠᠯᠠᠭᠳᠠᠬᠤ ᠦᠭᠡᠢ᠃ ᠬᠠᠷᠢᠨ ᠦᠯᠦ ᠢᠲᠡᠭᠡᠭᠴᠢ ᠨᠢ ᠪᠤᠷᠬᠠᠨ ᠤ ᠴᠣᠷ ᠤᠨ ᠭᠠᠭᠴᠠ ᠬᠦᠦ ᠶᠢᠨ ᠨᠡᠷ᠎ᠡ ᠶᠢ ᠢᠲᠡᠭᠡᠭᠡ ᠦᠭᠡᠢ ᠤᠴᠢᠷ ᠠᠴᠠ ᠨᠢᠭᠡᠨᠲᠡ ᠶᠠᠯᠠᠯᠠᠭᠳᠠᠭᠰᠠᠨ᠃ 19 ᠭᠡᠷᠡᠯ ᠶᠢᠷᠲᠢᠨᠴᠦ ᠳᠦ ᠢᠷᠡᠭᠰᠡᠨ ᠪᠠᠢᠲᠠᠯ᠎ᠠ ᠬᠥᠮᠦᠰ ᠦᠢᠯᠡ ᠶᠠᠪᠤᠳᠠᠯ ᠤᠨ ᠢᠶᠠᠨ ᠮᠠᠭᠤ ᠠᠴᠠ ᠪᠣᠯᠵᠤ ᠬᠠᠷᠠᠩ᠋ᠭᠤᠢ ᠶᠢ ᠭᠡᠷᠡᠯ ᠡᠴᠡ ᠢᠯᠡᠭᠦᠦ ᠬᠠᠢᠷᠠᠯᠠᠭᠰᠠᠨ ᠨᠢ ᠲᠡᠷᠡ ᠬᠦ ᠶᠠᠯ᠎ᠠ ᠪᠢᠯᠡ᠃ 20 ᠮᠠᠭᠤ ᠶᠢ ᠦᠢᠯᠡᠳᠦᠭᠴᠢ ᠪᠣᠯᠭᠠᠨ ᠭᠡᠷᠡᠯ ᠢ ᠦᠵᠡᠨ ᠶᠠᠳᠠᠵᠤ᠂ ᠦᠢᠯᠡ ᠶᠠᠪᠤᠳᠠᠯ ᠮᠢᠨᠢ ᠢᠯᠡᠷᠡᠴᠢᠬᠡᠬᠦ ᠪᠤᠢ ᠭᠡᠳ ᠭᠡᠷᠡᠯ ᠤᠷᠤᠭᠤ ᠢᠷᠡᠳᠡᠭ ᠦᠭᠡᠢ ᠪᠣᠯ᠂ 21 ᠦᠨᠡᠨ ᠢ ᠦᠢᠯᠡᠳᠦᠭᠴᠢ ᠨᠢ ᠪᠤᠷᠬᠠᠨ ᠤ ᠳᠣᠲᠣᠷ᠎ᠠ ᠭᠦᠢᠴᠡᠳᠬᠡᠭᠳᠡᠭᠰᠡᠨ ᠦᠢᠯᠡ ᠶᠠᠪᠤᠳᠠᠯ ᠮᠢᠨᠢ ᠢᠯᠡᠷᠡᠭᠡᠰᠡᠢ ᠭᠡᠳ ᠭᠡᠷᠡᠯ ᠤᠷᠤᠭᠤ ᠢᠷᠡᠳᠡᠭ ᠶᠤᠮ》 ᠭᠡᠵᠦ ᠬᠠᠷᠢᠭᠤᠯᠪᠠ᠃
 ᠶᠣᠬᠠᠨ ᠤ ᠰᠡᠭᠦᠯᠴᠢ ᠶᠢᠨ ᠭᠡᠷᠡᠴᠢᠯᠡᠯ

22 ᠡᠭᠦᠨ ᠦ ᠳᠠᠷᠠᠭ᠎ᠠ᠂ ᠢᠰᠦ᠋ᠰ ᠱᠠᠪᠢ ᠨᠠᠷ ᠲᠠᠢ ᠪᠠᠨ ᠶᠦᠳᠠᠢ ᠨᠤᠲᠤᠭ ᠲᠤ ᠣᠴᠢᠭᠠᠳ ᠲᠡᠳᠡᠨ ᠲᠡᠢ ᠬᠠᠮᠲᠤ ᠲᠡᠨᠳᠡ ᠪᠠᠢᠵᠤ᠂ ᠤᠬᠢᠶᠠᠯ ᠬᠦᠷᠲᠡᠭᠡᠵᠦ ᠪᠠᠢᠯ᠎ᠠ᠃ 23 ᠶᠣᠬᠠᠨ ᠴᠤ ᠰᠠᠯᠢᠮ ᠤᠨ ᠣᠢᠷᠠᠯᠴᠠᠭᠠᠬᠢ ᠠᠢᠨᠣᠨ ᠳᠤ ᠤᠬᠢᠶᠠᠯ ᠬᠦᠷᠲᠡᠭᠡᠵᠦ ᠪᠠᠢᠪᠠ᠃ ᠤᠴᠢᠷ ᠨᠢ ᠲᠡᠨᠳᠡ ᠤᠰᠤ ᠶᠡᠬᠡᠲᠡᠢ ᠠᠵᠢ᠃ ᠡᠢᠨ ᠬᠦ ᠬᠥᠮᠦᠰ ᠢᠷᠡᠵᠡᠭᠡᠨ ᠤᠬᠢᠶᠠᠯ ᠬᠦᠷᠲᠡᠵᠦ ᠪᠠᠢᠵᠠᠢ᠃ 24 (ᠶᠣᠬᠠᠨ ᠬᠠᠷᠠᠬᠠᠨ ᠱᠣᠷᠣᠩ ᠳᠤ ᠬᠣᠷᠢᠭᠳᠠᠭ᠎ᠠ ᠦᠭᠡᠢ ᠪᠠᠢᠪᠠ᠃)

25 ᠶᠣᠬᠠᠨ ᠤ ᠱᠠᠪᠢ ᠨᠠᠷ ᠪᠣᠯᠣᠨ ᠨᠢᠭᠡᠨ ᠶᠦᠳᠠᠢ ᠬᠥᠮᠦᠨ ᠦ ᠬᠣᠭᠣᠷᠣᠨᠳᠣ ᠠᠷᠢᠭᠤᠳᠬᠠᠯ ᠤᠨ ᠲᠠᠯ᠎ᠠ ᠪᠠᠷ ᠮᠠᠷᠭᠤᠭᠠᠨ ᠪᠣᠯᠵᠠᠢ᠃ 26 ᠲᠡᠳᠡ ᠶᠣᠬᠠᠨ ᠳᠤ ᠬᠦᠷᠴᠦ᠄ 《ᠪᠠᠭᠰᠢ ᠡ᠂ ᠬᠠᠷᠠᠭᠠᠴᠢ︕ ᠶᠣᠷᠳᠠᠨ ᠭᠣᠣᠯ ᠤᠨ ᠲᠡᠷᠲᠡᠭᠡ ᠲᠠᠨ ᠲᠠᠢ ᠬᠠᠮᠲᠤ ᠪᠠᠢᠭᠰᠠᠨ᠂ ᠲᠠᠨ ᠤ ᠭᠡᠷᠡᠴᠢᠯᠡᠵᠦ ᠪᠠᠢᠭᠰᠠᠨ ᠲᠡᠷᠡ ᠬᠥᠮᠦᠨ ᠤᠬᠢᠶᠠᠯ ᠬᠦᠷᠲᠡᠭᠡᠵᠦ ᠪᠠᠢᠭ᠎ᠠ᠃ ᠪᠦᠬᠦ ᠬᠥᠮᠦᠨ ᠲᠡᠰᠢ ᠣᠴᠢᠵᠤ ᠪᠠᠢᠨ᠎ᠠ》 ᠭᠡᠰᠡᠨ ᠳᠦ᠂ 27 ᠶᠣᠬᠠᠨ᠄ 《ᠬᠡᠷᠪᠡ ᠲᠩᠷᠢ ᠡᠴᠡ ᠰᠣᠶᠣᠷᠬᠠᠬᠤ ᠦᠭᠡᠢ ᠪᠣᠯ ᠬᠥᠮᠦᠨ ᠶᠠᠭᠤ ᠴᠤ ᠬᠦᠷᠲᠡᠵᠦ ᠴᠢᠳᠠᠬᠤ ᠦᠭᠡᠢ᠃ 28 〈ᠪᠢ ᠾᠷᠢᠰᠲ᠋ᠣᠰ ᠪᠢᠰᠢ᠂ ᠲᠡᠭᠦᠨ ᠡᠴᠡ ᠤᠷᠢᠳᠠ ᠢᠯᠡᠭᠡᠭᠳᠡᠭᠰᠡᠨ ᠬᠥᠮᠦᠨ〉 ᠭᠡᠵᠦ ᠬᠡᠯᠡᠭᠰᠡᠨ ᠢ ᠮᠢᠨᠢ ᠭᠡᠷᠡᠴᠢᠯᠡᠭᠴᠢ ᠨᠢ ᠲᠠ ᠨᠠᠷ ᠪᠢᠯᠡ᠃ 29 ᠰᠢᠨ᠎ᠡ ᠪᠡᠷᠢ ᠨᠢ ᠰᠢᠨ᠎ᠡ ᠬᠦᠷᠭᠡᠨ ᠦ ᠬᠢ᠃ ᠰᠢᠨ᠎ᠡ ᠬᠦᠷᠭᠡᠨ ᠢ ᠬᠦᠯᠢᠶᠡᠨ ᠵᠣᠭᠰᠣᠭᠴᠢ ᠨᠠᠢᠵᠢ ᠨᠢ ᠬᠦᠷᠭᠡᠨ ᠦ ᠳᠠᠭᠤ ᠶᠢ ᠰᠣᠨᠣᠰᠪᠠᠯ ᠶᠡᠬᠡᠳᠡ ᠪᠠᠶᠠᠰᠳᠠᠭ ᠲᠠᠢ ᠠᠳᠠᠯᠢᠬᠠᠨ ᠪᠢ ᠴᠤ ᠪᠠᠶᠠᠷ ᠬᠥᠷ ᠢᠶᠡᠷ ᠳᠦᠭᠦᠷᠡᠩ ᠪᠠᠢᠨ᠎ᠠ᠃ 30 ᠲᠡᠷᠡ ᠮᠠᠨᠳᠤᠵᠤ ᠪᠢ ᠪᠠᠭᠤᠷᠠᠬᠤ ᠶᠣᠰᠣᠲᠠᠢ》 ᠭᠡᠪᠡ᠃

31 《ᠳᠡᠭᠡᠷ᠎ᠡ ᠡᠴᠡ ᠢᠷᠡᠭᠴᠢ ᠨᠢ ᠪᠦᠬᠦᠨ ᠦ ᠳᠡᠭᠡᠷ᠎ᠡ ᠪᠠᠢᠳᠠᠭ᠃ ᠭᠠᠵᠠᠷ ᠠᠴᠠ ᠢᠷᠡᠭᠴᠢ ᠨᠢ ᠭᠠᠵᠠᠷ ᠤᠨ ᠬᠢ ᠪᠥᠭᠡᠳ ᠭᠠᠵᠠᠷ ᠳᠡᠯᠡᠬᠡᠢ ᠶᠢᠨ ᠬᠢ ᠶᠢ ᠯᠠ ᠶᠠᠷᠢᠳᠠᠭ᠃ ᠲᠩᠷᠢ ᠡᠴᠡ ᠢᠷᠡᠭᠴᠢ ᠨᠢ ᠪᠦᠬᠦᠨ ᠦ ᠳᠡᠭᠡᠷ᠎ᠡ ᠪᠠᠢᠳᠠᠭ ᠪᠥᠭᠡᠳ 32 ᠦᠵᠡᠭᠰᠡᠨ ᠰᠣᠨᠣᠰᠣᠭᠰᠠᠨ ᠢᠶᠠᠨ ᠭᠡᠷᠡᠴᠢᠯᠡᠳᠡᠭ ᠪᠣᠯᠪᠠᠴᠤ ᠲᠡᠭᠦᠨ ᠦ ᠭᠡᠷᠡᠴᠢᠯᠡᠯ ᠢ ᠬᠡᠨ ᠴᠤ ᠬᠦᠯᠢᠶᠡᠨ ᠠᠪᠳᠠᠭ ᠦᠭᠡᠢ᠃ 33 ᠲᠡᠭᠦᠨ ᠦ ᠭᠡᠷᠡᠴᠢᠯᠡᠯ ᠢ ᠬᠦᠯᠢᠶᠡᠨ ᠠᠪᠤᠭᠴᠢ ᠨᠢ ᠪᠤᠷᠬᠠᠨ ᠢ ᠦᠨᠡᠨ ᠭᠡᠵᠦ ᠨᠣᠲᠠᠯᠠᠭᠰᠠᠨ ᠶᠤᠮ᠃ 34 ᠪᠤᠷᠬᠠᠨ ᠤ ᠢᠯᠡᠭᠡᠭᠰᠡᠨ ᠨᠢᠭᠡᠨ ᠨᠢ ᠪᠤᠷᠬᠠᠨ ᠤ ᠦᠭᠡ ᠶᠢ ᠬᠡᠯᠡᠳᠡᠭ᠃ ᠤᠴᠢᠷ ᠨᠢ ᠪᠤᠷᠬᠠᠨ ᠲᠡᠭᠦᠨ ᠳᠦ ᠠᠷᠢᠭᠤᠨ ᠰᠦᠨᠡᠰᠦ ᠶᠢ ᠬᠡᠮᠵᠢᠶᠡᠯᠡᠰᠢ ᠦᠭᠡᠢ ᠪᠠᠷ ᠥᠭᠳᠡᠭ᠃ 35 ᠡᠴᠢᠭᠡ ᠨᠢ ᠬᠦᠦ ᠪᠡᠨ ᠬᠠᠢᠷᠠᠯᠠᠨ ᠲᠡᠭᠦᠨ ᠦ ᠭᠠᠷ ᠲᠤ ᠠᠯᠢᠪᠠ ᠪᠠᠨ ᠥᠭᠭᠥᠭᠰᠡᠨ ᠶᠤᠮ᠃ 36 ᠬᠦᠦ ᠶᠢ ᠨᠢ ᠢᠲᠡᠭᠡᠭᠴᠢ ᠨᠢ ᠮᠥᠩᠬᠡ ᠠᠮᠢ ᠲᠠᠢ᠃ ᠬᠦᠦ ᠳᠦ ᠦᠯᠦ ᠢᠲᠡᠭᠡᠭᠴᠢ ᠨᠢ ᠮᠥᠩᠬᠡ ᠠᠮᠢ ᠶᠢ ᠦᠵᠡᠬᠦ ᠦᠭᠡᠢ᠂ ᠬᠠᠷᠢᠨ ᠪᠤᠷᠬᠠᠨ ᠤ ᠬᠢᠯᠢᠩ ᠲᠡᠭᠦᠨ ᠦ ᠳᠡᠭᠡᠷ᠎ᠡ ᠪᠠᠢᠳᠠᠭ᠃》