ᠬᠣᠰᠧᠶ᠎ᠠ ᠠᠷᠪᠠ
ᠨᠢᠭᠦᠯ ᠡᠴᠡ ᠪᠣᠯᠣᠭᠰᠠᠨ ᠴᠥᠯᠡᠯᠡᠭᠡ
1 ᠢᠰᠷᠧᠯ ᠪᠣᠯ ᠦᠷ᠎ᠡ ᠵᠢᠮᠢᠰ ᠢᠶᠠᠨ ᠭᠠᠷᠭᠠᠳᠠᠭ ᠦᠵᠦᠮ ᠦᠨ ᠰᠠᠭᠯᠠᠭᠠᠷ ᠮᠣᠳᠣ ᠶᠤᠮ ᠵᠢᠮᠢᠰ ᠨᠢ ᠣᠯᠠᠰᠢᠷᠠᠬᠤ ᠲᠤᠰᠤᠮ ᠲᠡᠷᠡ ᠪᠡᠷ ᠲᠠᠬᠢᠯ ᠤᠨ ᠰᠢᠷᠡᠭᠡ ᠪᠡᠨ ᠣᠯᠠᠰᠢᠷᠠᠭᠤᠯᠵᠤ ᠨᠤᠲᠤᠭ ᠨᠢ ᠰᠠᠢᠵᠢᠷᠠᠬᠤ ᠲᠤᠰᠤᠮ ᠰᠢᠲᠦᠭᠡᠨ ᠦ ᠪᠠᠭᠠᠨ᠎ᠠ ᠨᠤᠭᠤᠳ ᠢᠶᠠᠨ ᠰᠠᠢᠵᠢᠷᠠᠭᠤᠯᠳᠠᠭ᠂
2 ᠪᠣᠳᠣᠯ ᠨᠢ ᠬᠣᠶᠠᠷᠳᠠᠵᠤ ᠪᠤᠷᠤᠭᠤᠲᠠᠨ ᠪᠣᠯᠪᠠ ᠶᠣᠬᠣᠸᠠ ᠲᠠᠬᠢᠯ ᠤᠨ ᠰᠢᠷᠡᠭᠡ ᠨᠦᠭᠦᠳ ᠢ ᠨᠢ ᠡᠪᠳᠡᠵᠦ᠂ ᠰᠢᠲᠦᠭᠡᠨ ᠦ ᠪᠠᠭᠠᠨ᠎ᠠ ᠨᠤᠭᠤᠳ ᠢ ᠨᠢ ᠨᠤᠷᠠᠭᠠᠨ᠎ᠠ᠃
3 ᠣᠳᠣ ᠲᠡᠳᠡ᠄ 《ᠶᠣᠬᠣᠸᠠ ᠠᠴᠠ ᠡᠮᠢᠶᠡᠭᠡ ᠦᠭᠡᠢ ᠤᠴᠢᠷ ᠠᠴᠠ ᠪᠢᠳᠡ ᠬᠠᠭᠠᠨ ᠦᠭᠡᠢ ᠪᠣᠯᠪᠠ ᠬᠠᠷᠢᠨ ᠬᠠᠭᠠᠨ ᠪᠠᠢᠯ᠎ᠠ ᠴᠤ ᠲᠡᠷᠡ ᠪᠢᠳᠡᠨ ᠦ ᠲᠥᠯᠥᠭᠡ ᠶᠠᠭᠤ ᠬᠢᠵᠦ ᠴᠢᠳᠠᠬᠤ ᠪᠢᠯᠡ︖》 ᠭᠡᠳᠡᠭ᠂
4 ᠲᠡᠳᠡ ᠬᠣᠭᠣᠰᠣᠨ ᠦᠭᠡ ᠶᠠᠷᠢᠵᠤ᠂ ᠬᠤᠳᠠᠯ ᠢᠶᠠᠷ ᠲᠠᠩ᠋ᠭᠠᠷᠢᠭᠯᠠᠨ ᠭᠡᠷ᠎ᠡ ᠪᠠᠢᠭᠤᠯᠵᠤ ᠲᠠᠷᠢᠶᠠᠨ ᠲᠠᠯᠠᠪᠠᠢ ᠶᠢᠨ ᠳᠤᠮᠳᠠᠬᠢ ᠬᠣᠣᠷᠲᠤ ᠡᠪᠡᠰᠦ ᠠᠳᠠᠯᠢ ᠵᠠᠷᠭᠤ ᠬᠢᠨ᠎ᠡ
5 ᠰᠠᠮᠠᠷᠢᠶ᠎ᠠ ᠶᠢᠨ ᠰᠠᠭᠤᠭᠠᠯᠢ ᠪᠧᠲ ᠠᠸᠧᠨ ᠤ ᠲᠤᠭᠤᠯ ᠤᠨ ᠤᠯᠠᠮ ᠢᠶᠠᠷ ᠠᠢᠳᠠᠰ ᠲᠤ ᠠᠪᠲᠠᠬᠤ ᠪᠣᠯᠣᠨ᠎ᠠ ᠢᠷᠠᠭᠤ ᠠᠯᠳᠠᠷ ᠨᠢ ᠣᠳᠬᠤ ᠳᠤ ᠠᠷᠠᠳ ᠲᠦᠮᠡᠨ ᠨᠢ ᠲᠡᠭᠦᠨ ᠦ ᠲᠥᠯᠥᠭᠡ ᠭᠠᠰᠢᠭᠤᠳᠠᠵᠤ ᠲᠠᠬᠢᠯᠴᠢᠳ ᠨᠢ ᠬᠠᠰᠬᠢᠷᠤᠯᠳᠤᠬᠤ ᠪᠣᠯᠣᠨ᠎ᠠ᠃
6 ᠲᠡᠷᠡ ᠰᠢᠲᠦᠭᠡᠨ ᠪᠠᠷᠢᠴᠠᠭᠠᠯᠠᠭᠳᠠᠵᠤ᠂ ᠠᠰᠢᠷᠢᠶ᠎ᠠ ᠶᠢᠨ ᠶᠡᠬᠡ ᠬᠠᠭᠠᠨ ᠳᠤ ᠬᠦᠷᠭᠡᠭᠳᠡᠨᠡ ᠡᠹᠷᠠᠢᠮ ᠰᠢᠪᠰᠢᠭ ᠪᠣᠯᠵᠤ᠂ ᠢᠰᠷᠧᠯ ᠰᠢᠲᠦᠭᠡᠨ ᠡᠴᠡ ᠪᠡᠨ ᠢᠴᠢᠬᠦ ᠪᠣᠯᠣᠨ᠎ᠠ᠃
7 ᠰᠠᠮᠠᠷᠢᠶ᠎ᠠ ᠬᠠᠭᠠᠨ ᠲᠠᠢ ᠪᠠᠨ ᠬᠠᠮᠲᠤ ᠤᠰᠤᠨ ᠳᠡᠭᠡᠷᠡᠬᠢ ᠮᠥᠴᠢᠷ ᠮᠡᠲᠦ ᠠᠯᠠᠭ᠎ᠠ ᠪᠣᠯᠬᠤ ᠳᠤ
8 ᠢᠰᠷᠧᠯ ᠤᠨ ᠨᠢᠭᠦᠯ ᠦᠨ ᠭᠣᠯᠣᠮᠲᠠ᠂ ᠠᠸᠧᠨ ᠤ ᠮᠥᠷᠭᠥᠯ ᠦᠨ ᠮᠠᠨᠳᠠᠯ ᠤᠳ ᠤᠰᠠᠳᠬᠠᠭᠳᠠᠨ ᠲᠠᠬᠢᠯ ᠤᠨ ᠰᠢᠷᠡᠭᠡ ᠨᠦᠭᠦᠳ ᠦᠨ ᠬᠢᠨᠢ ᠳᠡᠭᠡᠷ᠎ᠡ ᠦᠭᠦᠷᠭᠡᠨ᠎ᠡ᠂ ᠬᠠᠯᠠᠭᠠᠢ ᠤᠷᠭᠤᠨ᠎ᠠ ᠲᠡᠷᠡ ᠦᠶ᠎ᠡ ᠳᠦ ᠲᠡᠳᠡ ᠠᠭᠤᠯᠠᠰ ᠲᠤ᠄ 《ᠪᠢᠳᠡᠨ ᠢ ᠪᠦᠲᠡᠭᠡᠭᠡᠴᠢ》 ᠭᠡᠵᠦ ᠲᠣᠯᠣᠭᠠᠳ ᠲᠤ᠄ 《ᠪᠢᠳᠡᠨ ᠦ ᠳᠡᠭᠡᠷ᠎ᠡ ᠨᠤᠷᠠᠭᠠᠴᠢ》 ᠭᠡᠵᠡᠭᠡᠬᠦ ᠪᠣᠯᠣᠨ᠎ᠠ᠃
9 ᠢᠰᠷᠧᠯ ᠡ᠂ ᠭᠧᠪᠧᠶᠠ ᠶᠢᠨ ᠡᠳᠦᠷ ᠤᠳ ᠠᠴᠠ ᠡᠬᠢᠯᠡᠨ ᠴᠢ ᠨᠢᠭᠦᠯ ᠦᠢᠯᠡᠳᠦᠭᠰᠡᠭᠡᠷ ᠲᠡᠨᠳᠡ ᠪᠡᠨ ᠵᠣᠭᠰᠣᠭᠰᠠᠭᠠᠷ ᠪᠠᠢᠨ᠎ᠠ᠂ ᠭᠧᠪᠧᠶᠠ ᠶᠢᠨ ᠮᠠᠭᠤ ᠶᠢ ᠦᠢᠯᠡᠳᠦᠭᠴᠢᠳ ᠳᠠᠢᠨ ᠳᠤ ᠥᠷᠲᠥᠭᠰᠡᠨ ᠪᠢᠰᠢ ᠤᠤ︖
10 ᠬᠦᠰᠡᠭᠰᠡᠨ ᠦᠶ᠎ᠡ ᠳᠡᠭᠡᠨ ᠪᠢ ᠲᠡᠳᠡᠨ ᠢ ᠭᠡᠰᠬᠡᠨᠡ ᠳᠠᠪᠬᠤᠷ ᠨᠢᠭᠦᠯ ᠡᠴᠡ ᠨᠢ ᠪᠣᠯᠵᠤ ᠲᠡᠳᠡᠨ ᠢ ᠬᠦᠯᠢᠬᠦ ᠪᠡᠷ ᠦᠨᠳᠦᠰᠦᠲᠡᠨ ᠨᠦᠭᠦᠳ ᠲᠡᠳᠡᠨ ᠤᠷᠤᠭᠤ ᠴᠤᠭᠯᠠᠷᠠᠬᠤ ᠪᠣᠯᠣᠨ᠎ᠠ᠃
11 ᠡᠹᠷᠠᠢᠮ ᠪᠣᠯ ᠦᠲᠦᠷᠮᠡᠳᠡᠬᠦ ᠳᠦ ᠳᠤᠷᠠᠲᠠᠢ ᠰᠤᠷᠭᠠᠭᠰᠠᠨ ᠭᠤᠨᠵᠢ ᠡᠢᠮᠦ ᠡᠴᠡ ᠪᠢ ᠰᠠᠢᠬᠠᠨ ᠬᠦᠵᠦᠭᠦᠨ ᠳᠡᠭᠡᠷ᠎ᠡ ᠨᠢ ᠪᠤᠭᠤᠯᠠᠭ᠎ᠠ ᠲᠠᠯᠪᠢᠨ᠎ᠠ ᠡᠹᠷᠠᠢᠮ ᠤᠨ ᠳᠡᠭᠡᠷ᠎ᠡ ᠪᠢ ᠲᠠᠯᠪᠢᠨ᠎ᠠ ᠶᠦᠳᠠ ᠭᠠᠵᠠᠷ ᠬᠠᠭᠠᠯᠵᠤ᠂ ᠶᠠᠺᠣᠪ ᠱᠠᠩ ᠲᠠᠲᠠᠨ᠎ᠠ᠃
12 ᠣᠳᠣ ᠪᠣᠯ ᠶᠣᠬᠣᠸᠠ ᠶᠢ ᠬᠠᠢᠬᠤ ᠴᠠᠭ ᠥᠪᠡᠷᠰᠡᠳ ᠦᠨ ᠢᠶᠠᠨ ᠲᠥᠯᠥᠭᠡ ᠵᠥᠪ ᠢ ᠲᠠᠷᠢᠵᠤ ᠬᠠᠢᠷ᠎ᠠ ᠡᠨᠡᠷᠢᠯ ᠢ ᠬᠤᠷᠢᠶᠠᠵᠤ ᠠᠪ ᠬᠠᠭᠠᠯᠪᠤᠷᠢᠯᠠᠭᠠ ᠦᠭᠡᠢ ᠭᠠᠵᠠᠷ ᠢᠶᠠᠨ ᠬᠠᠭᠠᠯᠪᠤᠷᠢᠯᠠ ᠵᠥᠪ ᠢ ᠪᠣᠷᠣᠭ᠎ᠠ ᠮᠡᠲᠦ ᠴᠢᠳᠬᠤᠬᠤ ᠪᠠᠷ ᠶᠣᠬᠣᠸᠠ ᠲᠠ ᠨᠠᠷ ᠳᠡᠭᠡᠷ᠎ᠡ ᠢᠷᠡᠨ᠎ᠡ᠃
13 ᠬᠠᠷᠢᠨ ᠲᠠ ᠨᠠᠷ ᠬᠣᠷᠣᠨ ᠮᠠᠭᠤ ᠶᠢ ᠲᠠᠷᠢᠵᠤ᠂ ᠵᠥᠪ ᠪᠤᠰᠤ ᠶᠢ ᠬᠤᠷᠢᠶᠠᠭᠰᠠᠨ ᠠᠷᠭ᠎ᠠ ᠵᠠᠮ᠂ ᠠᠷᠪᠢᠨ ᠴᠡᠷᠢᠭ ᠲᠡᠭᠡᠨ ᠢᠲᠡᠭᠡᠵᠦ ᠬᠠᠭᠤᠷᠮᠠᠭ ᠵᠢᠮᠢᠰ ᠢ ᠢᠳᠡᠭᠰᠡᠨ ᠲᠤᠯᠠ
14 ᠪᠠᠢᠯᠳᠤᠭᠠᠨ ᠤ ᠦᠢᠮᠡᠭᠡᠨ ᠠᠷᠠᠳ ᠲᠦᠮᠡᠨ ᠦ ᠴᠢᠨᠢ ᠳᠤᠮᠳᠠ ᠳᠡᠭᠳᠡᠨ᠎ᠡ ᠪᠦᠬᠦ ᠪᠡᠬᠢᠯᠡᠯᠲᠡ ᠴᠢᠨᠢ ᠡᠪᠳᠡᠭᠳᠡᠨ᠎ᠡ ᠪᠠᠢᠯᠳᠤᠭᠠᠨ ᠤ ᠡᠳᠦᠷ ᠱᠠᠯᠮᠠᠨ ᠨᠢ ᠪᠧᠲ ᠠᠷᠪᠧᠯ ᠢ ᠡᠪᠳᠡᠯᠡᠭᠰᠡᠨ ᠲᠡᠢ ᠠᠳᠠᠯᠢ ᠪᠠᠭᠠᠴᠤᠳ ᠲᠠᠢ ᠨᠢ ᠬᠠᠮᠲᠤ ᠶᠡᠬᠡᠴᠦᠳ ᠢ ᠨᠢ ᠪᠢᠴᠠᠯᠤᠭᠰᠠᠨ ᠲᠠᠢ ᠠᠳᠠᠯᠢ ᠪᠣᠯᠣᠨ᠎ᠠ᠂
15 ᠮᠠᠭᠤ ᠠᠴᠠ ᠮᠠᠭᠤ ᠦᠢᠯᠡ ᠶᠢᠨ ᠴᠢᠨᠢ ᠤᠯᠠᠮ ᠢᠶᠠᠷ ᠪᠢ ᠲᠠ ᠨᠠᠷ ᠲᠤ ᠲᠡᠢᠨ ᠬᠦ ᠦᠢᠯᠡᠳᠦᠨ᠎ᠡ᠂ ᠪᠧᠲ᠋ᠧᠯ ᠡ ᠢᠰᠷᠧᠯ ᠤᠨ ᠬᠠᠭᠠᠨ ᠦᠷ ᠢᠶᠡᠷ ᠪᠦᠷᠢᠮᠦᠰᠦᠨ ᠤᠰᠠᠳᠬᠠᠭᠳᠠᠬᠤ ᠪᠣᠯᠣᠨ᠎ᠠ᠃