1 2 3 4 5 6 7 8 9 10 11 12 13 14


ᠬᠣᠰᠧᠶ᠎ᠠ ᠠᠷᠪᠠᠨ ᠳᠥᠷᠪᠡ
 ᠭᠡᠮᠰᠢᠪᠡᠯ ᠢᠪᠡᠭᠡᠭᠳᠡᠨ᠎ᠡ
1 ᠶᠣᠬᠣᠸᠠ ᠪᠤᠷᠬᠠᠨ ᠥᠭᠡᠳᠡ ᠪᠡᠨ ᠡᠷᠭᠢ᠂ ᠢᠰᠷᠧᠯ ᠡ ᠭᠡᠮ ᠪᠤᠷᠤᠭᠤ ᠳᠠᠭᠠᠨ ᠪᠦᠳᠦᠷᠢᠭᠰᠡᠨ ᠴᠤ
2 ᠡᠳᠡᠭᠡᠷ ᠦᠭᠡᠰ ᠢ ᠠᠪᠴᠤ ᠶᠣᠬᠣᠸᠠ ᠥᠭᠡᠳᠡ ᠡᠷᠭᠢᠭᠡᠳ ᠶᠠᠷᠢ᠄ 《ᠪᠦᠬᠦ ᠭᠡᠮ ᠢ ᠮᠢᠨᠢ ᠥᠷᠥᠰᠢᠶᠡᠨ᠂ ᠪᠢᠳᠡᠨ ᠢ ᠪᠠᠨ ᠨᠢᠭᠦᠯᠡᠰᠦᠩᠭᠦᠢ ᠪᠠᠷ ᠬᠦᠯᠢᠶᠡᠨ ᠠᠪᠤᠭᠠᠴᠢ ᠪᠢᠳᠡ ᠣᠷᠣᠭᠤᠯ ᠤᠨ ᠢᠶᠠᠨ ᠦᠷ᠎ᠡ ᠵᠢᠮᠢᠰ ᠢ ᠲᠠᠨ ᠳᠤ ᠡᠷᠭᠦᠶ᠎ᠡ᠃
3 ᠠᠰᠢᠷᠢᠶ᠎ᠠ ᠪᠢᠳᠡᠨ ᠢ ᠠᠪᠤᠷᠠᠬᠤ ᠦᠭᠡᠢ ᠬᠠᠷᠢᠨ ᠥᠨᠥᠴᠢᠨ ᠢ ᠡᠨᠡᠷᠢᠳᠡᠭ ᠨᠢ ᠲᠠ ᠤᠴᠢᠷ ᠠᠴᠠ ᠪᠢᠳᠡ ᠪᠠᠢᠯᠳᠤᠭᠠᠨ ᠤ ᠮᠣᠷᠢ ᠤᠨᠤᠬᠤ ᠦᠭᠡᠢ ᠪᠢᠳᠡ ᠳᠠᠬᠢᠨ ᠭᠠᠷ ᠤᠨ ᠪᠦᠲᠦᠭᠡᠯ ᠢᠶᠡᠨ 〈ᠮᠠᠨ ᠤ ᠪᠤᠷᠬᠠᠨ〉 ᠭᠡᠵᠦ ᠬᠡᠯᠡᠬᠦ ᠦᠭᠡᠢ᠃》
4 ᠠᠭᠤᠷ ᠮᠢᠨᠢ ᠲᠡᠳᠡᠨ ᠡᠴᠡ ᠡᠷᠭᠢᠭᠰᠡᠨ ᠲᠡᠷᠰᠯᠡᠯ ᠢ ᠨᠢ ᠪᠢ ᠡᠳᠡᠭᠡᠭᠡᠵᠦ ᠲᠡᠳᠡᠨ ᠢ ᠳᠤᠷᠠᠲᠠᠶ᠎ᠠ ᠬᠠᠢᠷᠠᠯᠠᠨ᠎ᠠ
5 ᠪᠢ ᠢᠰᠷᠧᠯ ᠳᠡᠭᠡᠷ᠎ᠡ ᠰᠢᠭᠦᠳᠡᠷᠢ ᠮᠡᠲᠦ ᠪᠠᠭᠤᠨ᠎ᠠ ᠲᠡᠳᠡ ᠰᠠᠷᠠᠨ᠎ᠠ ᠴᠡᠴᠡᠭ ᠠᠳᠠᠯᠢ ᠴᠡᠴᠡᠭᠯᠡᠨ ᠯᠧᠪᠠᠨᠣᠨ ᠤ ᠬᠤᠱᠢ ᠮᠡᠲᠦ ᠦᠨᠳᠦᠰᠦᠯᠡᠨ᠎ᠡ᠃
6 ᠮᠥᠴᠢᠷ ᠤᠳ ᠨᠢ ᠰᠤᠩ᠋ᠬᠤ ᠳᠤ᠂ ᠴᠣᠭ ᠵᠢᠪᠬᠤᠯᠠᠩ ᠨᠢ ᠴᠢᠳᠦᠨ ᠮᠣᠳᠣ ᠰᠢᠭ᠋ ᠠᠩᠬᠢᠯᠤᠭᠤᠨ ᠦᠨᠦᠷ ᠨᠢ ᠯᠧᠪᠠᠨᠣᠨ ᠤ ᠬᠤᠱᠢ ᠰᠢᠭ᠋ ᠪᠣᠯᠣᠨ᠎ᠠ
7 ᠰᠡᠭᠦᠳᠡᠷ ᠲᠤᠨᠢ ᠰᠠᠭᠤᠭᠴᠢᠳ ᠪᠤᠴᠠᠨ ᠢᠷᠡᠵᠦ ᠦᠷ᠎ᠡ ᠲᠠᠷᠢᠶ᠎ᠠ ᠰᠢᠭ᠋ ᠤᠷᠭᠤᠨ᠎ᠠ ᠦᠵᠦᠮ ᠦᠨ ᠮᠣᠳᠣ ᠰᠢᠭ᠋ ᠴᠡᠴᠡᠭᠯᠡᠵᠦ ᠠᠯᠳᠠᠷ ᠨᠢ ᠯᠧᠪᠠᠨᠣᠨ ᠤ ᠦᠵᠦᠮ ᠦᠨ ᠳᠠᠷᠠᠰᠤ ᠰᠢᠭ᠋ ᠪᠣᠯᠣᠨ᠎ᠠ᠃
8 ᠡᠹᠷᠠᠢᠮ ᠡ᠂ ᠪᠢ ᠰᠢᠲᠦᠭᠡᠨ ᠨᠦᠭᠦᠳ ᠲᠡᠢ ᠶᠠᠮᠠᠷ ᠬᠠᠮᠢᠶ᠎ᠠ ᠲᠠᠢ ᠪᠤᠢ︖ ᠴᠢᠮ᠎ᠠ ᠳᠤ ᠬᠠᠷᠢᠭᠤᠯᠵᠤ᠂ ᠴᠢᠮᠠᠶᠢ ᠬᠠᠯᠠᠮᠵᠢᠯᠠᠭᠴᠢ ᠨᠢ ᠪᠢ ᠪᠢᠯᠡ ᠪᠢ ᠮᠥᠩᠬᠡ ᠨᠣᠭᠣᠭᠠᠨ ᠨᠠᠷᠠᠰᠤ ᠲᠠᠢ ᠠᠳᠠᠯᠢ ᠦᠷ᠎ᠡ ᠵᠢᠮᠢᠰ ᠴᠢᠨᠢ ᠨᠠᠳᠠ ᠠᠴᠠ ᠣᠯᠳᠠᠨ᠎ᠠ᠃

9 ᠬᠡᠨ ᠮᠡᠷᠭᠡᠨ ᠪᠣᠯ᠂ ᠲᠡᠷᠡ ᠡᠳᠡᠭᠡᠷ ᠢ ᠣᠢᠯᠠᠭᠠᠭ ᠬᠡᠨ ᠤᠬᠠᠭᠠᠨ ᠲᠠᠢ ᠪᠣᠯ᠂ ᠲᠡᠷᠡ ᠡᠳᠡᠭᠡᠷ ᠢ ᠮᠡᠳᠡᠭ ᠶᠣᠬᠣᠸᠠ ᠶᠢᠨ ᠵᠠᠮ ᠰᠢᠯᠤᠭᠤᠨ ᠵᠥᠪᠲᠦ ᠬᠥᠮᠦᠰ ᠲᠡᠭᠦᠨ ᠢᠶᠡᠷ ᠶᠠᠪᠤᠨ᠎ᠠ ᠪᠤᠷᠤᠭᠤᠲᠠᠳ ᠨᠢ ᠲᠡᠭᠦᠨ ᠳᠡᠭᠡᠷ᠎ᠡ ᠪᠦᠳᠦᠷᠢᠨ᠎ᠡ᠃