1 2 3 4 5 6 7 8 9 10 11 12 13 14


ᠬᠣᠰᠧᠶ᠎ᠠ ᠭᠤᠷᠪᠠ
 ᠵᠣᠯᠢᠵᠤ ᠠᠪᠤᠭᠰᠠᠨ ᠬᠠᠢᠷ᠎ᠠ

1 ᠶᠣᠬᠣᠸᠠ ᠨᠠᠳᠠ ᠳᠤ᠄ 《ᠢᠰᠷᠧᠯᠴᠦᠳ ᠥᠭᠡᠷ᠎ᠡ ᠪᠤᠷᠬᠠᠳ ᠤᠷᠤᠭᠤ ᠡᠷᠭᠢᠵᠦ᠂ ᠦᠵᠦᠮ ᠲᠡᠢ ᠪᠣᠣᠪᠣ ᠶᠢ ᠬᠠᠢᠷᠠᠯᠠᠳᠠᠭ ᠪᠣᠯᠪᠠᠴᠤ ᠶᠣᠬᠣᠸᠠ ᠲᠡᠳᠡᠨ ᠢ ᠬᠠᠢᠷᠠᠯᠠᠳᠠᠭ᠂ ᠡᠭᠦᠨ ᠲᠡᠢ ᠠᠳᠠᠯᠢ ᠴᠢ ᠳᠠᠬᠢᠨ ᠣᠴᠢᠵᠤ᠂ ᠥᠷᠥᠭᠡᠯ ᠢᠶᠡᠷ ᠬᠠᠢᠷᠠᠯᠠᠭᠤᠯᠳᠠᠭ ᠰᠠᠳᠤᠷ ᠡᠬᠡᠨᠡᠷ ᠢᠶᠡᠨ ᠬᠠᠢᠷᠠᠯᠠ》 ᠭᠡᠪᠡ᠃ 2 ᠪᠢ ᠲᠡᠭᠦᠨ ᠢ ᠠᠷᠪᠠᠨ ᠲᠠᠪᠤᠨ ᠱᠧᠺᠧᠯ 6 ᠮᠥᠩᠭᠥ᠂ ᠨᠢᠭᠡ ᠣᠮᠧᠷ ᠬᠠᠭᠠᠰ 7 ᠠᠷᠪᠠᠢ ᠪᠠᠷ ᠬᠤᠳᠠᠯᠳᠤᠨ ᠠᠪᠴᠤ᠂ 3 ᠲᠡᠭᠦᠨ ᠳᠦ᠄ 《ᠴᠢ ᠨᠠᠳᠠ ᠲᠠᠢ ᠬᠠᠮᠲᠤ ᠤᠳᠠᠭᠠᠨ ᠬᠤᠭᠤᠴᠠᠭ᠎ᠠ ᠰᠠᠭᠤᠵᠤ᠂ ᠪᠦᠦ ᠵᠠᠪᠬᠠᠢᠷᠠ᠂ ᠥᠭᠡᠷ᠎ᠡ ᠡᠷ᠎ᠡ ᠶᠢᠨ ᠬᠢ ᠪᠦᠦ ᠪᠣᠯ᠃ ᠲᠡᠭᠡᠪᠡᠯ ᠪᠢ ᠴᠤ ᠴᠢᠮ᠎ᠠ ᠲᠠᠢ ᠰᠠᠭᠤᠨ᠎ᠠ》 ᠭᠡᠪᠡ᠃ 4 ᠡᠭᠦᠨᠴᠢᠯᠡᠨ ᠢᠰᠷᠧᠯᠴᠦᠳ ᠣᠯᠠᠨ ᠬᠣᠨᠣᠭ ᠤᠨ ᠲᠤᠷᠰᠢ ᠬᠠᠭᠠᠨ ᠦᠭᠡᠢ᠂ ᠨᠣᠶᠠᠨ ᠦᠭᠡᠢ᠂ ᠲᠠᠬᠢᠯ ᠦᠭᠡᠢ᠂ ᠠᠷᠢᠭᠤᠨ ᠪᠠᠭᠠᠨ᠎ᠠ ᠦᠭᠡᠢ᠂ ᠡᠹᠣᠳ ᠦᠭᠡᠢ᠂ ᠭᠡᠷ ᠦᠨ ᠰᠢᠲᠦᠭᠡᠨ ᠦᠭᠡᠢ ᠠᠮᠢᠳᠤᠷᠠᠬᠤ ᠪᠥᠭᠡᠳ 5 ᠡᠭᠦᠨ ᠦ ᠳᠠᠷᠠᠭ᠎ᠠ ᠲᠡᠳᠡ ᠡᠷᠭᠢᠵᠦ᠂ ᠶᠣᠬᠣᠸᠠ ᠪᠤᠷᠬᠠᠨ ᠢᠶᠠᠨ ᠡᠷᠢᠨ᠂ ᠳ᠋ᠠᠸᠢᠳ᠋ ᠬᠠᠭᠠᠨ ᠢᠶᠠᠨ ᠬᠠᠢᠬᠤ ᠪᠣᠯᠣᠨ᠎ᠠ᠃ ᠡᠴᠦᠰ ᠦᠨ ᠡᠳᠦᠷ ᠤᠳ ᠲᠤ ᠲᠡᠳᠡ ᠲᠡᠢᠨ ᠬᠦ ᠶᠣᠬᠣᠸᠠ ᠤᠷᠤᠭᠤ᠂ ᠲᠡᠭᠦᠨ ᠦ ᠰᠠᠢᠨ ᠰᠠᠢᠬᠠᠨ ᠤᠷᠤᠭᠤ ᠴᠡᠴᠡᠷᠡᠨ ᠢᠷᠡᠨ᠎ᠡ᠃