ᠬᠣᠰᠧᠶ᠎ᠠ ᠲᠠᠪᠤ
ᠰᠢᠳᠬᠡᠯ ᠠᠢᠰᠤᠢ
1 ᠲᠠᠬᠢᠯᠴᠢᠳ ᠡ᠂ ᠰᠣᠨᠣᠰ︕ ᠢᠰᠷᠧᠯᠴᠦᠳ ᠡ᠂ ᠠᠩ᠋ᠬᠠᠷ︕ ᠬᠠᠭᠠᠨ ᠤ ᠭᠡᠷ ᠡ᠂ ᠴᠢᠬᠢ ᠲᠠᠯᠪᠢ︕ ᠲᠠ ᠨᠠᠷ ᠲᠤ ᠰᠢᠳᠬᠡᠯ ᠢᠷᠡᠨ᠎ᠡ ᠲᠠ ᠨᠠᠷ ᠪᠣᠯ ᠮᠢᠽᠫᠠ ᠳᠠᠬᠢ ᠵᠠᠩ᠋ᠭᠤᠤ᠂ ᠲᠠᠪᠣᠷ ᠤᠨ ᠳᠡᠭᠡᠷᠡᠬᠢ ᠲᠣᠣᠷ
2 ᠲᠡᠷᠰᠯᠡᠭᠴᠢᠳ ᠲᠠᠬᠢᠯ ᠢᠶᠠᠷ ᠢᠶᠠᠨ ᠭᠡᠮ ᠳᠦ ᠠᠪᠲᠠᠵᠠᠢ ᠲᠡᠳᠡᠨ ᠢ ᠪᠢ ᠪᠦᠭᠦᠳᠡ ᠶᠢ ᠰᠢᠳᠬᠡᠨ᠎ᠡ᠃
3 ᠡᠹᠷᠠᠢᠮ ᠢ ᠪᠢ ᠰᠠᠢᠨ ᠮᠡᠳᠡᠨ᠎ᠡ ᠢᠰᠷᠧᠯ ᠨᠠᠳᠠ ᠠᠴᠠ ᠨᠢᠭᠤᠭᠳᠠᠵᠤ ᠴᠢᠳᠠᠬᠤ ᠦᠭᠡᠢ ᠡᠹᠷᠠᠢᠮ ᠡ᠂ ᠣᠳᠣ ᠴᠢ ᠵᠠᠪᠬᠠᠢ ᠪᠣᠯᠪᠠ ᠢᠰᠷᠧᠯ ᠴᠤ ᠪᠤᠵᠠᠷ ᠪᠣᠯᠪᠠ᠃
4 ᠦᠢᠯᠡᠰ ᠡᠴᠡ ᠪᠡᠨ ᠪᠣᠯᠵᠤ ᠲᠡᠳᠡ ᠪᠤᠷᠬᠠᠨ ᠤᠷᠤᠭᠤ ᠪᠠᠨ ᠡᠷᠭᠢᠵᠦ ᠦᠯᠦ ᠴᠢᠳᠠᠨ᠎ᠠ ᠵᠢᠷᠦᠬᠡᠨ ᠳᠦᠨᠢ ᠵᠠᠪᠬᠠᠢ ᠰᠦᠨᠡᠰᠦ ᠪᠠᠢᠭᠰᠠᠭᠠᠷ ᠲᠡᠳᠡ ᠶᠣᠬᠣᠸᠠ ᠶᠢ ᠲᠠᠨᠢᠵᠤ ᠦᠯᠦ ᠴᠢᠳᠠᠨ᠎ᠠ᠃
5 ᠢᠰᠷᠧᠯ ᠤᠨ ᠪᠠᠷᠳᠠᠮᠨᠠᠯ ᠨᠢ ᠥᠪᠡᠷ ᠦᠨ ᠬᠢᠨᠢ ᠡᠰᠡᠷᠭᠦ ᠭᠡᠷᠡᠴᠢᠯᠡᠨ᠎ᠡ ᠢᠰᠷᠧᠯ ᠪᠠ ᠡᠹᠷᠠᠢᠮ ᠨᠢᠭᠦᠯ ᠳᠡᠭᠡᠨ ᠪᠦᠳᠦᠷᠢᠨ᠎ᠡ ᠶᠦᠳᠠ ᠴᠤ ᠲᠡᠳᠡᠨ ᠲᠡᠢ ᠬᠠᠮᠲᠤ ᠪᠦᠳᠦᠷᠢᠨ᠎ᠡ᠃
6 ᠶᠣᠬᠣᠸᠠ ᠲᠡᠳᠡᠨ ᠡᠴᠡ ᠬᠣᠯᠠᠳᠠᠪᠠ ᠬᠣᠨᠢ᠂ ᠦᠬᠡᠷ ᠦᠨ ᠰᠦᠷᠦᠭ ᠢᠶᠡᠨ ᠠᠪᠴᠤ ᠣᠴᠢᠨ ᠶᠣᠬᠣᠸᠠ ᠶᠢ ᠬᠠᠢᠭᠰᠠᠨ ᠴᠤ ᠣᠯᠬᠤ ᠦᠭᠡᠢ᠃
7 ᠲᠡᠳᠡ ᠶᠣᠬᠣᠸᠠ ᠠᠴᠠ ᠤᠷᠪᠠᠵᠤ ᠪᠤᠲᠠᠴᠢ ᠬᠡᠦᠬᠡᠳ ᠤᠳ ᠲᠥᠷᠥᠭᠦᠯᠦᠭᠰᠡᠨ᠂ ᠰᠢᠨ᠎ᠡ ᠰᠠᠷ᠎ᠠ ᠶᠢᠨ ᠪᠠᠶᠠᠷ ᠨᠢ ᠲᠡᠳᠡᠨ ᠢ ᠥᠮᠴᠢ ᠬᠤᠪᠢ ᠲᠠᠢ ᠨᠢ ᠴᠥᠯᠮᠥᠬᠦ ᠪᠣᠯᠣᠨ᠎ᠠ᠃
8 ᠭᠢᠪᠧᠶ᠎ᠠ ᠳᠤ ᠪᠦᠷᠢᠶ᠎ᠡ᠂ ᠷᠠᠮᠠ ᠳᠤ ᠡᠪᠡᠷ ᠪᠦᠷᠢᠶ᠎ᠡ ᠦᠯᠢᠶᠡ ᠪᠧᠲ ᠠᠸᠧᠨ ᠳᠤ ᠲᠦᠭᠰᠢᠭᠦᠷᠢ ᠵᠠᠷᠯᠠᠨ 《ᠪᠢᠨᠶᠠᠮᠢᠨ ᠡ᠂ ᠠᠷᠤᠨᠰᠢ ᠪᠠᠨ ᠬᠠᠷᠠᠭᠠᠴᠢ》 ᠭᠡᠭᠡᠷᠡᠢ᠃
9 ᠡᠹᠷᠠᠢᠮ ᠭᠡᠰᠬᠡᠯᠲᠡ ᠶᠢᠨ ᠡᠳᠦᠷ ᠡᠵᠡᠭᠦᠢᠷᠡᠨ᠎ᠡ ᠢᠰᠷᠧᠯ ᠤᠨ ᠣᠪᠣᠭ ᠤᠳ ᠳᠡᠭᠡᠷ᠎ᠡ ᠵᠠᠢᠯᠠᠰᠢ ᠦᠭᠡᠢ ᠲᠣᠬᠢᠶᠠᠯᠳᠤᠬᠤ ᠵᠦᠢᠯ ᠢ ᠪᠢ ᠮᠡᠳᠡᠭᠦᠯᠦᠶ᠎ᠡ
10 ᠶᠦᠳᠠ ᠶᠢᠨ ᠨᠣᠶᠠᠳ ᠪᠣᠯ ᠬᠢᠯᠢ ᠶᠢᠨ ᠲᠡᠮᠳᠡᠭ ᠢ ᠰᠢᠯᠵᠢᠭᠦᠯᠦᠭᠴᠢ ᠰᠢᠭ ᠶᠤᠮ ᠠᠭᠤᠷ ᠬᠢᠯᠢᠩ ᠢᠶᠠᠨ ᠪᠢ ᠲᠡᠳᠡᠨ ᠦ ᠳᠡᠭᠡᠷ᠎ᠡ ᠤᠰᠤ ᠮᠡᠲᠦ ᠴᠢᠳᠬᠤᠨ᠎ᠠ
11 ᠡᠹᠷᠠᠢᠮ ᠰᠢᠲᠦᠭᠡᠨ ᠳᠠᠭᠠᠬᠤ ᠳᠤᠷᠠᠲᠠᠢ ᠪᠣᠯᠬᠣᠷ ᠳᠠᠷᠤᠩ᠋ᠭᠤᠢᠯᠠᠭᠳᠠᠨ ᠭᠢᠰᠬᠢᠭᠳᠡᠵᠦ ᠰᠢᠳᠬᠡᠭᠳᠡᠨ᠎ᠡ
12 ᠡᠢᠮᠦ ᠳᠦ ᠪᠢ ᠡᠹᠷᠠᠢᠮ ᠳᠤ ᠢᠳᠡᠭᠡ ᠪᠡᠭᠡᠷᠢ᠂ ᠶᠦᠳᠠ ᠶᠢᠨ ᠭᠡᠷ ᠲᠦ ᠢᠯᠵᠠᠷᠠᠯ ᠮᠡᠲᠦ ᠶᠤᠮ
13 ᠡᠹᠷᠠᠢᠮ ᠡᠪᠡᠳᠴᠢᠨ ᠢᠶᠠᠨ᠂ ᠶᠦᠳᠠ ᠰᠢᠷᠬ᠎ᠠ ᠪᠠᠨ ᠦᠵᠡᠪᠡ ᠡᠹᠷᠠᠢᠮ ᠠᠰᠢᠷᠢᠶ᠎ᠠ ᠤᠷᠤᠭᠤ ᠶᠠᠪᠤᠵᠤ᠂ ᠶᠡᠬᠡ ᠬᠠᠭᠠᠨ ᠤᠷᠤᠭᠤ ᠨᠢ ᠬᠥᠮᠦᠨ ᠢᠯᠡᠭᠡᠭᠰᠡᠨ ᠴᠤ ᠲᠡᠷᠡ ᠴᠢᠮᠠᠶᠢ ᠡᠳᠡᠭᠡᠭᠡᠵᠦ ᠴᠢᠳᠠᠬᠤ ᠦᠭᠡᠢ᠂ ᠰᠢᠷᠬ᠎ᠠ ᠶᠢ ᠴᠢᠨᠢ ᠠᠨᠠᠭᠠᠵᠤ ᠴᠢᠳᠠᠬᠤ ᠦᠭᠡᠢ᠃
14 ᠤᠴᠢᠷ ᠨᠢ ᠪᠢ ᠡᠹᠷᠠᠢᠮ ᠳᠤ ᠠᠷᠰᠯᠠᠨ ᠮᠡᠲᠦ ᠶᠦᠳᠠ ᠶᠢᠨ ᠭᠡᠷ ᠲᠦ ᠵᠠᠯᠠᠭᠤ ᠠᠷᠰᠯᠠᠨ ᠮᠡᠲᠦ ᠪᠠᠢᠬᠤ ᠪᠣᠯᠣᠨ᠎ᠠ ᠪᠢ᠂ ᠶᠠᠭ ᠪᠢ ᠲᠡᠳᠡᠨ ᠢ ᠲᠠᠰᠤᠳᠠᠴᠢᠵᠤ ᠶᠠᠪᠤᠨ᠎ᠠ ᠪᠢ ᠲᠡᠳᠡᠨ ᠢ ᠠᠪᠴᠤ ᠶᠠᠪᠤᠬᠤ ᠳᠤ᠂ ᠬᠡᠨ ᠴᠤ ᠠᠪᠤᠷᠠᠵᠤ ᠡᠰᠡ ᠴᠢᠳᠠᠨ᠎ᠠ᠃
15 ᠪᠢ ᠪᠠᠢᠳᠠᠭ ᠭᠠᠵᠠᠷ ᠤᠷᠤᠭᠤ ᠪᠠᠨ ᠪᠤᠴᠠᠨ᠎ᠠ ᠭᠡᠮᠰᠢᠬᠦ ᠬᠦᠷᠲᠡᠯ᠎ᠡ ᠨᠢ ᠲᠡᠳᠡᠨ ᠢ ᠬᠦᠯᠢᠶᠡᠨ᠎ᠡ᠂ ᠴᠢᠷᠠᠢ ᠶᠢ ᠮᠢᠨᠢ ᠲᠡᠳᠡ ᠬᠠᠢᠬᠤ ᠪᠣᠯᠣᠨ᠎ᠠ ᠵᠣᠪᠠᠯᠠᠩ ᠤᠨ ᠳᠤᠮᠳᠠ ᠵᠢᠳᠬᠦᠨ ᠪᠠᠢᠵᠤ ᠨᠠᠮᠠᠶᠢ ᠬᠠᠢᠨ᠎ᠠ᠃