1 2 3 4 5 6 7 8 9 10 11 12 13 14


ᠬᠣᠰᠧᠶ᠎ᠠ ᠳᠣᠯᠣᠭ᠎ᠠ
1 ᠠᠷᠠᠳ ᠲᠦᠮᠡᠨ ᠢᠶᠡᠨ ᠴᠥᠯᠡᠯᠭᠡ ᠡᠴᠡ ᠪᠤᠴᠠᠭᠠᠬᠤ ᠳᠤ ᠮᠢᠨᠢ ᠢᠰᠷᠧᠯ ᠢ ᠡᠮᠴᠢᠯᠡᠬᠦ ᠦᠶ᠎ᠡ ᠳᠦ ᠮᠢᠨᠢ ᠡᠹᠷᠠᠢᠮ ᠤᠨ ᠭᠡᠮ᠂ ᠰᠠᠮᠠᠷᠢᠶ᠎ᠠ ᠶᠢᠨ ᠨᠢᠭᠦᠯ ᠢᠯᠡ ᠭᠠᠷᠬᠤ ᠪᠣᠯᠣᠨ᠎ᠠ ᠲᠡᠳᠡ ᠬᠠᠭᠤᠷᠮᠠᠭ ᠢ ᠦᠢᠯᠡᠳᠳᠡᠭ ᠬᠤᠯᠠᠭᠠᠢ ᠬᠢᠬᠦ ᠪᠡᠷ ᠳᠣᠲᠣᠭᠰᠢ ᠣᠷᠣᠵᠤ᠂ ᠳᠡᠭᠡᠷᠡᠮᠳᠡᠨ ᠲᠣᠨᠣᠬᠤ ᠪᠠᠷ ᠭᠠᠳᠠᠭᠰᠢ ᠭᠠᠷᠳᠠᠭ᠃

2 ᠬᠠᠷᠢᠨ ᠲᠡᠳᠡ ᠬᠣᠷᠣᠨ ᠮᠠᠭᠤ ᠦᠢᠯᠡ ᠪᠦᠷᠢ ᠶᠢ ᠨᠢ ᠴᠡᠭᠡᠵᠢᠯᠡᠵᠦ ᠪᠠᠢᠬᠤ ᠶᠢ ᠮᠢᠨᠢ ᠤᠬᠠᠭᠠᠷᠠᠳᠠᠭ ᠦᠭᠡᠢ ᠦᠢᠯᠡᠰ ᠨᠢ ᠲᠡᠳᠡᠨ ᠢ ᠬᠦᠷᠢᠶᠡᠯᠡᠵᠦ ᠪᠠᠢᠨ᠎ᠠ ᠮᠢᠨᠦ ᠨᠢᠳᠦᠨ ᠦ ᠡᠮᠦᠨ᠎ᠡ ᠪᠠᠢᠨ᠎ᠠ
3 ᠬᠠᠭᠠᠨ ᠢ ᠲᠡᠳᠡ ᠬᠣᠷᠣᠨ ᠮᠠᠭᠤ ᠪᠠᠷ ᠢᠶᠠᠨ ᠨᠣᠶᠠᠳ ᠢ ᠲᠡᠳᠡ ᠬᠤᠳᠠᠯ ᠢᠶᠠᠷ ᠢᠶᠠᠨ ᠪᠠᠶᠠᠷᠯᠠᠭᠤᠯᠳᠠᠭ
4 ᠲᠡᠳᠡ ᠪᠦᠭᠦᠳᠡ ᠵᠠᠪᠬᠠᠢᠷᠠᠭᠴᠢᠳ ᠪᠣᠣᠪᠣ ᠶᠢ ᠬᠥᠭᠡᠭᠡᠲᠡᠯ᠎ᠡ ᠪᠣᠣᠪᠣᠴᠢᠨ ᠭᠠᠯ ᠢ ᠨᠢ ᠰᠢᠯᠡᠭᠡᠬᠦ ᠴᠢᠬᠤᠯᠠ ᠦᠭᠡᠢ ᠪᠠᠢᠬᠤ ᠬᠠᠯᠠᠭᠠᠭᠰᠠᠨ ᠵᠤᠤᠬ᠎ᠠ ᠮᠡᠲᠦ᠃

5 ᠨᠣᠶᠠᠳ ᠨᠢ ᠮᠠᠨ ᠤ ᠬᠠᠭᠠᠨ ᠤ ᠡᠳᠦᠷ ᠲᠦ ᠳᠠᠷᠠᠰᠤᠨ ᠳᠤ ᠬᠠᠯᠠᠭᠠᠳ ᠡᠪᠡᠳᠴᠢᠯᠡᠵᠦ ᠬᠠᠭᠠᠨ ᠨᠢ ᠲᠣᠬᠣᠭᠤᠷᠬᠠᠭᠴᠢᠳ ᠲᠠᠢ ᠭᠠᠷ ᠠᠳᠬᠤᠯᠴᠠᠳᠠᠭ
6 ᠵᠤᠤᠬ᠎ᠠ ᠮᠡᠲᠦ ᠵᠢᠷᠦᠬᠡ ᠲᠠᠢ ᠲᠡᠳᠡ ᠬᠠᠭᠠᠨ ᠤᠷᠤᠭᠤ ᠮᠢᠷᠢᠶᠠᠨ ᠣᠢᠷᠠᠲᠤᠬᠤ ᠳᠠᠭᠠᠨ ᠬᠦᠰᠡᠯ ᠨᠢ ᠰᠥᠨᠢᠵᠢᠨ ᠴᠣᠭᠰᠢᠵᠤ᠂ ᠥᠷᠯᠥᠭᠡ ᠪᠣᠯᠬᠤ ᠳᠤ ᠬᠥᠭᠵᠢᠭᠰᠡᠨ ᠭᠠᠯ ᠮᠡᠲᠦ ᠨᠣᠴᠣᠳᠠᠭ᠃
7 ᠲᠡᠳᠡ ᠪᠦᠭᠦᠳᠡ ᠵᠤᠤᠬ᠎ᠠ ᠮᠡᠲᠦ ᠬᠠᠯᠠᠵᠤ ᠰᠢᠭᠦᠭᠴᠢᠳ ᠢᠶᠠᠨ ᠰᠢᠲᠠᠭᠠᠨ᠎ᠠ ᠬᠠᠭᠠᠳ ᠨᠢ ᠪᠦᠭᠦᠳᠡ ᠤᠨᠠᠳᠠᠭ ᠪᠣᠯᠪᠠᠴᠤ ᠨᠠᠮᠠᠶᠢ ᠳᠠᠭᠤᠳᠠᠳᠠᠭ ᠬᠥᠮᠦᠨ ᠠᠯᠠᠭ᠎ᠠ᠃

8 ᠡᠹᠷᠠᠢᠮ ᠬᠠᠷᠢᠴᠤᠳ ᠲᠠᠢ ᠬᠣᠯᠢᠯᠳᠤᠭᠰᠠᠨ ᠡᠹᠷᠠᠢᠮ ᠨᠢ ᠡᠷᠭᠢᠭᠦᠯᠦᠭᠳᠡᠭᠡ ᠦᠭᠡᠢ ᠪᠣᠭᠣᠷᠰᠣᠭ᠂
9 ᠬᠠᠷᠢ ᠶᠢᠨ ᠬᠢᠨ ᠳᠤ ᠬᠦᠴᠦ ᠪᠡᠨ ᠴᠥᠯᠮᠥᠭᠦᠯᠦᠭᠰᠡᠨ ᠠᠲᠠᠯ᠎ᠠ ᠮᠡᠳᠡᠳᠡᠭ ᠦᠭᠡᠢ ᠪᠤᠭᠤᠷᠤᠯ ᠣᠷᠣᠵᠤ ᠪᠠᠢᠭ᠎ᠠ ᠪᠠᠨ ᠮᠡᠳᠡᠳᠡᠭ ᠦᠭᠡᠢ
10 ᠢᠰᠷᠧᠯ ᠤᠨ ᠪᠠᠷᠳᠠᠮᠨᠠᠯ ᠥᠪᠡᠷ ᠦᠨ ᠬᠢᠨᠢ ᠡᠰᠡᠷᠭᠦ ᠭᠡᠷᠡᠴᠢᠯᠡᠳᠡᠭ ᠴᠤ ᠡᠢᠮᠦ ᠪᠦᠬᠦ ᠨᠥᠬᠥᠴᠡᠯ ᠳᠦ ᠴᠤ ᠲᠡᠳᠡ ᠶᠣᠬᠣᠸᠠ ᠪᠤᠷᠬᠠᠨ ᠥᠭᠡᠳᠡ ᠪᠡᠨ ᠡᠷᠭᠢᠳᠡᠭ ᠦᠭᠡᠢ ᠲᠡᠭᠦᠨ ᠢ ᠬᠠᠢᠳᠠᠭ ᠦᠭᠡᠢ᠃
 ᠬᠠᠷᠢᠴᠤᠳ ᠲᠤ ᠨᠠᠢᠳᠠᠬᠤ ᠨᠢ ᠳᠡᠮᠡᠢ
11 ᠡᠹᠷᠠᠢᠮ ᠤᠬᠠᠭᠠᠨ ᠮᠥᠴᠢᠳ ᠲᠡᠨᠡᠭ ᠲᠠᠭᠲᠠᠭ᠎ᠠ ᠮᠡᠲᠦ ᠲᠡᠳᠡ ᠶᠧᠵᠢᠫᠲ ᠢ ᠳᠠᠭᠤᠳᠠᠵᠤ᠂ ᠠᠰᠢᠷᠢᠶ᠎ᠠ ᠤᠷᠤᠭᠤ ᠶᠠᠪᠤᠵᠠᠭᠠᠨ᠎ᠠ
12 ᠲᠡᠳᠡ ᠶᠠᠪᠤᠬᠤ ᠳᠤ᠂ ᠪᠢ ᠳᠡᠭᠡᠷ᠎ᠡ ᠨᠢ ᠲᠣᠣᠷ ᠢᠶᠠᠨ ᠬᠠᠶᠠᠨ᠎ᠠ ᠲᠩᠷᠢ ᠶᠢᠨ ᠰᠢᠪᠠᠭᠤ ᠶᠢ ᠪᠠᠷᠢᠬᠤ ᠮᠡᠲᠦ ᠳᠣᠭᠣᠭᠰᠢ ᠪᠠᠭᠤᠯᠭᠠᠨ᠎ᠠ ᠲᠡᠳᠡ ᠨᠠᠷ ᠲᠠᠢ ᠨᠡᠢᠯᠡᠬᠦ ᠶᠢ ᠨᠢ ᠰᠣᠨᠣᠰᠪᠠᠯ ᠪᠢ ᠰᠢᠳᠬᠡᠨ᠎ᠡ᠃
13 ᠨᠠᠳᠠ ᠠᠴᠠ ᠵᠢᠭᠤᠲᠠᠭᠰᠠᠨ ᠲᠤᠯᠠ ᠲᠡᠳᠡ ᠭᠠᠰᠠᠯᠠᠩᠲᠠᠶ᠎ᠠ︕ ᠨᠠᠳᠠ ᠠᠴᠠ ᠤᠷᠪᠠᠭᠰᠠᠨ ᠤᠴᠢᠷ ᠰᠦᠢᠷᠡᠨ᠎ᠡ︕ ᠵᠣᠯᠢᠨ ᠠᠪᠬᠤ ᠭᠡᠬᠦ ᠳᠦ ᠮᠢᠨᠢ ᠲᠡᠳᠡ ᠨᠠᠳᠠ ᠳᠤ ᠬᠤᠳᠠᠯ ᠶᠠᠷᠢᠳᠠᠭ᠃
14 ᠴᠢᠩ ᠰᠡᠳᠬᠢᠯ ᠡᠴᠡ ᠪᠡᠨ ᠨᠠᠳᠠ ᠤᠷᠤᠭᠤ ᠬᠠᠰᠬᠢᠷᠳᠠᠭ ᠦᠭᠡᠢ ᠣᠷᠣ ᠳᠡᠭᠡᠷ᠎ᠡ ᠪᠡᠨ ᠴᠢᠷᠠᠯᠠᠳᠠᠭ ᠲᠠᠷᠢᠶ᠎ᠠ᠂ ᠳᠠᠷᠠᠰᠤᠨ ᠤ ᠲᠥᠯᠥᠭᠡ ᠴᠤᠭᠯᠠᠷᠠᠵᠠᠭᠠᠳᠠᠭ ᠬᠠᠷᠢᠨ ᠨᠠᠮᠠᠶᠢ ᠭᠠᠳᠠᠭᠤᠷᠬᠠᠳᠠᠭ᠃
15 ᠪᠢ ᠳᠠᠰᠬᠠᠯᠵᠢᠭᠤᠯᠵᠤ ᠭᠠᠷ ᠢ ᠨᠢ ᠲᠡᠩᠬᠡᠷᠡᠭᠦᠯᠦᠭᠰᠡᠨ ᠪᠣᠯᠪᠠᠴᠤ ᠲᠡᠳᠡ ᠮᠢᠨᠦ ᠡᠰᠡᠷᠭᠦ ᠬᠣᠷᠣᠨ ᠮᠠᠭᠤ ᠶᠢ ᠰᠡᠳᠦᠳᠡᠭ᠃
16 ᠲᠡᠳᠡ ᠡᠷᠭᠢᠳᠡᠭ ᠪᠣᠯᠪᠠᠴᠤ ᠬᠠᠮᠤᠭ ᠤᠨ ᠳᠡᠭᠡᠳᠦ ᠨᠢᠭᠡᠨ ᠤᠷᠤᠭᠤ ᠪᠢᠰᠢ ᠬᠠᠵᠠᠭᠠᠢ ᠨᠤᠮᠤ ᠮᠡᠲᠦ ᠨᠣᠶᠠᠳ ᠨᠢ ᠪᠠᠷᠳᠠᠮ ᠦᠭᠡᠰ ᠡᠴᠡ ᠪᠡᠨ ᠪᠣᠯᠵᠤ ᠢᠯᠳᠦᠨ ᠳᠦ ᠤᠨᠠᠵᠤ ᠶᠧᠵᠢᠫᠲ ᠳᠠᠶᠠᠭᠠᠷ ᠲᠤ ᠳᠣᠭᠣᠭᠢ ᠲᠣᠬᠣᠭᠤ ᠪᠣᠯᠬᠤ ᠶᠤᠮ᠃