ᠬᠣᠰᠧᠶ᠎ᠠ ᠠᠷᠪᠠᠨ ᠭᠤᠷᠪᠠ
ᠵᠠᠢᠯᠠᠰᠢ ᠦᠭᠡᠢ ᠰᠢᠳᠬᠡᠯ
1 ᠡᠹᠷᠠᠢᠮ ᠶᠠᠷᠢᠬᠤ ᠳᠤ᠂ ᠬᠥᠮᠦᠰ ᠰᠦᠷᠳᠡᠵᠦ ᠪᠠᠢᠪᠠ ᠲᠡᠷᠡ ᠢᠰᠷᠧᠯ ᠳᠤ ᠡᠷᠭᠦᠮᠵᠢᠯᠡᠭᠳᠡᠭᠰᠡᠨ ᠬᠠᠷᠢᠨ ᠪᠠᠯ ᠳᠤ ᠮᠥᠷᠭᠥᠨ ᠭᠡᠮ ᠦᠢᠯᠡᠳᠴᠦ ᠦᠬᠦᠬᠦ ᠪᠣᠯᠣᠯ᠎ᠠ᠃
2 ᠣᠳᠣ ᠴᠤ ᠲᠡᠳᠡ ᠨᠢᠭᠦᠯ ᠢ ᠦᠢᠯᠡᠳᠦᠭᠰᠡᠨ ᠳᠡᠭᠡᠷ᠎ᠡ ᠪᠡᠨ ᠦᠢᠯᠡᠳᠴᠦ ᠥᠪᠡᠷᠰᠡᠳ ᠦᠨ ᠢᠶᠠᠨ ᠲᠥᠯᠥᠭᠡ ᠮᠥᠩᠭᠥ ᠪᠡᠷ ᠢᠶᠠᠨ ᠴᠢᠳᠬᠤᠮᠠᠯ ᠬᠥᠷᠥᠭ ᠤᠳ ᠢ ᠤᠷᠠᠨ ᠭᠠᠷ ᠢᠶᠠᠷ ᠢᠶᠠᠨ ᠰᠢᠲᠦᠭᠡᠨ ᠨᠦᠭᠦᠳ ᠢ ᠬᠢᠳᠡᠭ ᠲᠡᠳᠡᠭᠡᠷ ᠪᠦᠬᠦᠨ ᠨᠢ ᠳᠠᠷᠬᠠᠨ ᠤ ᠪᠦᠲᠦᠭᠡᠯ ᠠᠲᠠᠯ᠎ᠠ ᠲᠡᠳᠡ᠄ 《ᠲᠠᠬᠢᠯ ᠡᠷᠭᠦᠬᠦ ᠬᠥᠮᠦᠨ ᠲᠤᠭᠤᠯ ᠤᠳ ᠢ ᠦᠨᠦᠰ》 ᠭᠡᠵᠡᠭᠡᠳᠡᠭ᠃
3 ᠡᠢᠮᠦ ᠡᠴᠡ ᠲᠡᠳᠡ ᠥᠷᠯᠥᠭᠡᠨ ᠦ ᠮᠠᠨᠠᠨ ᠡᠷᠲᠡ ᠠᠷᠢᠯᠬᠤ ᠰᠢᠭᠦᠳᠡᠷᠢ ᠮᠡᠲᠦ ᠦᠲᠦᠷᠮ᠎ᠡ ᠡᠴᠡ ᠬᠡᠶᠢᠰᠳᠡᠭ ᠬᠡᠪᠡᠭ ᠬᠤᠯᠠᠩ ᠠᠴᠠ ᠭᠠᠷᠳᠠᠭ ᠤᠲᠤᠭ᠎ᠠ ᠮᠡᠲᠦ ᠪᠣᠯᠣᠨ᠎ᠠ᠃
4 ᠭᠡᠪᠡᠴᠦ ᠴᠢᠮᠠᠶᠢ ᠶᠧᠵᠢᠫᠲ ᠡᠴᠡ ᠠᠪᠴᠢᠷᠠᠭᠰᠠᠨ ᠨᠢ ᠴᠢᠨᠦ ᠪᠤᠷᠬᠠᠨ ᠶᠣᠬᠣᠸᠠ ᠪᠢ ᠨᠠᠳᠠ ᠠᠴᠠ ᠥᠭᠡᠷ᠎ᠡ ᠪᠤᠷᠬᠠᠨ ᠢ ᠴᠢ ᠮᠡᠳᠡᠬᠦ ᠶᠣᠰᠣ ᠦᠭᠡᠢ ᠤᠴᠢᠷ ᠨᠢ ᠨᠠᠳᠠ ᠠᠴᠠ ᠥᠭᠡᠷ᠎ᠡ ᠠᠪᠤᠷᠠᠭᠴᠢ ᠪᠠᠢᠬᠤ ᠦᠭᠡᠢ
5 ᠴᠥᠯ ᠳᠤ᠂ ᠭᠠᠩ ᠭᠠᠴᠢᠭ ᠲᠠᠢ ᠨᠤᠲᠤᠭ ᠲᠤ ᠴᠢᠮᠠᠶᠢ ᠪᠢ ᠬᠠᠯᠠᠮᠵᠢᠯᠠᠭᠰᠠᠨ᠃
6 ᠲᠡᠳᠡ ᠬᠣᠭᠣᠯᠠᠯᠠᠭᠤᠯᠵᠤ ᠴᠠᠳᠤᠭᠰᠠᠨ ᠴᠠᠳᠤᠭᠠᠳ ᠵᠢᠷᠦᠬᠡ ᠨᠢ ᠪᠠᠷᠳᠠᠮ ᠪᠣᠯᠣᠭᠰᠠᠨ ᠲᠡᠢᠨ ᠬᠦ ᠲᠡᠳᠡ ᠨᠠᠮᠠᠶᠢ ᠮᠠᠷᠲᠠᠭᠰᠠᠨ
7 ᠲᠡᠳᠡᠨ ᠤᠷᠤᠭᠤ ᠪᠢ ᠠᠷᠰᠯᠠᠨ ᠮᠡᠲᠦ ᠣᠴᠢᠨ᠎ᠠ ᠢᠷᠪᠢᠰ ᠰᠢᠭ ᠪᠢ ᠵᠠᠮ ᠤᠨ ᠬᠠᠵᠠᠭᠤ ᠳᠤ ᠣᠲᠣᠵᠤ
8 ᠪᠠᠮᠪᠤᠷᠰᠢ ᠪᠠᠨ ᠪᠤᠯᠢᠶᠠᠯᠭᠠᠭᠰᠠᠨ ᠪᠠᠭᠠᠪᠠᠭᠠᠢ ᠰᠢᠭ᠋ ᠲᠡᠳᠡᠨ ᠤᠷᠤᠭᠤ ᠳᠠᠭᠠᠷᠢᠨ ᠵᠢᠷᠦᠬᠡᠨ ᠦ ᠬᠢᠨᠢ ᠦᠩᠬᠦᠯᠴᠡᠭ ᠢ ᠤᠷᠠᠨ᠎ᠠ ᠲᠡᠨᠳᠡ ᠪᠢ ᠠᠷᠰᠯᠠᠨ ᠮᠡᠲᠦ ᠲᠡᠳᠡᠨ ᠢ ᠵᠠᠯᠭᠢᠨ᠎ᠠ᠂ ᠵᠡᠷᠯᠢᠭ ᠠᠷᠢᠶᠠᠲᠠᠨ ᠲᠡᠳᠡᠨ ᠢ ᠲᠠᠰᠤᠳᠠᠴᠢᠨᠠ᠃
9 ᠢᠰᠷᠧᠯ ᠡ᠂ ᠲᠤᠰᠠᠯᠠᠮᠵᠢ ᠨᠠᠮ᠎ᠠ ᠪᠠᠨ ᠡᠰᠡᠷᠭᠦᠴᠡᠭᠰᠡᠨ ᠲᠤᠯᠠ ᠴᠢ ᠤᠰᠠᠳᠬᠠᠭᠳᠠᠬᠤ ᠪᠣᠯᠣᠨ᠎ᠠ᠂
10 ᠬᠠᠭᠠᠨ ᠪᠣᠯᠣᠨ ᠵᠠᠬᠢᠷᠤᠭᠴᠢᠳ ᠴᠢᠨᠢ ᠣᠳᠣ ᠬᠠᠮᠢᠭ᠎ᠠ ᠪᠠᠢᠨ᠎ᠠ︖ ᠬᠣᠲᠠ ᠨᠤᠭᠤᠳ ᠲᠤ ᠴᠢᠨᠢ ᠲᠡᠷᠡ ᠴᠢᠮᠠᠶᠢ ᠠᠪᠤᠷᠠᠭ 《ᠬᠠᠭᠠᠨ ᠪᠠ ᠨᠣᠶᠠᠳ ᠥᠭᠭᠥᠭᠡᠴᠢ》 ᠬᠡᠮᠡᠨ ᠴᠢ ᠲᠡᠳᠡᠨ ᠳᠦ ᠬᠦᠰᠡᠭᠰᠡᠨ ᠪᠢᠰᠢ ᠤᠤ︖
11 ᠠᠭᠤᠷ ᠲᠠᠢ ᠪᠠᠷ ᠪᠢ ᠴᠢᠮ᠎ᠠ ᠳᠤ ᠬᠠᠭᠠᠨ ᠥᠭᠴᠦ ᠬᠢᠯᠢᠩ ᠲᠠᠢ ᠪᠠᠷ ᠪᠢ ᠲᠡᠭᠦᠨ ᠢ ᠪᠤᠴᠠᠭᠠᠨ ᠠᠪᠤᠭᠰᠠᠨ᠃
12 ᠡᠹᠷᠠᠢᠮ ᠤᠨ ᠭᠡᠮ ᠬᠤᠷᠠᠵᠤ᠂ ᠨᠢᠭᠦᠯ ᠨᠢ ᠴᠤᠭᠯᠠᠷᠠᠵᠠᠢ᠃
13 ᠲᠥᠷᠥᠬᠦ ᠡᠪᠡᠳᠦᠯᠲᠡ ᠢᠷᠡᠭᠰᠡᠨ ᠠᠲᠠᠯ᠎ᠠ ᠲᠡᠷᠡ ᠪᠡᠷ ᠤᠬᠠᠭᠠᠨ ᠦᠭᠡᠢ ᠬᠦᠦ ᠮᠡᠲᠦ᠂ ᠴᠠᠭ ᠪᠣᠯᠣᠭᠰᠠᠨ ᠪᠠᠢᠬᠤ ᠳᠤ ᠲᠡᠷᠡ ᠤᠮᠠᠢ ᠶᠢᠨ ᠠᠮᠠᠰᠠᠷ ᠲᠤ ᠢᠷᠡᠭᠡ ᠦᠭᠡᠢ ᠪᠠᠢᠨ᠎ᠠ᠃
14 ᠦᠬᠦᠭᠰᠡᠳ ᠦᠨ ᠣᠷᠣᠨ ᠤ ᠬᠦᠴᠦ ᠡᠴᠡ ᠪᠢ ᠲᠡᠳᠡᠨ ᠢ ᠠᠪᠤᠷᠠᠨ᠎ᠠ 8 ᠂ ᠦᠬᠦᠯ ᠡᠴᠡ ᠪᠢ ᠲᠡᠳᠡᠨ ᠢ ᠵᠣᠯᠢᠨ ᠠᠪᠤᠨ᠎ᠠ 9 ᠂ ᠦᠬᠦᠯ ᠡ᠂ ᠲᠠᠬᠤᠯ ᠴᠢᠨᠢ ᠬᠠᠮᠢᠭ᠎ᠠ ᠪᠠᠢᠨ᠎ᠠ︖ ᠦᠬᠦᠭᠰᠡᠳ ᠦᠨ ᠣᠷᠣᠨ ᠡ᠂ ᠰᠦᠢᠷᠡᠯ ᠴᠢᠨᠢ ᠬᠠᠮᠢᠭ᠎ᠠ ᠪᠠᠢᠨ᠎ᠠ︖ ᠨᠢᠳᠦᠨ ᠡᠴᠡ ᠮᠢᠨᠢ ᠬᠠᠷᠠᠭᠤᠰᠠᠯ ᠨᠢᠭᠤᠴᠠᠯᠠᠭᠳᠠᠨᠠ᠃
15 ᠲᠡᠷᠡ ᠪᠡᠷ ᠠᠬ᠎ᠠ ᠳᠡᠭᠦᠦᠰ ᠦᠨ ᠢᠶᠠᠨ ᠳᠤᠮᠳᠠ ᠥᠭᠡᠳᠡᠯᠡᠭᠰᠡᠨ ᠴᠤ ᠳᠣᠷᠣᠨ᠎ᠠ ᠶᠢᠨ ᠰᠠᠯᠬᠢ᠂ ᠶᠣᠬᠣᠸᠠ ᠶᠢᠨ ᠰᠠᠯᠬᠢ ᠴᠥᠯ ᠡᠴᠡ ᠭᠠᠷᠴᠤ ᠢᠷᠡᠨ᠎ᠡ ᠪᠤᠯᠠᠭ ᠨᠢ ᠰᠢᠷᠭᠢᠨ᠂ ᠣᠷᠭᠢᠯᠤᠭᠤᠷ ᠨᠢ ᠬᠠᠲᠠᠵᠤ ᠪᠦᠬᠦᠢᠯᠡ ᠦᠨᠡᠲᠦ ᠡᠳ᠋ᠯᠡᠯ ᠦᠨ ᠰᠠᠩ ᠨᠢ ᠲᠣᠨᠣᠭᠳᠠᠨᠠ᠂
16 ᠪᠤᠷᠬᠠᠨ ᠠᠴᠠ ᠪᠠᠨ ᠤᠷᠪᠠᠭᠰᠠᠨ ᠤᠴᠢᠷ ᠰᠠᠮᠠᠷᠢᠶ᠎ᠠ ᠶᠠᠯ᠎ᠠ ᠲᠠᠢ ᠰᠡᠯᠡᠮ᠎ᠡ ᠳᠦ ᠤᠨᠠᠨ᠎ᠠ ᠪᠠᠭᠠᠴᠤᠳ ᠨᠢ ᠪᠢᠴᠠᠯᠤᠭᠳᠠᠵᠤ ᠵᠢᠷᠮᠦᠰᠦᠨ ᠡᠮᠡᠭᠲᠡᠢᠴᠦᠳ ᠨᠢ ᠰᠡᠢᠴᠢᠭᠳᠡᠬᠦ ᠪᠣᠯᠣᠨ᠎ᠠ᠃