1 2 3 4 5 6 7 8 9 10 11 12 13 14


ᠬᠣᠰᠧᠶ᠎ᠠ ᠨᠠᠢ᠌ᠮᠠ
 ᠢᠰᠷᠧᠯ ᠤᠨ ᠤᠷᠪᠠᠯᠲᠠ
1 ᠲᠡᠳᠡ ᠭᠡᠷ᠎ᠡ ᠶᠢ ᠮᠢᠨᠢ ᠵᠥᠷᠢᠴᠡᠵᠦ᠂ ᠬᠠᠤᠯᠢ ᠡᠴᠡ ᠮᠢᠨᠢ ᠲᠡᠷᠰᠯᠡᠭᠰᠡᠨ ᠲᠤᠯᠠ ᠪᠦᠷᠭᠦᠳ ᠮᠡᠲᠦ ᠨᠢᠭᠡᠨ ᠨᠢ ᠶᠣᠬᠣᠸᠠ ᠶᠢᠨ ᠭᠡᠷ ᠦᠨ ᠬᠢᠨ ᠳᠡᠭᠡᠷ᠎ᠡ ᠢᠷᠡᠨ᠎ᠡ ᠪᠦᠷᠢᠶ᠎ᠡ ᠶᠢ ᠣᠷᠣᠭᠤᠯ ᠳᠠᠭᠠᠨ︕
2 《ᠪᠤᠷᠬᠠᠨ ᠮᠢᠨᠢ᠂ ᠪᠢᠳᠡ ᠲᠠᠨ ᠢ ᠮᠡᠳᠡᠨ᠎ᠡ》 ᠭᠡᠵᠦ ᠢᠰᠷᠧᠯ ᠨᠠᠳᠠ ᠤᠷᠤᠭᠤ ᠬᠠᠰᠬᠢᠷᠪᠠᠴᠤ
3 ᠢᠰᠷᠧᠯ ᠰᠠᠢᠨ ᠢ ᠬᠠᠶᠠᠭᠰᠠᠨ ᠲᠤᠯᠠ ᠳᠠᠢᠰᠤᠨ ᠲᠡᠭᠦᠨ ᠢ ᠬᠥᠭᠡᠭᠡᠨ᠎ᠡ᠃
4 ᠨᠠᠳᠠ ᠦᠭᠡᠢ ᠪᠠᠷ ᠲᠡᠳᠡ ᠬᠠᠭᠠᠳ ᠢ ᠡᠷᠭᠦᠮᠵᠢᠯᠡᠭᠰᠡᠨ ᠴᠤ ᠮᠢᠨᠦ ᠵᠥᠪᠰᠢᠶᠡᠷᠡᠯ ᠦᠭᠡᠢ ᠪᠠᠷ ᠲᠡᠳᠡ ᠨᠣᠶᠠᠳ ᠢ ᠲᠣᠮᠢᠯᠠᠭᠰᠠᠨ ᠴᠤ ᠮᠥᠩᠭᠥ᠂ ᠠᠯᠲᠠ ᠪᠠᠷ ᠰᠢᠲᠦᠭᠡᠨ ᠪᠦᠲᠦᠭᠡᠭᠰᠡᠨ ᠴᠤ ᠲᠡᠳᠡ ᠮᠥᠬᠥᠨ᠎ᠡ᠂
5 ᠰᠠᠮᠠᠷᠢᠶ᠎ᠠ ᠡ᠂ ᠲᠤᠭᠤᠯ ᠢ ᠴᠢᠨᠢ ᠪᠢ ᠬᠠᠶᠠᠭᠰᠠᠨ ᠬᠢᠯᠢᠩ ᠮᠢᠨᠢ ᠡᠳᠡᠨ ᠦ ᠡᠰᠡᠷᠭᠦ ᠳᠦᠷᠡᠯᠵᠡᠪᠡ︕ ᠬᠡᠳᠦᠢ ᠤᠳᠠᠭᠠᠨ ᠡᠳᠡ ᠴᠡᠪᠡᠷ ᠪᠤᠰᠤ ᠪᠠᠢᠭᠰᠠᠭᠠᠷ ᠪᠠᠢᠬᠤ ᠶᠤᠮ ᠪᠤᠢ︖
6 ᠡᠳᠡᠭᠡᠷ ᠵᠦᠢᠯ ᠢᠰᠷᠧᠯ ᠡᠴᠡ ᠭᠠᠷᠤᠨ᠎ᠠ ᠭᠡᠵᠢ ᠳᠠ︕ ᠡᠭᠦᠨ ᠢ ᠪᠤᠷᠬᠠᠨ ᠪᠢᠰᠢ᠂ ᠳᠠᠷᠬᠠᠨ ᠬᠢᠭᠰᠡᠨ ᠰᠠᠮᠠᠷᠢᠶ᠎ᠠ ᠶᠢᠨ ᠲᠤᠭᠤᠯ ᠡᠪᠳᠡᠷᠡᠵᠦ ᠪᠤᠲᠠᠷᠠᠨ᠎ᠠ᠃
7 ᠲᠡᠳᠡ ᠰᠠᠯᠬᠢ ᠶᠢ ᠲᠠᠷᠢᠵᠤ ᠰᠢᠭᠤᠷᠭ᠎ᠠ ᠶᠢ ᠬᠤᠷᠢᠶᠠᠨ᠎ᠠ ᠦᠷ᠎ᠡ ᠤᠷᠭᠤᠭᠰᠠᠨ ᠴᠤ ᠲᠦᠷᠦᠭᠦᠦ ᠭᠠᠷᠬᠤ ᠦᠭᠡᠢ ᠢᠳᠡᠭᠡᠨ ᠪᠣᠯᠬᠤ ᠦᠭᠡᠢ ᠦᠷ᠎ᠡ ᠲᠠᠷᠢᠶ᠎ᠠ ᠪᠠᠢᠭᠰᠠᠨ ᠴᠤ ᠥᠭᠡᠷ᠎ᠡ ᠦᠨᠳᠦᠰᠦᠲᠡᠨ ᠳᠦ ᠵᠠᠯᠭᠢᠭᠤᠯᠤᠨ᠎ᠠ᠃

8 ᠢᠰᠷᠧᠯ ᠵᠠᠯᠭᠢᠭᠳᠠᠯ᠎ᠠ ᠡᠳᠦᠭᠡ ᠦᠨᠳᠦᠰᠦᠲᠡᠨ ᠨᠦᠭᠦᠳ ᠦᠨ ᠳᠤᠮᠳᠠ ᠦᠨ᠎ᠡ ᠦᠭᠡᠢ ᠰᠠᠪᠠ ᠮᠡᠲᠦ ᠪᠣᠯᠵᠠᠢ᠃
9 ᠠᠰᠢᠷᠢᠶ᠎ᠠ ᠤᠷᠤᠭᠤ ᠲᠡᠳᠡ ᠦᠷ᠎ᠡ ᠶᠢᠨ ᠭᠠᠭᠴᠠ ᠬᠤᠯᠠᠨ ᠮᠡᠲᠦ ᠶᠠᠪᠤᠵᠠᠢ ᠡᠹᠷᠠᠢᠮ ᠠᠮᠠᠷᠠᠭ ᠤᠳ ᠬᠥᠯᠥᠰᠥᠯᠡᠵᠡᠢ᠃
10 ᠲᠡᠳᠡ ᠦᠨᠳᠦᠰᠦᠲᠡᠨ ᠨᠦᠭᠦᠳ ᠦᠨ ᠳᠤᠮᠳᠠ ᠠᠴᠠ ᠬᠣᠯᠪᠣᠭᠠᠲᠠᠨ ᠬᠥᠯᠥᠰᠥᠯᠡᠭᠰᠡᠨ ᠪᠣᠯ ᠬᠠᠷᠢᠨ ᠣᠳᠣ ᠪᠢ ᠲᠡᠳᠡᠨ ᠢ ᠴᠤᠭᠯᠠᠭᠤᠯᠤᠨ᠎ᠠ ᠤᠳᠠᠯ ᠦᠭᠡᠢ ᠲᠡᠳᠡ ᠬᠠᠭᠠᠨ ᠪᠠ ᠨᠣᠶᠠᠳ ᠤᠨ ᠳᠠᠷᠤᠯᠠᠯ ᠳᠣᠣᠷ᠎ᠠ ᠲᠠᠷᠴᠢᠯᠠᠬᠤ ᠪᠣᠯᠣᠨ᠎ᠠ᠃
11 ᠡᠹᠷᠠᠢᠮ ᠤᠨ ᠨᠢᠭᠦᠯ ᠦᠨ ᠢᠶᠠᠨ ᠲᠥᠯᠥᠭᠡ ᠪᠣᠰᠬᠠᠭᠰᠠᠨ ᠣᠯᠠᠨ ᠲᠠᠬᠢᠯ ᠤᠨ ᠰᠢᠷᠡᠭᠡ ᠨᠢ ᠥᠪᠡᠷ ᠢ ᠪᠠᠨ ᠨᠢᠭᠦᠯ ᠳᠦ ᠵᠣᠷᠢᠭᠤᠯᠬᠤ ᠰᠢᠷᠡᠭᠡ ᠨᠦᠭᠦᠳ ᠨᠢ ᠪᠣᠯᠵᠠᠢ᠃
12 ᠵᠢᠭᠠᠪᠤᠷᠢ ᠪᠠᠨ ᠪᠢ ᠲᠡᠳᠡᠨ ᠳᠦ ᠲᠦᠮᠡ ᠶᠢ ᠪᠢᠴᠢᠵᠦ ᠥᠭᠭᠥᠭᠰᠡᠨ ᠴᠤ ᠲᠡᠳᠡ ᠲᠠᠨᠢᠯ ᠪᠤᠰᠤ ᠵᠦᠢᠯ ᠢᠶᠠᠷ ᠲᠣᠭᠠᠴᠠᠵᠠᠢ᠃
13 ᠲᠡᠳᠡ ᠲᠠᠬᠢᠯ ᠢ ᠪᠡᠯᠡᠭ ᠪᠣᠯᠭᠠᠨ ᠡᠷᠭᠦᠵᠦ ᠲᠡᠷᠡ ᠮᠢᠬ᠎ᠠ ᠶᠢ ᠢᠳᠡᠭᠰᠡᠨ ᠴᠤ ᠶᠣᠬᠣᠸᠠ ᠡᠭᠦᠨ ᠢ ᠨᠢ ᠲᠠᠭᠠᠯᠠᠬᠤ ᠦᠭᠡᠢ ᠡᠳᠦᠭᠡ ᠭᠡᠮ ᠢ ᠨᠢ ᠰᠠᠨᠠᠵᠤ᠂ ᠨᠢᠭᠦᠯ ᠢ ᠨᠢ ᠰᠢᠳᠬᠡᠬᠦ ᠪᠡᠷ ᠪᠠᠢᠨ᠎ᠠ᠂ ᠲᠡᠳᠡ ᠶᠧᠵᠢᠫᠲ ᠤᠷᠤᠭᠤ ᠪᠤᠴᠠᠬᠤ ᠪᠣᠯᠣᠨ᠎ᠠ
14 ᠢᠰᠷᠧᠯ ᠪᠦᠲᠦᠭᠡᠭᠴᠢ ᠪᠠᠨ ᠮᠠᠷᠲᠠᠵᠤ ᠣᠷᠳᠣᠨ ᠨᠤᠭᠤᠳ ᠪᠠᠢᠭᠤᠯᠤᠭᠰᠠᠨ ᠶᠦᠳᠠ ᠣᠯᠠᠨ ᠬᠣᠲᠠ ᠶᠢ ᠪᠡᠬᠢᠯᠡᠭᠰᠡᠨ ᠴᠤ ᠪᠢ ᠬᠣᠲᠠ ᠨᠤᠭᠤᠳ ᠤᠷᠤᠭᠤ ᠨᠢ ᠭᠠᠯ ᠢᠯᠡᠭᠡᠨ᠎ᠡ ᠲᠡᠷᠡ ᠭᠠᠯ ᠰᠢᠯᠲᠦᠭᠡᠨ ᠨᠦᠭᠦᠳ ᠢ ᠨᠢ ᠰᠥᠨᠥᠭᠡᠬᠦ ᠪᠣᠯᠣᠨ᠎ᠠ᠃