ᠬᠣᠰᠧᠶ᠎ᠠ ᠶᠢᠰᠦ
ᠰᠢᠳᠬᠡᠯ ᠦᠨ ᠡᠳᠦᠷ
1 ᠪᠦᠦ ᠪᠠᠶᠠᠰ᠂ ᠢᠰᠷᠧᠯ ᠡ᠂ ᠪᠤᠰᠤᠳ ᠦᠨᠳᠦᠰᠦᠲᠡᠨ ᠨᠦᠭᠦᠳ ᠰᠢᠭ ᠪᠦᠦ ᠴᠡᠩᠭᠡ︕ ᠪᠤᠷᠬᠠᠨ ᠢᠶᠠᠨ ᠣᠷᠬᠢᠨ ᠴᠢ ᠵᠠᠪᠬᠠᠢᠷᠠᠭᠰᠠᠨ ᠪᠦᠬᠦᠢᠯᠡ ᠦᠲᠦᠷᠮ᠎ᠡ ᠳᠡᠭᠡᠷ᠎ᠡ ᠪᠡᠨ ᠶᠠᠩ᠋ᠬᠠᠨ ᠤ ᠬᠥᠯᠥᠰᠥ ᠶᠢ ᠳᠤᠷᠠᠲᠠᠢ ᠠᠪᠤᠭᠰᠠᠨ ᠲᠤᠯᠠ
2 ᠦᠲᠦᠷᠮ᠎ᠡ ᠴᠤ᠂ ᠦᠵᠦᠮ ᠦᠨ ᠰᠢᠬᠠᠭᠤᠷᠭ᠎ᠠ ᠴᠤ ᠲᠡᠳᠡᠨ ᠢ ᠲᠡᠵᠢᠭᠡᠬᠦ ᠦᠭᠡᠢ ᠳᠠᠷᠠᠰᠤ ᠴᠤ ᠲᠡᠳᠡᠨ ᠳᠦ ᠬᠠᠩ᠋ᠭᠠᠯᠲᠠ ᠦᠭᠡᠢ᠃
3 ᠶᠣᠬᠣᠸᠠ ᠶᠢᠨ ᠭᠠᠵᠠᠷ ᠲᠤ ᠲᠡᠳᠡ ᠦᠯᠡᠳᠡᠬᠦ ᠦᠭᠡᠢ ᠡᠹᠷᠠᠢᠮ ᠶᠧᠵᠢᠫᠲ ᠤᠷᠤᠭᠤ ᠡᠷᠭᠢᠨ ᠠᠰᠢᠷᠢᠶ᠎ᠠ ᠳᠤ ᠪᠤᠵᠠᠷ ᠢ ᠢᠳᠡᠬᠦ ᠪᠣᠯᠣᠨ᠎ᠠ
4 ᠲᠡᠳᠡ ᠲᠡᠨᠳᠡ ᠶᠣᠬᠣᠸᠠ ᠳᠤ ᠳᠠᠷᠠᠰᠤ ᠡᠷᠭᠦᠵᠦ ᠴᠢᠳᠠᠬᠤ ᠦᠭᠡᠢ ᠲᠠᠬᠢᠯ ᠤᠳ ᠨᠢ ᠲᠡᠭᠦᠨ ᠳᠦ ᠲᠠᠭᠠᠯᠠᠭᠳᠠᠬᠤ ᠦᠭᠡᠢ ᠲᠡᠳᠡᠭᠡᠷ ᠲᠠᠬᠢᠯ ᠨᠢ ᠭᠠᠰᠢᠭᠤᠳᠠᠭᠰᠠᠳ ᠤᠨ ᠬᠣᠭᠣᠯᠠ ᠮᠡᠲᠦ ᠲᠡᠭᠦᠨ ᠡᠴᠡ ᠢᠳᠡᠭᠴᠢᠳ ᠪᠦᠭᠦᠳᠡ ᠪᠤᠵᠠᠷᠯᠠᠭᠳᠠᠬᠤ ᠪᠣᠯᠣᠨ᠎ᠠ ᠡᠳᠡᠭᠡᠷ ᠢᠶᠡᠷ ᠥᠯ ᠯᠠ ᠵᠠᠯᠭᠠᠨ᠎ᠠ ᠶᠣᠬᠣᠸᠠ ᠶᠢᠨ ᠥᠷᠭᠥᠭᠡᠨ ᠳᠦ ᠣᠷᠣᠵᠤ ᠦᠯᠦ ᠪᠣᠯᠣᠨ᠎ᠠ᠃
5 ᠲᠣᠪᠯᠠᠭᠳᠠᠭᠰᠠᠨ ᠡᠳᠦᠷ ᠤᠳ ᠢᠶᠠᠷ᠂ ᠶᠣᠬᠣᠸᠠ ᠶᠢᠨ ᠪᠠᠶᠠᠷ ᠤᠳ ᠢᠶᠠᠷ ᠲᠠ ᠨᠠᠷ ᠶᠠᠭᠤ ᠬᠢᠬᠦ ᠪᠤᠢ︖
6 ᠠᠩ᠋ᠬᠠᠷᠤᠭᠲᠤᠨ᠂ ᠲᠡᠳᠡ ᠰᠦᠢᠷᠡᠯ ᠡᠴᠡ ᠵᠢᠭᠤᠲᠠᠭᠰᠠᠨ ᠴᠤ ᠶᠧᠵᠢᠫᠲ ᠲᠡᠳᠡᠨ ᠢ ᠴᠤᠭᠯᠠᠭᠤᠯᠤᠨ ᠠᠪᠴᠤ ᠮᠧᠮᠹᠢᠰ ᠲᠡᠳᠡᠨ ᠢ ᠪᠤᠯᠠᠰᠢᠯᠠᠬᠤ ᠪᠣᠯᠣᠨ᠎ᠠ ᠮᠥᠩᠭᠥᠨ ᠡᠷᠳᠡᠨᠢᠰ ᠨᠢ ᠬᠣᠭ ᠤᠨ ᠤᠷᠭᠤᠮᠠᠯ ᠳᠤ ᠪᠦᠷᠬᠦᠭᠳᠡᠵᠦ ᠮᠠᠢᠬᠠᠨ ᠨᠤᠭᠤᠳ ᠨᠢ ᠦᠭᠦᠷᠭᠡᠨ᠎ᠡ ᠪᠡᠷ ᠳᠦᠭᠦᠷᠬᠦ ᠪᠣᠯᠣᠨ᠎ᠠ᠃
7 ᠰᠢᠳᠬᠡᠯ ᠦᠨ ᠡᠳᠦᠷ ᠤᠳ ᠢᠷᠡᠯ᠎ᠡ ᠥᠰᠢᠶ᠎ᠡ ᠠᠪᠤᠯᠲᠠ ᠶᠢᠨ ᠡᠳᠦᠷ ᠤᠳ ᠢᠷᠡᠯ᠎ᠡ ᠢᠰᠷᠧᠯ ᠮᠡᠳᠡᠭᠲᠦᠨ ᠭᠡᠮ ᠨᠢᠭᠦᠯ ᠴᠢᠨᠢ ᠶᠡᠬᠡ᠂ ᠳᠠᠢᠰᠤᠩᠨᠠᠯ ᠴᠢᠨᠢ ᠶᠡᠬᠡ ᠪᠣᠯᠬᠣᠷ ᠡᠰᠢ ᠦᠵᠡᠭᠦᠯᠦᠭᠴᠢ ᠮᠤᠯᠭᠤᠤ᠂ ᠰᠦᠨᠡᠰᠦᠯᠢᠭ ᠬᠥᠮᠦᠨ ᠭᠠᠯᠵᠠᠭᠤ ᠳᠤ ᠲᠣᠭᠠᠴᠠᠭᠳᠠᠨ᠎ᠠ᠃
8 ᠪᠤᠷᠬᠠᠨ ᠲᠠᠢ ᠬᠠᠮᠲᠤ ᠡᠹᠷᠠᠢᠮ ᠢ ᠬᠠᠷᠠᠭᠤᠯᠳᠠᠭᠴᠢ ᠨᠢ ᠡᠰᠢ ᠦᠵᠡᠭᠦᠯᠦᠭᠴᠢ ᠬᠠᠷᠢᠨ ᠲᠡᠭᠦᠨ ᠦ ᠪᠦᠬᠦ ᠵᠠᠮ ᠳᠡᠭᠡᠷ᠎ᠡ ᠠᠩᠴᠢᠨ ᠤ ᠤᠷᠠᠬ᠎ᠠ ᠪᠤᠢ ᠪᠤᠷᠬᠠᠨ ᠤ ᠬᠢᠨᠢ ᠭᠡᠷ ᠲᠦ ᠴᠤ ᠳᠠᠢᠰᠤᠩᠨᠠᠯ ᠪᠤᠢ᠃
9 ᠭᠧᠪᠧᠶᠠ ᠶᠢᠨ ᠡᠳᠦᠷ ᠤᠳ ᠤᠨ ᠬᠢ ᠲᠠᠢ ᠠᠳᠠᠯᠢ ᠲᠡᠳᠡ ᠢᠯᠵᠠᠷᠠᠯ ᠳᠤ ᠭᠦᠨ ᠣᠷᠣᠵᠠᠢ ᠲᠡᠳᠡᠨ ᠦ ᠭᠡᠮ ᠢ ᠪᠤᠷᠬᠠᠨ ᠰᠠᠨᠠᠵᠤ᠂ ᠨᠢᠭᠦᠯ ᠤᠳ ᠢ ᠨᠢ ᠰᠢᠳᠬᠡᠬᠦ ᠪᠣᠯᠣᠨ᠎ᠠ᠃
10 ᠢᠰᠷᠧᠯ ᠢ ᠣᠯᠬᠤ ᠮᠠᠨᠢ ᠴᠥᠯ ᠳᠤ ᠦᠵᠦᠮ ᠣᠯᠬᠤ ᠮᠡᠲᠦ ᠡᠴᠢᠭᠡ ᠡᠪᠦᠭᠡᠳ ᠢ ᠴᠢᠨᠢ ᠦᠵᠡᠬᠦ ᠮᠠᠨᠢ ᠢᠨᠵᠢᠷ ᠤᠨ ᠮᠣᠳᠣᠨ ᠤ ᠠᠩ᠋ᠬᠠᠨ ᠤ ᠵᠢᠮᠢᠰ ᠢ ᠦᠵᠡᠬᠦ ᠮᠡᠲᠦ ᠪᠠᠢᠪᠠ ᠭᠡᠪᠡᠴᠦ ᠲᠡᠳᠡ ᠪᠠᠯ ᠫᠧᠶᠣᠷ ᠲᠤ ᠣᠴᠢᠵᠤ᠂ ᠢᠴᠢᠭᠦᠷᠢ ᠳᠤ ᠥᠪᠡᠷᠰᠡᠳ ᠢ ᠪᠠᠨ ᠵᠣᠷᠢᠭᠤᠯᠤᠨ ᠬᠠᠢᠷᠠᠯᠠᠭᠰᠠᠨ ᠶᠠᠭᠤᠮ᠎ᠠ ᠲᠠᠢ ᠪᠠᠨ ᠠᠳᠠᠯᠢ ᠵᠢᠭᠰᠢᠭᠦᠷᠢ ᠪᠣᠯᠪᠠ᠃
11 ᠡᠹᠷᠠᠢᠮ ᠤᠨ ᠢᠷᠠᠭᠤ ᠠᠯᠳᠠᠷ ᠰᠢᠪᠠᠭᠤ ᠮᠡᠲᠦ ᠨᠢᠰᠦᠨ ᠣᠳᠴᠤ ᠲᠥᠷᠥᠯᠲᠡ ᠴᠤ᠂ ᠦᠷ᠎ᠡ ᠲᠣᠭᠲᠠᠯᠲᠠ ᠴᠤ᠂ ᠵᠢᠷᠮᠦᠰᠦᠯᠡᠯᠲᠡ ᠴᠤ ᠠᠯᠠᠭ᠎ᠠ ᠪᠣᠯᠣᠨ᠎ᠠ︕
12 ᠬᠡᠦᠬᠡᠳ ᠤᠳ ᠢᠶᠠᠨ ᠥᠰᠭᠡᠭᠰᠡᠨ ᠴᠤ ᠬᠥᠮᠦᠨ ᠪᠣᠯᠭᠠᠨ ᠢ ᠨᠢ ᠪᠢ ᠬᠠᠭᠠᠴᠠᠭᠤᠯᠤᠨᠠ ᠲᠡᠳᠡᠨ ᠡᠴᠡ ᠣᠳᠬᠤ ᠦᠶ᠎ᠡ ᠳᠦ ᠮᠢᠨᠢ ᠲᠡᠳᠡ ᠭᠠᠰᠠᠯᠠᠩᠲᠠᠶ᠎ᠠ︕
13 ᠪᠢ ᠬᠠᠷᠠᠬᠤ ᠳᠤ ᠡᠹᠷᠠᠢᠮ ᠦᠵᠡᠰᠬᠦᠯᠡᠩᠲᠦ ᠨᠤᠭᠤ ᠳᠤ ᠲᠠᠷᠢᠭᠳᠠᠭᠰᠠᠨ ᠲᠢᠷ ᠲᠠᠢ ᠠᠳᠠᠯᠢ ᠪᠠᠢᠪᠠᠴᠤ ᠦᠷ᠎ᠡ ᠬᠡᠦᠬᠡᠳ ᠤᠳ ᠢᠶᠠᠨ ᠭᠠᠷᠭᠠᠨ ᠠᠯᠠᠭᠤᠷᠴᠢᠨ ᠳᠤ ᠥᠭᠬᠦ ᠪᠣᠯᠣᠨ᠎ᠠ᠃
14 ᠥᠭᠬᠦ ᠶᠠᠭᠤᠮ᠎ᠠ ᠪᠠᠨ ᠲᠡᠳᠡᠨ ᠳᠦ ᠥᠭᠭᠥᠭᠡᠴᠢ᠂ ᠶᠣᠬᠣᠸᠠ ᠡ᠂ ᠦᠷ᠎ᠡ ᠲᠣᠭᠲᠠᠬᠤ ᠦᠭᠡᠢ ᠤᠮᠠᠢ᠂ ᠬᠠᠷ᠎ᠠ ᠳᠡᠯᠡᠩ ᠢ ᠥᠭᠭᠥᠭᠡᠴᠢ᠃
15 ᠲᠡᠳᠡᠨ ᠦ ᠭᠢᠯᠭᠠᠯ ᠳᠤ ᠦᠢᠯᠡᠳᠦᠭᠰᠡᠨ ᠪᠦᠬᠦ ᠬᠣᠷᠣᠨ ᠮᠠᠭᠤ ᠠᠴᠠ ᠪᠣᠯᠵᠤ ᠲᠡᠨᠳᠡ ᠪᠢ ᠲᠡᠳᠡᠨ ᠢ ᠦᠵᠡᠨ ᠶᠠᠳᠠᠪᠠ︕ ᠲᠡᠳᠡᠨ ᠦ ᠦᠢᠯᠡᠰ ᠮᠠᠭᠤ ᠪᠣᠯᠬᠣᠷ ᠪᠢ ᠲᠡᠳᠡᠨ ᠢ ᠭᠡᠷ ᠡᠴᠡ ᠪᠡᠨ ᠬᠥᠭᠡᠭᠡᠨ ᠲᠡᠳᠡᠨ ᠢ ᠳᠠᠬᠢᠨ ᠬᠠᠢᠷᠠᠯᠠᠬᠤ ᠦᠭᠡᠢ ᠲᠡᠳᠡᠨ ᠦ ᠨᠣᠶᠠᠳ ᠨᠢ ᠪᠦᠭᠦᠳᠡ ᠲᠡᠷᠰᠯᠡᠭᠴᠢᠳ ᠪᠢᠯᠡ᠃
16 ᠡᠹᠷᠠᠢᠮ ᠴᠠᠪᠴᠢᠭᠳᠠᠵᠤ ᠦᠨᠳᠦᠰᠦ ᠨᠢ ᠬᠤᠪᠠᠬᠠᠢᠷᠠᠭᠰᠠᠨ ᠲᠡᠳᠡ ᠶᠠᠮᠠᠷ ᠴᠤ ᠵᠢᠮᠢᠰ ᠭᠠᠷᠭᠠᠬᠤ ᠦᠭᠡᠢ ᠬᠡᠦᠬᠡᠳ ᠲᠥᠷᠥᠭᠦᠯᠦᠭᠰᠡᠨ ᠴᠤ ᠪᠢ ᠬᠡᠪᠡᠯᠢ ᠶᠢᠨ ᠬᠢᠨᠢ ᠬᠠᠢᠷᠠᠲᠤ ᠦᠷ᠎ᠡ ᠶᠢ ᠰᠥᠨᠥᠭᠡᠨ᠎ᠡ᠃
17 ᠮᠢᠨᠦ ᠪᠤᠷᠬᠠᠨ ᠥᠪᠡᠷ ᠦᠨ ᠬᠢ ᠶᠢ ᠨᠢ ᠰᠣᠨᠣᠰᠳᠠᠭ ᠦᠭᠡᠢ ᠲᠡᠳᠡᠨ ᠢ ᠣᠭᠣᠷᠣᠨᠠ ᠲᠡᠳᠡ ᠦᠨᠳᠦᠰᠦᠲᠡᠨ ᠨᠦᠭᠦᠳ ᠦᠨ ᠳᠤᠮᠳᠠ ᠲᠡᠨᠦᠭᠦᠯᠴᠢᠳ ᠪᠣᠯᠣᠨ᠎ᠠ᠃