ᠬᠣᠰᠧᠶ᠎ᠠ ᠠᠷᠪᠠᠨ ᠨᠢᠭᠡ
ᠪᠤᠴᠠᠯᠲᠠ ᠦᠭᠡᠢ ᠬᠠᠢᠷ᠎ᠠ
1 ᠢᠰᠷᠧᠯ ᠢ ᠪᠢ ᠪᠠᠯᠴᠢᠷ ᠪᠠᠢᠬᠤ ᠳᠤᠨᠢ ᠬᠠᠢᠷᠠᠯᠠᠭᠰᠠᠨ ᠶᠧᠵᠢᠫᠲ ᠡᠴᠡ ᠪᠢ ᠬᠦᠦ ᠪᠡᠨ ᠳᠠᠭᠤᠳᠠᠨ ᠭᠠᠷᠭᠠᠭᠰᠠᠨ᠃
2 ᠬᠠᠷᠢᠨ ᠳᠠᠭᠤᠳᠠᠬᠤ ᠲᠤᠰᠤᠮ ᠲᠡᠳᠡ ᠨᠠᠳᠠ ᠠᠴᠠ ᠬᠣᠯᠠᠳᠠᠪᠠ ᠪᠠᠯ ᠤᠳ ᠲᠤ ᠲᠠᠬᠢᠯ ᠡᠷᠭᠦᠭᠰᠡᠭᠡᠷ ᠰᠢᠲᠦᠭᠡᠨ ᠨᠦᠭᠦᠳ ᠲᠦ ᠤᠲᠤᠯᠭ᠎ᠠ ᠤᠭᠤᠭᠢᠭᠤᠯᠤᠭᠰᠠᠭᠠᠷ ᠪᠠᠢᠪᠠ᠃
3 ᠪᠢ ᠡᠹᠷᠠᠢᠮ ᠳᠤ ᠠᠯᠬᠤᠬᠤ ᠶᠢ ᠵᠢᠭᠠᠵᠤ ᠥᠭᠭᠥᠭᠰᠡᠨ ᠪᠢ ᠲᠡᠳᠡᠨ ᠢ ᠭᠠᠷ ᠲᠠᠭᠠᠨ ᠠᠪᠤᠭᠰᠠᠨ ᠪᠢ ᠲᠡᠳᠡᠨ ᠢ ᠡᠳᠡᠭᠡᠭᠡᠭᠰᠡᠨ ᠬᠠᠷᠢᠨ ᠲᠡᠳᠡ ᠠᠩᠵᠠᠭᠠᠷᠠᠭᠰᠠᠨ ᠦᠭᠡᠢ᠂
4 ᠬᠥᠮᠦᠨᠯᠢᠭ ᠣᠭᠣᠰᠣᠷ ᠢᠶᠠᠷ᠂ ᠬᠠᠢᠷ᠎ᠠ ᠶᠢᠨ ᠤᠶᠠᠭ᠎ᠠ ᠪᠠᠷ ᠪᠢ ᠲᠡᠳᠡᠨ ᠢ ᠲᠠᠲᠠᠭᠰᠠᠨ ᠬᠦᠵᠦᠭᠦᠨ ᠡᠴᠡ ᠨᠢ ᠪᠤᠭᠤᠯᠠᠭ᠎ᠠ ᠶᠢ ᠡᠷᠭᠦᠨ ᠠᠪᠴᠤ ᠬᠣᠭᠣᠯᠠᠯᠠᠭᠤᠯᠬᠤ ᠪᠠᠷ ᠪᠢ ᠪᠥᠬᠥᠢᠭᠰᠡᠨ᠃
5 ᠨᠠᠳᠠ ᠤᠷᠤᠭᠤ ᠡᠷᠭᠢᠬᠦ ᠳᠤᠷ᠎ᠠ ᠦᠭᠡᠢ ᠲᠤᠯᠠ ᠲᠡᠳᠡ ᠶᠧᠵᠢᠫᠲ ᠤᠷᠤᠭᠤ ᠡᠷᠭᠢᠵᠦ ᠠᠰᠢᠷᠢᠶ᠎ᠠ ᠳᠤ ᠵᠠᠬᠢᠷᠤᠭᠳᠠᠬᠤ ᠪᠣᠯᠣᠨ᠎ᠠ᠃
6 ᠬᠣᠲᠠ ᠨᠤᠭᠤᠳ ᠲᠤᠨᠢ ᠢᠯᠳᠦ ᠡᠷᠭᠢᠯᠳᠦᠵᠦ ᠬᠠᠭᠠᠯᠲᠠ ᠨᠢ ᠡᠪᠳᠡᠭᠳᠡᠨ ᠠᠷᠭ᠎ᠠ ᠵᠠᠯᠢ ᠨᠢ ᠡᠴᠦᠰᠯᠡᠨ᠎ᠡ᠃
7 ᠲᠦᠮᠡᠨ ᠠᠷᠠᠳ ᠮᠢᠨᠢ ᠲᠡᠷᠰᠯᠡᠯ ᠢᠶᠡᠨ ᠪᠠᠷᠢᠮᠲᠠᠯᠠᠵᠠᠢ ᠳᠡᠭᠡᠭᠰᠢ ᠬᠠᠷᠠᠨ ᠳᠠᠭᠤᠳᠠᠪᠠᠴᠤ ᠲᠡᠷᠡ ᠲᠡᠳᠡᠨ ᠢ ᠡᠷᠭᠦᠮᠵᠢᠯᠡᠬᠦ ᠦᠭᠡᠢ᠃
8 ᠡᠹᠷᠠᠢᠮ ᠡ᠂ ᠴᠢᠮᠠᠶᠢ ᠪᠢ ᠬᠡᠷᠬᠢᠨ ᠥᠭᠬᠦ ᠪᠢᠯᠡ︖ ᠢᠰᠷᠧᠯ ᠡ᠂ ᠴᠢᠮᠠᠶᠢ ᠪᠢ ᠬᠡᠷᠬᠢᠨ ᠲᠤᠰᠢᠶᠠᠬᠤ ᠪᠢᠯᠡ︖ ᠴᠢᠮ᠎ᠠ ᠳᠤ ᠬᠡᠷᠬᠢᠨ ᠠᠳ᠋ᠮᠠ ᠳᠤ ᠰᠢᠭ᠋ ᠬᠠᠨᠳᠤᠬᠤ ᠪᠢᠯᠡ︖ ᠴᠢᠮᠠᠶᠢ ᠬᠡᠷᠬᠢᠨ ᠽᠧᠪᠣᠢᠮ ᠰᠢᠭ᠋ ᠪᠣᠯᠭᠠᠬᠤ ᠪᠢᠯᠡ︖ ᠰᠡᠳᠬᠢᠯ ᠮᠢᠨᠢ ᠡᠷᠭᠢᠵᠦ᠂ ᠬᠠᠮᠤᠭ ᠡᠨᠡᠷᠢᠯ ᠮᠢᠨᠢ ᠪᠤᠴᠠᠯᠵᠠᠢ᠃
9 ᠳᠣᠭᠰᠢᠨ ᠠᠭᠤᠷ ᠢᠶᠠᠨ ᠪᠢ ᠭᠦᠢᠴᠡᠯᠳᠦᠭᠦᠯᠬᠦ ᠦᠭᠡᠢ ᠳᠠᠬᠢᠨ ᠪᠢ ᠡᠹᠷᠠᠢᠮ ᠢ ᠰᠦᠢᠳᠬᠡᠬᠦ ᠦᠭᠡᠢ ᠪᠢ ᠪᠤᠷᠬᠠᠨ᠂ ᠬᠥᠮᠦᠨ ᠪᠢᠰᠢ ᠶᠤᠮ ᠲᠠ ᠨᠠᠷ ᠤᠨ ᠳᠤᠮᠳᠠ ᠪᠤᠢ ᠠᠷᠢᠭᠤᠨ ᠨᠢᠭᠡᠨ ᠶᠤᠮ ᠪᠢ ᠬᠢᠯᠢᠩ ᠲᠠᠢ ᠢᠷᠡᠬᠦ ᠦᠭᠡᠢ᠃
10 ᠲᠡᠳᠡ ᠶᠣᠬᠣᠸᠠ ᠶᠢ ᠳᠠᠭᠠᠬᠤ ᠪᠣᠯᠣᠨ᠎ᠠ ᠲᠡᠷᠡ ᠠᠷᠰᠯᠠᠨ ᠮᠡᠲᠦ ᠠᠷᠬᠢᠷᠠᠨᠠ ᠲᠡᠷᠡ ᠠᠷᠬᠢᠷᠠᠬᠤ ᠳᠤ᠂ ᠬᠡᠦᠬᠡᠳ ᠤᠳ ᠨᠢ ᠪᠠᠷᠠᠭᠤᠨ ᠠᠴᠠ ᠴᠡᠴᠡᠷᠡᠭᠰᠡᠭᠡᠷ ᠢᠷᠡᠨ᠎ᠡ᠂
11 ᠶᠧᠵᠢᠫᠲ ᠡᠴᠡ ᠰᠢᠪᠠᠭᠤ ᠮᠡᠲᠦ᠂ ᠠᠰᠢᠷᠢᠶ᠎ᠠ ᠠᠴᠠ ᠲᠠᠭᠲᠠᠭ᠎ᠠ ᠮᠡᠲᠦ ᠴᠡᠴᠡᠷᠡᠭᠰᠡᠭᠡᠷ ᠢᠷᠡᠨ᠎ᠡ ᠪᠢ ᠲᠡᠳᠡᠨ ᠢ ᠭᠡᠷ ᠲᠤᠨᠢ ᠰᠠᠭᠤᠯᠭᠠᠨ᠎ᠠ ᠶᠣᠬᠣᠸᠠ ᠠᠢᠯᠠᠳᠴᠤ ᠪᠠᠢᠨ᠎ᠠ᠃
ᠢᠰᠷᠧᠯ ᠤᠨ ᠨᠢᠭᠦᠯ
12 ᠡᠹᠷᠠᠢᠮ ᠬᠤᠳᠠᠯ ᠢᠶᠠᠷ᠂ ᠢᠰᠷᠧᠯ ᠤᠨ ᠭᠡᠷ ᠬᠠᠭᠤᠷᠮᠠᠭ ᠢᠶᠠᠷ ᠨᠠᠮᠠᠶᠢ ᠬᠦᠷᠢᠶᠡᠯᠡᠪᠡ ᠬᠠᠷᠢᠨ ᠶᠦᠳᠠ ᠪᠤᠷᠬᠠᠨ ᠳᠤ ᠢᠲᠡᠭᠡᠮᠵᠢᠲᠦ᠂ ᠠᠷᠢᠭᠤᠨ ᠨᠢᠭᠡᠨ ᠲᠡᠢ ᠬᠠᠮᠲᠤ ᠶᠠᠪᠤᠵᠤ ᠪᠠᠢᠨ᠎ᠠ᠃