1 2 3 4 5 6 7 8 9 10 11 12 13 14


ᠬᠣᠰᠧᠶ᠎ᠠ ᠬᠣᠶᠠᠷ

1 ᠲᠠ ᠨᠠᠷ ᠠᠬ᠎ᠠ ᠳᠡᠭᠦᠦ ᠨᠠᠷ ᠲᠡᠭᠡᠨ᠄ 《ᠠᠮᠢ》 3 ᠭᠡᠵᠦ᠂ ᠡᠭᠡᠴᠢ ᠳᠡᠭᠦᠦ ᠨᠠᠷ ᠲᠡᠭᠡᠨ᠄ 《ᠷᠦᠬᠠᠮᠠ》 4 ᠭᠡᠬᠦ ᠪᠣᠯᠣᠨ᠎ᠠ᠃
 ᠰᠢᠳᠬᠡᠯ ᠦᠨ ᠳᠠᠷᠠᠭᠠᠬᠢ ᠰᠡᠷᠭᠦᠯᠲᠡ
2 《ᠵᠠᠭᠠᠯᠳᠤ᠂ ᠡᠬᠡ ᠪᠡᠨ ᠵᠠᠭᠠᠯᠳᠤ ᠲᠡᠷᠡ ᠮᠢᠨᠦ ᠡᠬᠡᠨᠡᠷ ᠪᠢᠰᠢ᠂ ᠪᠢ ᠨᠥᠬᠥᠷ ᠨᠢ ᠪᠢᠰᠢ ᠵᠠᠪᠬᠠᠢᠷᠠᠯ ᠢ ᠲᠡᠷᠡ ᠪᠡᠷ ᠨᠢᠭᠤᠷ ᠠᠴᠠ ᠪᠠᠨ ᠵᠠᠢᠯᠠᠭᠤᠯᠤᠭ ᠰᠠᠳᠤᠷ ᠰᠠᠮᠠᠭᠤᠨ ᠢ ᠬᠥᠬᠥᠨ ᠦ ᠪᠠᠨ ᠬᠣᠭᠣᠷᠣᠨᠳᠣ ᠠᠴᠠ ᠰᠠᠯᠭᠠᠭ
3 ᠡᠰᠡ ᠲᠡᠭᠡᠪᠡᠯ ᠪᠢ ᠲᠡᠭᠦᠨ ᠢ ᠱᠠᠯᠳᠠᠩᠯᠠᠵᠤ ᠲᠥᠷᠥᠭᠰᠡᠨ ᠡᠳᠦᠷ ᠦᠨ ᠬᠢᠨᠢ ᠰᠢᠭ ᠨᠢᠴᠦᠭᠦᠨ ᠪᠣᠯᠭᠠᠨ᠎ᠠ ᠴᠥᠯ ᠮᠡᠲᠦ᠂ ᠵᠡᠯᠢᠭᠦᠳ ᠭᠠᠵᠠᠷ ᠮᠡᠲᠦ ᠪᠣᠯᠭᠠᠨ ᠲᠡᠭᠦᠨ ᠢ ᠴᠠᠩ᠋ᠭᠠᠭᠠᠵᠤ ᠠᠯᠠᠨ᠎ᠠ᠃
4 ᠬᠡᠦᠬᠡᠳ ᠤᠳ ᠨᠢ ᠵᠠᠪᠬᠠᠢᠷᠠᠯ ᠤᠨ ᠦᠷ᠎ᠡ ᠤᠴᠢᠷ ᠠᠴᠠ ᠬᠡᠦᠬᠡᠳ ᠤᠳ ᠲᠤᠨᠢ ᠪᠢ ᠥᠷᠥᠰᠢᠶᠡᠯ ᠦᠵᠡᠭᠦᠯᠬᠦ ᠦᠭᠡᠢ᠃
5 ᠲᠡᠳᠡᠨ ᠦ ᠡᠬᠡ ᠵᠠᠪᠬᠠᠢᠷᠠᠭᠰᠠᠨ ᠲᠡᠳᠡᠨ ᠢ ᠲᠡᠭᠡᠭᠡᠵᠦ ᠪᠠᠢᠬᠤ ᠳᠠᠭᠠᠨ ᠢᠴᠢᠭᠦᠷᠢ ᠶᠢ ᠦᠢᠯᠡᠳᠴᠡᠢ ᠲᠡᠷᠡ᠄ 〈ᠠᠮᠠᠷᠠᠭ ᠤᠳ ᠤᠨ ᠢᠶᠠᠨ ᠠᠷᠤ ᠠᠴᠠ ᠶᠠᠪᠤᠶ᠎ᠠ ᠲᠡᠳᠡ ᠮᠢᠨᠦ ᠪᠣᠣᠪᠣ ᠪᠠ ᠤᠰᠤ᠂ ᠨᠣᠣᠰᠣ ᠪᠠ ᠮᠠᠭᠠᠯᠢᠩ᠋ᠭᠤ᠂ ᠲᠣᠰᠣ ᠪᠠ ᠳᠠᠷᠠᠰᠤ ᠶᠢ ᠬᠠᠩ᠋ᠭᠠᠨ᠎ᠠ〉 ᠭᠡᠵᠦ ᠬᠡᠯᠡᠳᠡᠭ᠃
6 ᠲᠡᠢᠮᠦ ᠡᠴᠡ ᠪᠢ ᠵᠠᠮ ᠢ ᠨᠢ ᠦᠭᠦᠷᠭᠡᠨ᠎ᠡ ᠪᠡᠷ ᠰᠢᠪᠡᠭᠡᠯᠡᠨ᠎ᠡ ᠵᠠᠮ ᠢ ᠨᠢ ᠣᠯᠣᠭᠤᠯᠬᠤ ᠦᠭᠡᠢ ᠶᠢᠨ ᠲᠤᠯᠠᠳᠠ ᠬᠠᠰᠢᠶ᠎ᠠ ᠪᠠᠷ ᠬᠠᠰᠢᠨ᠎ᠠ᠃
7 ᠲᠡᠷᠡ ᠠᠮᠠᠷᠠᠭ ᠤᠳ ᠤᠨ ᠢᠶᠠᠨ ᠠᠷᠤ ᠠᠴᠠ ᠬᠥᠭᠡᠭᠡᠭᠰᠡᠨ ᠴᠤ ᠭᠦᠢᠴᠡᠬᠦ ᠦᠭᠡᠢ᠂ ᠡᠷᠢᠭᠰᠡᠨ ᠴᠤ ᠣᠯᠬᠤ ᠦᠭᠡᠢ ᠲᠡᠭᠡᠪᠡᠯ ᠲᠡᠷᠡ᠄ 〈ᠠᠩ᠋ᠬᠠᠨ ᠤ ᠨᠥᠬᠥᠷ ᠤᠷᠤᠭᠤ ᠪᠠᠨ ᠪᠤᠴᠠᠶ᠎ᠠ ᠲᠡᠷᠡ ᠦᠶ᠎ᠡ ᠶᠢᠨ ᠮᠢᠨᠢ ᠪᠠᠢᠳᠠᠯ ᠣᠳᠣ ᠶᠢᠨ ᠬᠢ ᠡᠴᠡ ᠰᠠᠢᠨ ᠪᠠᠢᠵᠠᠢ〉 ᠭᠡᠬᠦ ᠪᠣᠯᠣᠨ᠎ᠠ᠃

8 ᠲᠡᠳᠡᠨ ᠳᠦ ᠦᠷ᠎ᠡ ᠲᠠᠷᠢᠶ᠎ᠠ᠂ ᠰᠢᠨ᠎ᠡ ᠳᠠᠷᠠᠰᠤ᠂ ᠲᠣᠰᠣ ᠶᠢ ᠬᠠᠩ᠋ᠭᠠᠭᠴᠢ ᠨᠢ ᠮᠥᠨ ᠲᠡᠭᠦᠨ ᠢ ᠮᠥᠩᠭᠥ᠂ ᠠᠯᠲᠠ ᠪᠠᠷ ᠪᠢᠯᠬᠠᠭᠠᠭᠴᠢ ᠨᠢ ᠪᠢ ᠪᠠᠢᠭᠰᠠᠨ ᠬᠠᠷᠢᠨ ᠲᠡᠷᠡ ᠡᠮ᠎ᠡ ᠡᠭᠦᠨ ᠢ ᠮᠡᠳᠡᠳᠡᠭ ᠦᠭᠡᠢ ᠲᠡᠳᠡ ᠲᠡᠳᠡᠭᠡᠷ ᠢ ᠪᠠᠯ ᠤᠨ ᠲᠥᠯᠥᠭᠡ ᠠᠰᠢᠭᠯᠠᠳᠠᠭ ᠶᠤᠮ᠃
9 ᠡᠢᠮᠦ ᠡᠴᠡ ᠴᠠᠭ ᠨᠢ ᠪᠣᠯᠬᠤ ᠳᠤ ᠪᠢ ᠦᠷ᠎ᠡ ᠲᠠᠷᠢᠶ᠎ᠠ ᠪᠠᠨ ᠤᠯᠠᠷᠢᠯ ᠨᠢ ᠪᠣᠯᠬᠤ ᠳᠤ ᠰᠢᠨ᠎ᠡ ᠳᠠᠷᠠᠰᠤ ᠪᠠᠨ ᠪᠤᠴᠠᠭᠠᠵᠤ ᠠᠪᠤᠨ᠎ᠠ ᠨᠢᠴᠦᠭᠦᠨ ᠢ ᠨᠢ ᠬᠠᠯᠬᠠᠯᠠᠬᠤ ᠭᠡᠰᠡᠨ ᠨᠣᠣᠰᠣ ᠮᠠᠭᠠᠯᠢᠩ᠋ᠭᠤ ᠪᠠᠨ ᠪᠤᠯᠢᠶᠠᠵᠤ ᠠᠪᠤᠨ᠎ᠠ
10 ᠡᠳᠦᠭᠡ ᠪᠢ ᠠᠮᠠᠷᠠᠭ ᠤᠳ ᠤᠨ ᠬᠢᠨᠢ ᠨᠢᠳᠦᠨ ᠳᠡᠭᠡᠷ᠎ᠡ ᠢᠴᠢᠭᠦᠷᠢ ᠶᠢ ᠨᠢ ᠢᠯᠡ ᠭᠠᠷᠭᠠᠨ᠎ᠠ ᠬᠡᠨ ᠴᠤ ᠲᠡᠭᠦᠨ ᠢ ᠮᠢᠨᠦ ᠭᠠᠷ ᠠᠴᠠ ᠠᠪᠤᠷᠠᠵᠤ ᠴᠢᠳᠠᠬᠤ ᠦᠭᠡᠢ᠃
11 ᠪᠢ ᠲᠡᠭᠦᠨ ᠦ ᠪᠦᠬᠦ ᠴᠡᠩᠭᠡᠯ᠂ ᠪᠠᠶᠠᠷ ᠨᠠᠭᠠᠳᠤᠮ᠂ ᠰᠢᠨ᠎ᠡ ᠰᠠᠷ᠎ᠠ᠂ ᠠᠮᠠᠷᠠᠯ ᠤᠨ ᠡᠳᠦᠷ ᠤᠳ ᠢ᠂ ᠪᠦᠬᠦ ᠲᠣᠭᠲᠠᠮᠠᠯ ᠪᠠᠶᠠᠷ ᠢ ᠨᠢ ᠵᠣᠭᠰᠣᠭᠠᠨ᠎ᠠ᠃
12 〈ᠠᠮᠠᠷᠠᠭ ᠤᠳ ᠤᠨ ᠮᠢᠨᠢ ᠥᠭᠭᠥᠭᠰᠡᠨ ᠬᠥᠯᠥᠰᠥ〉 ᠭᠡᠰᠡᠨ ᠦᠵᠦᠮ ᠦᠨ ᠮᠣᠳᠣᠳ᠂ ᠢᠨᠵᠢᠷ ᠤᠨ ᠮᠣᠳᠣᠳ ᠢ ᠨᠢ ᠪᠢ ᠰᠦᠢᠳᠬᠡᠵᠦ᠂ ᠣᠢ ᠮᠣᠳᠣ ᠪᠣᠯᠭᠠᠨ ᠬᠡᠭᠡᠷ᠎ᠡ ᠶᠢᠨ ᠠᠷᠢᠶᠠᠲᠠᠳ ᠲᠤ ᠴᠥᠯᠮᠥᠭᠦᠯᠦᠨ᠎ᠡ
13 ᠡᠭᠡᠮᠦᠭ᠂ ᠡᠷᠳᠡᠨᠢᠰ ᠢᠶᠠᠷ ᠭᠤᠶᠤᠨ ᠠᠮᠠᠷᠠᠭ ᠤᠳ ᠤᠨ ᠢᠶᠠᠨ ᠬᠣᠢᠨ᠎ᠠ ᠠᠴᠠ ᠶᠠᠪᠤᠵᠤ ᠨᠠᠮᠠᠶᠢ ᠮᠠᠷᠲᠠᠨ ᠪᠠᠯ ᠳᠤ ᠬᠦᠵᠢ ᠤᠭᠤᠭᠢᠭᠤᠯᠤᠭᠰᠠᠨ ᠡᠳᠦᠷ ᠤᠳ ᠤᠨ ᠬᠢᠨᠢ ᠳᠠᠭᠠᠤ ᠪᠢ ᠲᠡᠭᠦᠨ ᠢ ᠰᠢᠳᠬᠡᠨ᠎ᠡ᠂》 ᠶᠣᠬᠣᠸᠠ ᠡᠢᠨ ᠬᠦ ᠠᠢᠯᠠᠳᠴᠤ ᠪᠠᠢᠨ᠎ᠠ᠃

14 ᠬᠠᠷᠢᠨ ᠣᠳᠣ ᠪᠢ ᠲᠡᠭᠦᠨ ᠢ ᠢᠳᠬᠠᠬᠤ ᠭᠡᠵᠦ ᠪᠠᠢᠨ᠎ᠠ ᠴᠥᠯ ᠤᠷᠤᠭᠤ ᠳᠠᠭᠠᠭᠤᠯᠵᠤ ᠣᠴᠢᠭᠠᠳ ᠵᠢᠷᠦᠬᠡᠨ ᠳᠦᠨᠢ ᠶᠠᠷᠢᠬᠤ ᠭᠡᠵᠦ ᠪᠠᠢᠨ᠎ᠠ᠃
15 ᠲᠡᠨᠳᠡ ᠪᠢ ᠦᠵᠦᠮ ᠦᠨ ᠴᠡᠴᠡᠷᠯᠢᠭ ᠢ ᠨᠢ ᠪᠤᠴᠠᠭᠠᠨ᠎ᠠ ᠠᠺᠣᠷ 5 ᠤᠨ ᠬᠥᠨᠳᠡᠢ ᠶᠢ ᠨᠠᠢᠳᠠᠪᠤᠷᠢ ᠶᠢᠨ ᠡᠭᠦᠳᠡ ᠪᠣᠯᠭᠠᠨ᠎ᠠ ᠲᠡᠨᠳᠡ ᠲᠡᠷᠡ ᠪᠠᠭ᠎ᠠ ᠨᠠᠰᠤᠨ ᠤ ᠪᠠᠨ ᠡᠳᠦᠷ ᠤᠳ ᠤᠨ ᠬᠢ ᠰᠢᠭ ᠶᠧᠵᠢᠫᠲ ᠡᠴᠡ ᠭᠠᠷᠴᠤ ᠢᠷᠡᠭᠰᠡᠨ ᠡᠳᠦᠷ ᠦᠨ ᠬᠢ ᠰᠢᠭ ᠢᠶᠠᠨ ᠳᠠᠭᠤᠯᠠᠬᠤ ᠪᠣᠯᠣᠨ᠎ᠠ᠃
16 ᠲᠡᠷᠡ ᠡᠳᠦᠷ ᠴᠢ ᠨᠠᠮᠠᠶᠢ 〈ᠨᠥᠬᠥᠷ ᠮᠢᠨᠢ〉 ᠭᠡᠵᠦ ᠳᠠᠭᠤᠳᠠᠬᠤ ᠠᠴᠠ ᠪᠢᠰᠢ᠂ 〈ᠪᠠᠯ ᠮᠢᠨᠢ〉 ᠭᠡᠵᠦ ᠳᠠᠭᠤᠳᠠᠬᠤ ᠦᠭᠡᠢ᠂》 ᠶᠣᠬᠣᠸᠠ ᠠᠢᠯᠠᠳᠴᠤ ᠪᠠᠢᠨ᠎ᠠ᠃
17 《ᠲᠡᠢᠨ ᠬᠦ ᠪᠢ ᠠᠮᠠᠨ ᠠᠴᠠ ᠨᠢ ᠪᠠᠯ ᠤᠳ ᠤᠨ ᠨᠡᠷ᠎ᠡ ᠶᠢ ᠠᠷᠢᠯᠭᠠᠨ᠎ᠠ ᠲᠡᠳᠡᠨ ᠦ ᠨᠡᠷ᠎ᠡ ᠳᠠᠬᠢᠵᠤ ᠳᠤᠷᠠᠰᠤᠭᠳᠠᠬᠤ ᠦᠭᠡᠢ᠃
18 ᠲᠡᠷᠡ ᠡᠳᠦᠷ ᠪᠢ ᠲᠡᠳᠡᠨ ᠦ ᠲᠥᠯᠥᠭᠡ ᠬᠡᠭᠡᠷ᠎ᠡ ᠶᠢᠨ ᠠᠷᠢᠶᠠᠲᠠᠨ᠂ ᠣᠭᠲᠠᠷᠭᠤᠢ ᠶᠢᠨ ᠰᠢᠪᠠᠭᠤ᠂ ᠭᠠᠵᠠᠷ ᠤᠨ ᠮᠥᠯᠬᠥᠭᠴᠢ ᠠᠮᠢᠲᠠᠨ ᠲᠠᠢ ᠭᠡᠷ᠎ᠡ ᠪᠠᠢᠭᠤᠯᠤᠨ᠎ᠠ ᠨᠤᠲᠤᠭ ᠲᠤᠨᠢ ᠨᠤᠮᠤ᠂ ᠢᠯᠳᠦ ᠪᠠ ᠳᠠᠢᠨ ᠢ ᠦᠭᠡᠢ ᠪᠣᠯᠭᠠᠵᠤ ᠲᠡᠳᠡᠨ ᠢ ᠠᠶᠤᠯ ᠦᠭᠡᠢ ᠬᠡᠪᠲᠡᠭᠦᠯᠦᠨ᠎ᠡ᠃
19 ᠴᠢᠮ᠎ᠠ ᠲᠠᠢ ᠪᠢ ᠮᠥᠩᠬᠡ ᠶᠢᠨ ᠰᠦᠢ ᠲᠠᠯᠪᠢᠨ᠎ᠠ ᠴᠢᠮ᠎ᠠ ᠲᠠᠢ ᠪᠢ ᠵᠥᠪ ᠰᠢᠳᠤᠷᠭᠤ ᠪᠠᠷ᠂ ᠬᠠᠢᠷ᠎ᠠ ᠡᠨᠡᠷᠢᠯ ᠢᠶᠠᠷ ᠰᠦᠢ ᠲᠠᠯᠪᠢᠨ᠎ᠠ
20 ᠴᠢᠮ᠎ᠠ ᠲᠠᠢ ᠢᠲᠡᠭᠡᠮᠵᠢᠲᠠᠢ ᠪᠠᠷ ᠰᠦᠢ ᠲᠠᠯᠪᠢᠨ᠎ᠠ ᠲᠡᠢᠨ ᠬᠦ ᠴᠢ ᠶᠣᠬᠣᠸᠠ ᠶᠢ ᠮᠡᠳᠡᠬᠦ ᠪᠣᠯᠣᠨ᠎ᠠ᠃
21 ᠲᠡᠷᠡ ᠡᠳᠦᠷ ᠪᠢ ᠬᠠᠷᠢᠭᠤᠯᠤᠨ᠎ᠠ᠂》 ᠶᠣᠬᠣᠸᠠ ᠠᠢᠯᠠᠳᠴᠤ ᠪᠠᠢᠨ᠎ᠠ᠃ 《ᠪᠢ ᠲᠩᠷᠢ ᠳᠤ ᠬᠠᠷᠢᠭᠤᠯᠵᠤ᠂ ᠲᠩᠷᠢ ᠨᠢ ᠭᠠᠵᠠᠷ ᠲᠤ ᠬᠠᠷᠢᠭᠤᠯᠤᠨ᠎ᠠ
22 ᠭᠠᠵᠠᠷ ᠨᠢ ᠦᠷ᠎ᠡ ᠲᠠᠷᠢᠶ᠎ᠠ᠂ ᠰᠢᠨ᠎ᠡ ᠳᠠᠷᠠᠰᠤ᠂ ᠲᠣᠰᠣᠨ ᠳᠤ ᠬᠠᠷᠢᠭᠤᠯᠵᠤ᠂ ᠲᠡᠳᠡᠭᠡᠷ ᠨᠢ ᠶᠧᠽᠷᠧᠯ ᠳᠤ ᠬᠠᠷᠢᠭᠤᠯᠤᠨ᠎ᠠ᠃
23 ᠪᠢ ᠥᠪᠡᠷ ᠦᠨ ᠢᠶᠠᠨ ᠲᠥᠯᠥᠭᠡ ᠢᠰᠷᠧᠯ ᠢ ᠭᠠᠵᠠᠷ ᠲᠤ ᠲᠠᠷᠢᠵᠤ 〈ᠥᠷᠥᠰᠢᠶᠡᠭᠳᠡᠭᠡ ᠦᠭᠡᠢ〉 ᠶᠢ ᠥᠷᠥᠰᠢᠶᠡᠵᠦ 〈ᠮᠢᠨᠦ ᠠᠷᠠᠳ ᠲᠦᠮᠡᠨ ᠪᠢᠰᠢ〉 ᠶᠢ 〈ᠮᠢᠨᠦ ᠠᠷᠠᠳ ᠲᠦᠮᠡᠨ〉 ᠭᠡᠵᠦ ᠲᠡᠳᠡ ᠨᠠᠮᠠᠶᠢ 〈ᠮᠢᠨᠦ ᠪᠤᠷᠬᠠᠨ〉 ᠭᠡᠬᠦ ᠪᠣᠯᠣᠨ᠎ᠠ᠃》