ᠬᠣᠰᠧᠶ᠎ᠠ ᠠᠷᠪᠠᠨ ᠬᠣᠶᠠᠷ
1 ᠡᠹᠷᠠᠢᠮ ᠰᠠᠯᠬᠢ ᠪᠠᠷ ᠬᠣᠭᠣᠯᠠᠯᠠᠨ ᠡᠳᠦᠷᠵᠢᠨ ᠳᠣᠷᠣᠨ᠎ᠠ ᠶᠢᠨ ᠰᠠᠯᠬᠢ ᠶᠢ ᠬᠥᠭᠡᠭᠡᠭᠰᠡᠭᠡᠷ ᠬᠤᠳᠠᠯ ᠪᠠ ᠬᠦᠴᠦᠷᠬᠡᠭᠯᠡᠯ ᠢ ᠣᠯᠠᠰᠢᠷᠠᠭᠤᠯᠵᠤ ᠠᠰᠢᠷᠢᠶ᠎ᠠ ᠲᠠᠢ ᠭᠡᠷ᠎ᠡ ᠪᠠᠢᠭᠤᠯᠵᠤ᠂ ᠶᠧᠵᠢᠫᠲ ᠲᠤ ᠲᠣᠰᠣ ᠢᠯᠡᠭᠡᠵᠦ ᠪᠠᠢᠨ᠎ᠠ᠃
2 ᠶᠣᠬᠣᠸᠠ ᠶᠦᠳᠠ ᠶᠢ ᠰᠢᠭᠦᠯᠲᠡ ᠳᠦ ᠳᠠᠭᠤᠳᠠᠵᠤ᠂ ᠶᠠᠺᠣᠪ ᠢ ᠵᠠᠮ ᠤᠨ ᠬᠢᠨᠢ ᠳᠠᠭᠠᠤ ᠰᠢᠳᠬᠡᠨ᠎ᠡ ᠦᠢᠯᠡᠰ ᠦᠨ ᠬᠢᠨᠢ ᠶᠣᠰᠣᠭᠠᠷ ᠬᠠᠷᠢᠭᠤᠯᠤᠨ᠎ᠠ᠃
3 ᠶᠠᠺᠣᠪ ᠬᠡᠪᠡᠯᠢ ᠳᠤ ᠪᠠᠢᠬᠤ ᠳᠠᠭᠠᠨ ᠠᠬ᠎ᠠ ᠶᠢᠨ ᠢᠶᠠᠨ ᠥᠰᠥᠭᠡᠢ ᠡᠴᠡ ᠪᠠᠷᠢᠵᠤ ᠡᠷ᠎ᠡ ᠶᠢᠨ ᠴᠡᠭᠡᠯ ᠳᠦ ᠬᠦᠷᠦᠭᠡᠳ ᠪᠤᠷᠬᠠᠨ ᠲᠠᠢ ᠲᠡᠮᠡᠴᠡᠯᠳᠦᠭᠰᠡᠨ
4 ᠲᠩᠷᠢ ᠡᠯᠴᠢ ᠲᠠᠢ ᠪᠠᠷᠢᠯᠳᠤᠵᠤ ᠳᠡᠢᠯᠦᠭᠰᠡᠨ ᠲᠡᠷᠡ ᠪᠡᠷ ᠤᠬᠢᠯᠠᠨ ᠲᠠᠭᠠᠯᠠᠯ ᠢ ᠭᠤᠶᠤᠭᠰᠠᠨ ᠪᠧᠲ᠋ᠧᠯ ᠳᠤ ᠲᠡᠷᠡ ᠪᠤᠷᠬᠠᠨ ᠢ ᠣᠯᠣᠭᠰᠠᠨ ᠪᠤᠷᠬᠠᠨ ᠲᠡᠨᠳᠡ ᠪᠢᠳᠡᠨ ᠳᠦ ᠠᠢᠯᠠᠳᠤᠭᠰᠠᠨ
5 ᠲᠡᠷᠡ ᠪᠣᠯ ᠠᠤᠭ᠎ᠠ ᠬᠦᠴᠦᠲᠦ ᠪᠤᠷᠬᠠᠨ ᠶᠣᠬᠣᠸᠠ ᠲᠡᠭᠦᠨ ᠦ ᠨᠡᠷ᠎ᠡ ᠨᠢ ᠶᠣᠬᠣᠸᠠ ᠪᠢᠯᠡ᠃
6 ᠡᠳᠦᠭᠡ ᠴᠢ ᠵᠠᠪᠠᠯ ᠪᠤᠷᠬᠠᠨ ᠥᠭᠡᠳᠡ ᠪᠡᠨ ᠡᠷᠭᠢ ᠡᠨᠡᠷᠢᠯ ᠪᠠ ᠰᠢᠳᠤᠷᠭᠤ ᠶᠣᠰᠣ ᠶᠢ ᠰᠠᠬᠢᠵᠤ᠂ ᠦᠷᠭᠦᠯᠵᠢ ᠪᠤᠷᠬᠠᠨ ᠳᠠᠭᠠᠨ ᠨᠠᠢᠳᠠ᠃
7 ᠬᠠᠷᠢᠨ ᠬᠤᠳᠠᠯᠳᠤᠭᠠᠴᠢᠳ ᠨᠢ ᠬᠠᠭᠤᠷᠮᠠᠭ ᠵᠢᠩᠯᠡᠭᠦᠷ ᠢᠶᠡᠷ ᠢᠶᠠᠨ ᠬᠠᠭᠤᠷᠤᠨ ᠮᠡᠬᠡᠯᠡᠬᠦ ᠳᠤᠷᠠᠲᠠᠢ ᠠᠲᠠᠯ᠎ᠠ
8 ᠡᠹᠷᠠᠢᠮ ᠨᠢ᠄ 《ᠪᠢ ᠪᠠᠶᠠᠨ ᠪᠣᠯᠣᠭᠰᠠᠨ᠂ ᠪᠢ ᠥᠪᠡᠷ ᠢᠶᠡᠨ ᠡᠳ᠋ ᠪᠠᠶᠠᠯᠢᠭ ᠢ ᠣᠯᠣᠭᠰᠠᠨ》 ᠬᠡᠮᠡᠨ 《ᠣᠷᠣᠯᠭ᠎ᠠ ᠶᠢᠨ ᠮᠢᠨᠢ ᠲᠠᠯ᠎ᠠ ᠪᠠᠷ ᠠᠯᠳᠠᠭ᠎ᠠ ᠪᠤᠶᠤ ᠭᠡᠮ ᠢ ᠲᠡᠳᠡ ᠣᠯᠬᠤ ᠦᠭᠡᠢ》 ᠭᠡᠳᠡᠭ᠂
9 ᠭᠡᠪᠡᠴᠦ ᠴᠢᠮᠠᠶᠢ ᠶᠧᠵᠢᠫᠲ ᠡᠴᠡ ᠠᠪᠴᠢᠷᠠᠭᠰᠠᠨ ᠨᠢ ᠴᠢᠨᠦ ᠪᠤᠷᠬᠠᠨ ᠶᠣᠬᠣᠸᠠ ᠪᠢ ᠪᠢ ᠴᠢᠮᠠᠶᠢ ᠲᠣᠪᠯᠠᠭᠳᠠᠭᠰᠠᠨ ᠪᠠᠶᠠᠷ ᠤᠨ ᠡᠳᠦᠷ ᠦᠨ ᠬᠢ ᠰᠢᠭ ᠳᠠᠬᠢᠨ ᠮᠠᠢᠬᠠᠨ ᠳᠤ ᠰᠠᠭᠤᠯᠭᠠᠨ᠎ᠠ
10 ᠲᠡᠢᠨ ᠬᠦ ᠪᠢ ᠡᠰᠢ ᠦᠵᠡᠭᠦᠯᠦᠭᠴᠢᠳ ᠲᠤ ᠬᠡᠯᠡᠭᠰᠡᠨ ᠪᠢ ᠥᠪᠡᠷ ᠢᠶᠡᠨ ᠣᠯᠠᠨ ᠦᠵᠡᠭᠳᠡᠯ ᠢ ᠥᠭᠭᠥᠭᠰᠡᠨ ᠡᠰᠢ ᠦᠵᠡᠭᠦᠯᠦᠭᠴᠢᠳ ᠢᠶᠠᠷ ᠳᠠᠮᠵᠢᠭᠤᠯᠤᠨ ᠰᠤᠷᠭᠠᠯᠲᠤ ᠵᠦᠢᠷᠯᠡᠯ ᠤᠳ ᠢ ᠶᠠᠷᠢᠭᠰᠠᠨ᠃
11 ᠬᠠᠷᠢᠨ ᠭᠢᠯᠧᠶᠠᠳ᠋ ᠨᠢᠭᠦᠯ ᠲᠡᠢ ᠪᠢᠰᠢ ᠤᠤ︖ ᠭᠠᠷᠴᠠᠭ᠎ᠠ ᠦᠭᠡᠢ ᠲᠡᠳᠡ ᠬᠣᠭᠣᠰᠣᠨ ᠪᠣᠯᠣᠨ᠎ᠠ ᠲᠡᠳᠡ ᠭᠢᠯᠭᠠᠯ ᠳᠤ ᠪᠤᠬ᠎ᠠ ᠨᠤᠭᠤᠳ ᠢᠶᠠᠷ ᠲᠠᠬᠢᠯ ᠡᠷᠭᠦᠳᠡᠭ ᠪᠢᠰᠢ ᠤᠤ︖ ᠲᠠᠬᠢᠯ ᠤᠨ ᠰᠢᠷᠡᠭᠡ ᠨᠦᠭᠦᠳ ᠨᠢ ᠶᠠᠭ ᠬᠠᠭᠠᠯᠤᠭᠰᠠᠨ ᠲᠠᠷᠢᠶᠠᠨ ᠲᠠᠯᠠᠪᠠᠢ ᠳᠠᠬᠢ ᠴᠢᠯᠠᠭᠤᠨ ᠣᠪᠣᠭ᠎ᠠ ᠮᠡᠲᠦ ᠪᠣᠯᠣᠨ᠎ᠠ᠃
12 ᠶᠠᠺᠣᠪ ᠠᠷᠠᠮ ᠤᠨ ᠨᠤᠲᠤᠭ ᠤᠷᠤᠭᠤ ᠵᠢᠭᠤᠲᠠᠵᠤ ᠢᠰᠷᠧᠯ ᠡᠬᠡᠨᠡᠷ ᠣᠯᠬᠤ ᠪᠠᠷ ᠵᠠᠷᠤᠴᠠᠯᠠᠭᠳᠠᠭᠰᠠᠨ᠂ ᠲᠡᠷᠡ ᠪᠡᠷ ᠡᠬᠡᠨᠡᠷ ᠣᠯᠬᠤ ᠪᠠᠷ ᠬᠣᠨᠢ ᠬᠠᠷᠢᠭᠤᠯᠤᠭᠰᠠᠨ ᠪᠣᠯ
13 ᠶᠣᠬᠣᠸᠠ ᠡᠰᠢ ᠦᠵᠡᠭᠦᠯᠦᠭᠴᠢ ᠪᠠᠷ ᠳᠠᠮᠵᠢᠭᠤᠯᠤᠨ ᠢᠰᠷᠧᠯ ᠢ ᠶᠧᠵᠢᠫᠲ ᠡᠴᠡ ᠭᠠᠷᠭᠠᠭᠰᠠᠨ ᠡᠰᠢ ᠦᠵᠡᠭᠦᠯᠦᠭᠴᠢ ᠪᠠᠷ ᠳᠠᠮᠵᠢᠭᠤᠯᠤᠨ ᠲᠡᠳᠡᠨ ᠢ ᠬᠠᠯᠠᠮᠵᠢᠯᠠᠭᠰᠠᠨ᠃
14 ᠬᠠᠷᠢᠨ ᠡᠹᠷᠠᠢᠮ ᠬᠢᠯᠢᠩ ᠢ ᠨᠢ ᠶᠡᠬᠡ ᠪᠡᠷ ᠬᠥᠳᠡᠯᠭᠡᠭᠰᠡᠨ ᠲᠤᠯᠠ ᠡᠵᠡᠨ ᠲᠡᠭᠦᠨ ᠦ ᠴᠢᠰᠤ ᠤᠷᠤᠰᠬᠠᠭᠰᠠᠨ ᠪᠤᠷᠤᠭᠤ ᠶᠢ ᠥᠪᠡᠷ ᠳᠡᠭᠡᠷ᠎ᠡ ᠨᠢ ᠪᠠᠭᠤᠯᠭᠠᠵᠤ ᠪᠠᠰᠤᠮᠵᠢᠯᠠᠯ ᠢ ᠨᠢ ᠥᠪᠡᠷ ᠲᠤᠨᠢ ᠪᠤᠴᠠᠭᠠᠨ᠎ᠠ᠃