1 2 3 4 5 6 7 8 9 10 11 12 13 14


ᠬᠣᠰᠧᠶ᠎ᠠ ᠳᠥᠷᠪᠡ
 ᠪᠤᠷᠬᠠᠨ ᠤ ᠪᠤᠷᠤᠭᠤᠳᠬᠠᠯ

1 ᠢᠰᠷᠧᠯᠴᠦᠳ ᠡ᠂ ᠶᠣᠬᠣᠸᠠ ᠶᠢᠨ ᠦᠭᠡ ᠶᠢ ᠰᠣᠨᠣᠰ ᠡᠨᠡ ᠨᠤᠲᠤᠭ ᠤᠨ ᠰᠠᠭᠤᠭᠠᠯᠢᠴᠢᠳ ᠢ ᠶᠣᠬᠣᠸᠠ ᠰᠢᠭᠦᠯᠲᠡ ᠳᠦ ᠳᠠᠭᠤᠳᠠᠵᠤ ᠪᠠᠢᠨ᠎ᠠ ᠡᠨᠡ ᠭᠠᠵᠠᠷ ᠲᠤ ᠦᠨᠡᠨ ᠴᠤ᠂ ᠡᠨᠡᠷᠢᠯ ᠴᠤ᠂ ᠪᠤᠷᠬᠠᠨ ᠢ ᠮᠡᠳᠡᠬᠦ ᠮᠡᠳᠡᠯᠭᠡ ᠴᠤ ᠠᠯᠠᠭ᠎ᠠ᠃
2 ᠬᠠᠷᠢᠨ ᠬᠠᠷᠢᠶᠠᠯ᠂ ᠬᠤᠳᠠᠯ᠂ ᠠᠯᠠᠯᠭ᠎ᠠ᠂ ᠬᠤᠯᠠᠭᠠᠢ᠂ ᠵᠠᠪᠬᠠᠢᠷᠠᠯ ᠪᠠᠢᠨ᠎ᠠ ᠬᠣᠷᠢᠭ᠎ᠠ ᠪᠦᠬᠦᠨ ᠢ ᠲᠡᠳᠡ ᠡᠪᠳᠡᠵᠦ᠂ ᠴᠢᠰᠤᠨ ᠳᠡᠭᠡᠷ᠎ᠡ ᠴᠢᠰᠤ ᠤᠷᠤᠰᠬᠠᠨ᠎ᠠ᠃
3 ᠲᠡᠢᠮᠦ ᠡᠴᠡ ᠭᠠᠵᠠᠷ ᠰᠢᠨᠠᠯᠵᠤ ᠰᠠᠭᠤᠭᠠᠯᠢᠴᠢᠳ ᠨᠢ ᠪᠦᠭᠦᠳᠡᠭᠡᠷ ᠴᠤᠴᠠᠵᠤ ᠬᠡᠭᠡᠷ᠎ᠡ ᠶᠢᠨ ᠠᠷᠢᠶᠠᠲᠠᠨ᠂ ᠣᠭᠲᠠᠷᠭᠤᠢ ᠶᠢᠨ ᠰᠢᠪᠠᠭᠤ᠂ ᠳᠠᠯᠠᠢ ᠶᠢᠨ ᠵᠢᠭᠠᠰᠤ ᠰᠥᠨᠥᠵᠦ ᠪᠠᠢᠨ᠎ᠠ᠃

4 ᠬᠡᠨ ᠴᠤ ᠪᠦᠦ ᠵᠠᠭᠠᠯᠳᠤᠭ᠂ ᠬᠡᠨ ᠢ ᠴᠤ ᠪᠦᠦ ᠪᠤᠷᠤᠭᠤᠳᠬᠠᠭ ᠬᠠᠷᠢᠨ ᠡᠨᠡ ᠠᠷᠠᠳ ᠲᠦᠮᠡᠨ ᠲᠠᠬᠢᠯᠴᠢ ᠶᠢ ᠵᠠᠭᠠᠯᠳᠤᠭᠴᠢ ᠰᠢᠭ᠋ ᠪᠠᠢᠨ᠎ᠠ᠃
5 ᠡᠳᠦᠷ ᠢᠶᠡᠷ ᠴᠢ ᠪᠦᠳᠦᠷᠢᠵᠦ ᠰᠥᠨᠢ ᠪᠠᠷ ᠡᠰᠢ ᠦᠵᠡᠭᠦᠯᠦᠭᠴᠢ ᠴᠢᠮ᠎ᠠ ᠲᠠᠢ ᠬᠠᠮᠲᠤ ᠪᠦᠳᠦᠷᠢᠨ᠎ᠡ᠃ ᠡᠬᠡ ᠶᠢ ᠴᠢᠨᠢ ᠪᠢ ᠤᠰᠠᠳᠬᠠᠨ᠎ᠠ᠃
6 ᠮᠢᠨᠦ ᠠᠷᠠᠳ ᠲᠦᠮᠡᠨ ᠮᠡᠳᠡᠯᠭᠡ ᠦᠭᠡᠢ ᠡᠴᠡ ᠪᠣᠯᠵᠤ ᠤᠰᠠᠳᠬᠠᠭᠳᠠᠨ᠎ᠠ ᠴᠢ ᠮᠡᠳᠡᠯᠭᠡ ᠶᠢ ᠦᠯᠦ ᠲᠣᠭᠣᠮᠰᠠᠷᠯᠠᠭᠰᠠᠨ ᠲᠤᠯᠠ ᠪᠢ ᠴᠤ ᠴᠢᠨᠦ ᠲᠠᠬᠢᠯᠴᠢ ᠶᠢᠨ ᠠᠯᠪᠠ ᠶᠢ ᠦᠯᠦ ᠲᠣᠭᠣᠮᠰᠠᠷᠯᠠᠨ᠎ᠠ ᠴᠢ ᠪᠤᠷᠬᠠᠨ ᠤ ᠪᠠᠨ ᠬᠠᠤᠯᠢ ᠶᠢ ᠮᠠᠷᠲᠠᠭᠰᠠᠨ᠂ ᠪᠢ ᠴᠤ ᠬᠡᠦᠬᠡᠳ ᠤᠳ ᠢ ᠴᠢᠨᠢ ᠮᠠᠷᠲᠠᠨ᠎ᠠ
7 ᠣᠯᠠᠰᠢᠷᠠᠬᠤ ᠲᠤᠰᠤᠮ ᠢᠶᠠᠨ ᠮᠢᠨᠦ ᠡᠰᠡᠷᠭᠦ ᠤᠯᠠᠮ ᠶᠡᠬᠡ ᠨᠢᠭᠦᠯ ᠦᠢᠯᠡᠳᠳᠡᠭ ᠲᠤᠯᠠ ᠠᠯᠳᠠᠷ ᠬᠦᠨᠳᠦ ᠶᠢ ᠨᠢ ᠢᠴᠢᠭᠦᠷᠢ ᠪᠠᠷ ᠰᠣᠯᠢᠨ᠎ᠠ᠃
8 ᠲᠡᠳᠡ ᠠᠷᠠᠳ ᠲᠦᠮᠡᠨ ᠦ ᠮᠢᠨᠢ ᠨᠢᠭᠦᠯ ᠢᠶᠡᠷ ᠬᠣᠭᠣᠯᠠᠯᠠᠳᠠᠭ ᠠᠯᠳᠠᠭ᠎ᠠ ᠪᠤᠷᠤᠭᠤ ᠳᠤᠨᠢ ᠳᠤᠷᠠᠲᠠᠢ ᠪᠠᠢᠳᠠᠭ᠃
9 ᠠᠷᠠᠳ ᠲᠦᠮᠡᠨ ᠨᠢ ᠶᠠᠮᠠᠷ ᠪᠠᠢᠪᠠᠯ ᠲᠠᠬᠢᠯᠴᠢᠳ ᠨᠢ ᠲᠡᠢᠮᠦ ᠪᠠᠢᠬᠤ ᠪᠣᠯᠣᠨ᠎ᠠ ᠪᠢ ᠵᠠᠮ ᠮᠥᠷ ᠦᠨ ᠬᠢᠨᠢ ᠶᠣᠰᠣᠭᠠᠷ ᠰᠢᠳᠬᠡᠵᠦ ᠦᠢᠯᠡᠰ ᠦᠨ ᠬᠢᠨᠢ ᠳᠠᠭᠠᠤ ᠲᠡᠳᠡᠨ ᠳᠦ ᠬᠠᠷᠢᠭᠤᠯᠤᠨ᠎ᠠ᠃
10 ᠬᠣᠭᠣᠯᠠᠯᠠᠭᠰᠠᠨ ᠴᠤ ᠲᠡᠳᠡ ᠬᠠᠨᠤᠬᠤ ᠦᠭᠡᠢ ᠵᠠᠪᠬᠠᠢᠷᠠᠭᠰᠠᠨ ᠴᠤ ᠲᠡᠳᠡ ᠣᠯᠠᠰᠢᠷᠠᠬᠤ ᠦᠭᠡᠢ ᠶᠠᠭᠠᠬᠢᠭᠠᠳ ᠭᠡᠪᠡᠯ ᠲᠡᠳᠡ ᠶᠣᠬᠣᠸᠠ ᠶᠢ ᠣᠷᠬᠢᠨ
11 ᠵᠠᠪᠬᠠᠢ ᠶᠢ ᠦᠢᠯᠡᠳᠦᠭᠰᠡᠭᠡᠷ ᠳᠠᠷᠠᠰᠤ ᠬᠢᠭᠡᠳ ᠰᠢᠨ᠎ᠡ ᠳᠠᠷᠠᠰᠤᠨ ᠳᠤ ᠰᠡᠳᠬᠢᠯ ᠢᠶᠠᠨ ᠡᠵᠡᠮᠳᠡᠭᠦᠯᠦᠭᠰᠡᠨ ᠶᠤᠮ᠃
12 ᠠᠷᠠᠳ ᠲᠦᠮᠡᠨ ᠮᠢᠨᠢ ᠮᠣᠳᠣᠨ ᠰᠢᠲᠦᠭᠡᠨ ᠡᠴᠡ ᠪᠡᠨ ᠠᠰᠠᠭᠤᠪᠠᠯ ᠮᠣᠳᠣᠨ ᠰᠢᠳᠠᠮ ᠨᠢ ᠲᠡᠳᠡᠨ ᠳᠦ ᠦᠭᠡ ᠥᠭᠭᠥᠨ᠎ᠡ ᠲᠡᠢᠨ ᠬᠦ ᠵᠠᠪᠬᠠᠢᠷᠠᠯ ᠤᠨ ᠰᠦᠨᠡᠰᠦ ᠲᠥᠭᠡᠷᠢᠭᠦᠯᠦᠭᠰᠡᠨ ᠳᠦ ᠲᠡᠳᠡ ᠪᠤᠷᠬᠠᠨ ᠠᠴᠠ ᠪᠠᠨ ᠰᠠᠯᠵᠤ᠂ ᠵᠠᠪᠬᠠᠢᠷᠠᠵᠠᠢ
13 ᠠᠭᠤᠯᠠ ᠶᠢᠨ ᠣᠷᠣᠢ ᠳᠡᠭᠡᠷ᠎ᠡ ᠲᠠᠬᠢᠯ ᠡᠷᠭᠦᠨ ᠲᠣᠯᠣᠭᠠᠳ ᠳᠡᠭᠡᠷ᠎ᠡ᠂ ᠴᠠᠷᠠᠰᠤ᠂ ᠤᠯᠢᠶᠠᠰᠤ᠂ ᠬᠠᠢᠯᠠᠰᠤ ᠮᠣᠳᠣᠳ ᠤᠨ ᠳᠣᠣᠷ᠎ᠠ᠂ ᠰᠡᠭᠦᠳᠡᠷ ᠰᠠᠢᠲᠠᠢ ᠭᠠᠵᠠᠷ ᠲᠤ ᠤᠲᠤᠯᠭ᠎ᠠ ᠤᠭᠤᠭᠢᠭᠤᠯᠵᠤ ᠪᠠᠢᠨ᠎ᠠ ᠲᠡᠢᠮᠦ ᠡᠴᠡ ᠥᠬᠢᠳ ᠴᠢᠨᠢ ᠶᠠᠩ᠋ᠬᠠᠨ ᠪᠣᠯᠵᠤ᠂ ᠪᠡᠷᠢᠶᠡᠳ ᠴᠢᠨᠢ ᠰᠠᠳᠤᠷᠯᠠᠵᠤ ᠪᠠᠢᠨ᠎ᠠ᠃
14 ᠥᠬᠢᠳ ᠴᠢᠨᠢ ᠶᠠᠩ᠋ᠬᠠᠨ ᠪᠣᠯᠵᠤ᠂ ᠪᠡᠷᠢᠶᠡᠳ ᠴᠢᠨᠢ ᠰᠠᠳᠤᠷᠯᠠᠭᠰᠠᠨ ᠴᠤ ᠪᠢ ᠲᠡᠳᠡᠨ ᠢ ᠰᠢᠳᠬᠡᠬᠦ ᠦᠭᠡᠢ ᠤᠴᠢᠷ ᠨᠢ ᠡᠷᠡᠴᠦᠳ ᠥᠪᠡᠷᠰᠡᠳ ᠢᠶᠡᠨ ᠶᠠᠩ᠋ᠬᠠᠨ ᠨᠤᠭᠤᠳ ᠲᠠᠢ ᠢᠨᠠᠭᠰᠢᠨ ᠰᠦᠮ᠎ᠡ ᠶᠢᠨ ᠶᠠᠩ᠋ᠬᠠᠨ ᠨᠤᠭᠤᠳ ᠲᠠᠢ ᠬᠠᠮᠲᠤ ᠲᠠᠬᠢᠯ ᠡᠷᠭᠦᠳᠡᠭ ᠢᠩᠭᠢᠭᠡᠳ ᠤᠬᠠᠭᠠᠨ ᠦᠭᠡᠢ ᠠᠷᠠᠳ ᠲᠦᠮᠡᠨ ᠲᠠᠯᠬᠢᠳᠠᠭᠳᠠᠨ᠎ᠠ᠃

15 ᠢᠰᠷᠧᠯ ᠡ᠂ ᠴᠢ ᠵᠠᠪᠬᠠᠢᠷᠠᠭᠰᠠᠨ ᠪᠠᠢᠨ᠎ᠠ᠂ ᠬᠠᠷᠢᠨ ᠶᠦᠳᠠ ᠪᠤᠷᠤᠭᠤᠳᠠᠬᠤ ᠦᠭᠡᠢ ᠪᠠᠢᠭ ᠲᠠ ᠨᠠᠷ ᠭᠢᠯᠭᠠᠯ ᠤᠷᠤᠭᠤ ᠪᠦᠦ ᠣᠴᠢ᠂ ᠪᠧᠲ ᠠᠸᠧᠨ ᠤᠷᠤᠭᠤ ᠪᠦᠦ ᠶᠠᠪᠤ 《ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ》 ᠬᠡᠮᠡᠨ ᠪᠦᠦ ᠲᠠᠩ᠋ᠭᠠᠷᠢᠭᠯᠠ
16 ᠵᠥᠷᠢᠭᠦᠳ ᠢᠰᠷᠧᠯ ᠵᠥᠷᠢᠭᠦᠳ ᠪᠢᠷᠠᠭᠤ ᠮᠡᠲᠦ ᠶᠣᠬᠣᠸᠠ ᠲᠡᠳᠡᠨ ᠢ ᠶᠠᠭᠠᠬᠢᠨ ᠪᠡᠯᠴᠢᠭᠡᠷ ᠳᠠᠬᠢ ᠬᠤᠷᠠᠭ᠎ᠠ ᠰᠢᠭ᠋ ᠬᠠᠷᠢᠭᠤᠯᠬᠤ ᠪᠢᠯᠡ︖
17 ᠡᠹᠷᠠᠢᠮ ᠨᠢ ᠰᠢᠲᠦᠭᠡᠨ ᠨᠦᠭᠦᠳ ᠲᠡᠢ ᠨᠡᠢᠯᠡᠪᠡ ᠲᠡᠭᠦᠨ ᠢ ᠴᠢᠭ ᠢᠶᠠᠷ ᠨᠢ ᠣᠷᠬᠢ
18 ᠠᠷᠢᠬᠢᠳᠠᠵᠤ ᠳᠠᠭᠤᠰᠪᠠᠯ ᠲᠡᠳᠡ ᠵᠠᠪᠬᠠᠢᠷᠠᠳᠠᠭ ᠲᠡᠳᠡ ᠢᠴᠢᠭᠦᠷᠢ ᠶᠢ ᠬᠠᠢᠷᠠᠯᠠᠨ ᠬᠠᠢᠷᠠᠯᠠᠳᠠᠭ
19 ᠬᠤᠢ ᠰᠠᠯᠬᠢ ᠲᠡᠳᠡᠨ ᠢ ᠬᠤᠮᠢᠨ ᠠᠪᠠᠴᠢᠬᠤ ᠳᠤ ᠲᠠᠬᠢᠯ ᠤᠳ ᠠᠴᠠ ᠪᠠᠨ ᠲᠡᠳᠡ ᠢᠴᠢᠬᠦ ᠪᠣᠯᠣᠨ᠎ᠠ᠃