ᠰᠢᠭᠦᠭᠴᠢᠳ ᠭᠤᠷᠪᠠ
ᠶᠣᠬᠣᠸᠠ ᠢᠰᠷᠧᠯ ᠢ ᠰᠣᠷᠢᠪᠠ
1 ᠺᠠᠨᠠᠨ ᠳᠤ ᠪᠣᠯᠣᠭᠰᠠᠨ ᠠᠯᠢᠪᠠ ᠳᠠᠢᠨ ᠳᠠᠵᠢᠨ ᠢ ᠥᠩᠭᠡᠷᠡᠭᠦᠯᠦᠭᠡ ᠦᠭᠡᠢ ᠢᠰᠷᠧᠯ ᠬᠥᠮᠦᠨ ᠪᠦᠷᠢ ᠶᠢ ᠰᠣᠷᠢᠬᠤ ᠶᠢᠨ ᠲᠥᠯᠥᠭᠡ ᠶᠣᠬᠣᠸᠠ ᠦᠨᠳᠦᠰᠦᠲᠡᠨ ᠨᠦᠭᠦᠳ ᠢ ᠦᠯᠡᠳᠡᠭᠡᠪᠡ᠃ 2 ᠡᠨᠡ ᠨᠢ ᠵᠥᠪᠬᠡᠨ ᠳᠠᠢᠨ ᠢ ᠥᠩᠭᠡᠷᠡᠭᠦᠯᠦᠭᠡ ᠦᠭᠡᠢ ᠢᠰᠷᠧᠯᠴᠦᠳ ᠦᠨ ᠦᠷ᠎ᠡ ᠤᠳᠤᠮ ᠲᠤ ᠳᠠᠢᠨ ᠳᠠᠵᠢᠨ ᠢ ᠰᠤᠷᠭᠠᠬᠤ ᠶᠢᠨ ᠲᠤᠯᠠᠳᠠ ᠶᠤᠮ᠃ 3 ᠲᠡᠳᠡᠭᠡᠷ ᠦᠨᠳᠦᠰᠦᠲᠡᠨ ᠭᠡᠪᠡᠯ᠂ ᠹᠢᠯᠢᠰᠲ᠋ᠴᠦᠳ ᠦᠨ ᠲᠠᠪᠤᠨ ᠨᠣᠶᠠᠨ᠂ ᠪᠦᠬᠦ ᠺᠠᠨᠠᠨ᠂ ᠰᠢᠢᠳᠣᠨᠴᠤᠳ ᠪᠣᠯᠣᠨ ᠾᠢᠸᠢᠴᠦᠳ ᠪᠢᠯᠡ᠃ ᠲᠡᠳᠡ ᠪᠠᠯ ᠾᠧᠷᠮᠣᠨ ᠤ ᠠᠭᠤᠯᠠ ᠠᠴᠠ ᠯᠧᠪᠣᠬᠠᠮᠠᠲ ᠬᠦᠷᠲᠡᠯᠡᠬᠢ ᠯᠧᠪᠠᠨᠣᠨ ᠤ ᠠᠭᠤᠯᠠᠨ ᠳᠤ ᠨᠤᠲᠤᠭᠯᠠᠵᠤ ᠪᠠᠢᠯ᠎ᠠ᠃ 4 ᠶᠣᠬᠣᠸᠠ ᠲᠡᠳᠡ ᠨᠠᠷ ᠢ ᠦᠯᠡᠳᠡᠭᠡᠭᠰᠡᠨ ᠨᠢ ᠢᠰᠷᠧᠯ ᠢ ᠰᠣᠷᠢᠵᠤ᠂ ᠮᠣᠰᠧ ᠪᠠᠷ ᠳᠠᠮᠵᠢᠭᠤᠯᠤᠨ ᠡᠴᠢᠭᠡ ᠡᠪᠦᠭᠡᠳ ᠲᠤᠨᠢ ᠲᠤᠰᠢᠶᠠᠭᠰᠠᠨ ᠲᠤᠰᠢᠶᠠᠯ ᠤᠳ ᠢ ᠨᠢ ᠳᠠᠭᠠᠬᠤ ᠡᠰᠡᠬᠦ ᠶᠢ ᠦᠵᠡᠬᠦ ᠶᠢᠨ ᠲᠤᠯᠠᠳᠠ ᠶᠤᠮ᠃ 5 ᠢᠰᠷᠧᠯᠴᠦᠳ ᠬᠣᠵᠢᠮ ᠨᠢ ᠺᠠᠨᠠᠨᠴᠤᠳ᠂ ᠾᠢᠲ᠋ᠴᠦᠳ᠂ ᠠᠮᠣᠷᠢᠴᠤᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠦᠨ ᠳᠤᠮᠳᠠ ᠰᠠᠭᠤᠷᠢᠰᠢᠵᠤ᠂ 6 ᠲᠡᠳᠡᠨ ᠦ ᠥᠬᠢᠳ ᠢ ᠡᠬᠡᠨᠡᠷ ᠪᠣᠯᠭᠠᠨ ᠠᠪᠴᠤ᠂ ᠥᠬᠢᠳ ᠢᠶᠠᠨ ᠬᠥᠪᠡᠭᠦᠳ ᠲᠤᠨᠢ ᠥᠭᠴᠦ᠂ ᠲᠡᠳᠡᠨ ᠦ ᠪᠤᠷᠬᠠᠳ ᠲᠤ ᠦᠢᠯᠡᠴᠢᠯᠡᠳᠡᠭ᠌ ᠪᠣᠯᠣᠭᠰᠠᠨ ᠪᠠᠢᠨ᠎ᠠ᠃
ᠠᠩ᠋ᠬᠠᠨ ᠤ ᠰᠢᠭᠦᠭᠴᠢ ᠣᠲ᠋ᠨᠢᠶᠧᠯ
7 ᠢᠰᠷᠧᠯᠴᠦᠳ ᠶᠣᠬᠣᠸᠠ ᠶᠢᠨ ᠮᠡᠯᠮᠡᠢ ᠶᠢᠨ ᠡᠮᠦᠨ᠎ᠡ ᠮᠠᠭᠤ ᠶᠢ ᠦᠢᠯᠡᠳᠴᠦ᠂ ᠥᠪᠡᠷᠰᠡᠳ ᠦᠨ ᠪᠤᠷᠬᠠᠨ ᠶᠣᠬᠣᠸᠠ ᠶᠢ ᠤᠮᠠᠷᠲᠠᠨ᠂ ᠪᠠᠯ ᠪᠣᠯᠣᠨ ᠠᠱᠧᠷᠠ ᠶᠢᠨ ᠰᠢᠲᠦᠭᠡᠨ ᠨᠦᠭᠦᠳ ᠲᠦ ᠮᠥᠷᠭᠥᠪᠡ᠃ 8 ᠶᠣᠬᠣᠸᠠ ᠢᠰᠷᠧᠯ ᠳᠤ ᠠᠭᠤᠷᠯᠠᠨ ᠲᠡᠳᠡᠨ ᠢ ᠠᠷᠠᠮ ᠨᠠᠬᠠᠷᠠᠢᠮ 5 ᠤᠨ ᠬᠠᠭᠠᠨ ᠺᠦᠱᠠᠨ ᠷᠢᠱᠠᠲ᠋ᠠᠢᠮ ᠤᠨ ᠭᠠᠷ ᠲᠤ ᠣᠷᠣᠭᠤᠯᠬᠤ ᠳᠤ᠂ ᠢᠰᠷᠧᠯᠴᠦᠳ ᠺᠦᠱᠠᠨ ᠷᠢᠱᠠᠲ᠋ᠠᠢᠮ ᠳᠤ ᠨᠠᠢ᠌ᠮᠠᠨ ᠵᠢᠯ ᠵᠠᠷᠤᠴᠠᠯᠠᠭᠳᠠᠪᠠ᠃ 9 ᠢᠰᠷᠧᠯᠴᠦᠳ ᠶᠣᠬᠣᠸᠠ ᠤᠷᠤᠭᠤ ᠬᠠᠰᠬᠢᠷᠤᠭᠰᠠᠨ ᠳᠤ᠂ ᠶᠣᠬᠣᠸᠠ ᠢᠰᠷᠧᠯᠴᠦᠳ ᠦᠨ ᠲᠥᠯᠥᠭᠡ ᠨᠢᠭᠡᠨ ᠠᠪᠤᠷᠠᠭᠴᠢ ᠶᠢ ᠪᠣᠰᠬᠠᠵᠤ᠂ ᠲᠡᠳᠡᠨ ᠢ ᠠᠪᠤᠷᠠᠭᠤᠯᠪᠠ᠃ ᠲᠡᠷᠡ ᠪᠣᠯ ᠺᠠᠯᠧᠪ ᠤᠨ ᠳᠡᠭᠦᠦ ᠺᠧᠨᠠᠽ ᠤᠨ ᠬᠥᠪᠡᠭᠦᠨ ᠣᠲ᠋ᠨᠢᠶᠧᠯ ᠪᠢᠯᠡ᠃ 10 ᠶᠣᠬᠣᠸᠠ ᠶᠢᠨ ᠰᠦᠨᠡᠰᠦ ᠲᠡᠭᠦᠨ ᠳᠡᠭᠡᠷ᠎ᠡ ᠪᠠᠭᠤᠭᠰᠠᠨ ᠳᠤ᠂ ᠲᠡᠷᠡ ᠢᠰᠷᠧᠯ ᠤᠨ ᠰᠢᠭᠦᠭᠴᠢ ᠪᠣᠯᠣᠭᠠᠳ ᠳᠠᠢᠨ ᠳᠤ ᠮᠣᠷᠳᠠᠪᠠ᠃ ᠶᠣᠬᠣᠸᠠ ᠠᠷᠠᠮ ᠤᠨ ᠬᠠᠭᠠᠨ ᠺᠦᠱᠠᠨ ᠷᠢᠱᠠᠲ᠋ᠠᠢᠮ ᠢ ᠲᠡᠭᠦᠨ ᠦ ᠭᠠᠷ ᠲᠤ ᠲᠤᠰᠢᠶᠠᠭᠰᠠᠨ ᠳᠤ᠂ ᠣᠲ᠋ᠨᠢᠶᠧᠯ ᠤᠨ ᠭᠠᠷ ᠺᠦᠱᠠᠨ ᠷᠢᠱᠠᠲ᠋ᠠᠢᠮ ᠢ ᠳᠠᠷᠤᠪᠠ᠃ 11 ᠡᠢᠨ ᠬᠦ ᠲᠡᠷᠡ ᠨᠤᠲᠤᠭ ᠺᠧᠨᠠᠽ ᠤᠨ ᠬᠥᠪᠡᠭᠦᠨ ᠣᠲ᠋ᠨᠢᠶᠧᠯ ᠥᠭᠡᠳᠡ ᠪᠣᠯᠲᠠᠯ᠎ᠠ ᠳᠥᠴᠢᠨ ᠵᠢᠯ ᠠᠮᠤᠷ ᠲᠠᠢᠪᠤᠩ ᠪᠠᠢᠵᠠᠢ᠃
ᠰᠢᠭᠦᠭᠴᠢ ᠶᠧᠾᠦ᠋ᠳ᠋
12 ᠢᠰᠷᠧᠯᠴᠦᠳ ᠳᠠᠬᠢᠨ ᠶᠣᠬᠣᠸᠠ ᠶᠢᠨ ᠮᠡᠯᠮᠡᠢ ᠶᠢᠨ ᠡᠮᠦᠨ᠎ᠡ ᠮᠠᠭᠤ ᠶᠢ ᠦᠢᠯᠡᠳᠦᠭᠰᠡᠨ ᠢᠶᠡᠷ᠂ ᠶᠣᠬᠣᠸᠠ ᠮᠣᠶᠠᠪ ᠤᠨ ᠬᠠᠭᠠᠨ ᠡᠭᠯᠣᠨ ᠢ ᠢᠰᠷᠧᠯ ᠡᠴᠡ ᠬᠦᠴᠦᠷᠬᠡᠭ ᠪᠣᠯᠭᠠᠪᠠ᠃ ᠤᠴᠢᠷ ᠨᠢ ᠢᠰᠷᠧᠯᠴᠦᠳ ᠶᠣᠬᠣᠸᠠ ᠶᠢᠨ ᠮᠡᠯᠮᠡᠢ ᠶᠢᠨ ᠡᠮᠦᠨ᠎ᠡ ᠮᠠᠭᠤ ᠶᠢ ᠦᠢᠯᠡᠳᠴᠡᠢ᠃ 13 ᠡᠭᠯᠣᠨ ᠠᠮᠣᠨᠴᠤᠳ ᠪᠣᠯᠣᠨ ᠠᠮᠠᠯᠧᠺᠴᠤᠳ ᠢ ᠴᠤ ᠴᠤᠭᠯᠠᠭᠤᠯᠤᠭᠠᠳ᠂ ᠢᠰᠷᠧᠯ ᠢ ᠴᠣᠬᠢᠨ᠂ ᠳᠠᠯᠳᠠᠤ ᠮᠣᠳᠣᠨ ᠤ ᠬᠣᠲᠠ ᠶᠢ ᠡᠵᠡᠯᠡᠨ ᠠᠪᠤᠪᠠ᠃ 14 ᠢᠩᠭᠢᠭᠡᠳ ᠢᠰᠷᠧᠯᠴᠦᠳ ᠮᠣᠶᠠᠪ ᠤᠨ ᠬᠠᠭᠠᠨ ᠡᠭᠯᠣᠨ ᠳᠤ ᠠᠷᠪᠠᠨ ᠨᠠᠢ᠌ᠮᠠᠨ ᠵᠢᠯ ᠵᠠᠷᠤᠴᠠᠯᠠᠭᠳᠠᠵᠠᠢ᠃
15 ᠢᠰᠷᠧᠯᠴᠦᠳ ᠶᠣᠬᠣᠸᠠ ᠤᠷᠤᠭᠤ ᠬᠠᠰᠬᠢᠷᠤᠭᠰᠠᠨ ᠳᠤ᠂ ᠶᠣᠬᠣᠸᠠ ᠲᠡᠳᠡᠨ ᠦ ᠲᠥᠯᠥᠭᠡ ᠨᠢᠭᠡᠨ ᠠᠪᠤᠷᠠᠭᠴᠢ ᠶᠢ ᠪᠣᠰᠬᠠᠵᠠᠢ᠃ ᠲᠡᠷᠡ ᠨᠢ ᠪᠢᠨᠶᠠᠮᠢᠨ ᠬᠥᠮᠦᠨ ᠭᠧᠷᠠ ᠶᠢᠨ ᠬᠥᠪᠡᠭᠦᠨ ᠰᠣᠯᠣᠭᠠᠢ ᠭᠠᠷᠲᠤ ᠶᠧᠾᠦ᠋ᠳ᠋ ᠪᠠᠢᠪᠠ᠃ ᠢᠰᠷᠧᠯᠴᠦᠳ ᠮᠣᠶᠠᠪ ᠤᠨ ᠬᠠᠭᠠᠨ ᠡᠭᠯᠣᠨ ᠳᠤ ᠲᠤᠰᠢᠶᠠᠬᠤ ᠠᠯᠪᠠ ᠭᠤᠪᠴᠢᠭᠤᠷ ᠢᠶᠠᠨ ᠲᠡᠭᠦᠨ ᠢᠶᠡᠷ ᠢᠯᠡᠭᠡᠪᠡ᠃ 16 ᠶᠧᠾᠦ᠋ᠳ᠋ ᠥᠪᠡᠷ ᠢᠶᠡᠨ ᠨᠢᠭᠡ ᠲᠣᠬᠣᠢ ᠤᠷᠲᠤ᠂ ᠬᠣᠶᠠᠷ ᠲᠠᠯ᠎ᠠ ᠳᠠᠭᠠᠨ ᠢᠷ ᠲᠠᠢ ᠢᠯᠳᠦ ᠬᠢᠵᠦ᠂ ᠪᠠᠷᠠᠭᠤᠨ ᠲᠠᠰᠢᠶᠠᠨ ᠳᠠᠭᠠᠨ ᠪᠡᠬᠢᠯᠡᠨ ᠬᠤᠪᠴᠠᠰᠤ ᠪᠠᠷ ᠢᠶᠠᠨ ᠬᠠᠯᠬᠠᠯᠠᠭᠠᠳ 17 ᠮᠣᠶᠠᠪ ᠤᠨ ᠬᠠᠭᠠᠨ ᠡᠭᠯᠣᠨ ᠳᠤ ᠣᠴᠢᠵᠤ ᠠᠯᠪᠠ ᠭᠤᠪᠴᠢᠭᠤᠷ ᠢᠶᠠᠨ ᠲᠤᠰᠢᠶᠠᠪᠠ᠃ ᠡᠭᠯᠣᠨ ᠮᠠᠰᠢ ᠲᠠᠷᠭᠤᠨ ᠬᠥᠮᠦᠨ ᠪᠠᠢᠵᠠᠢ᠃ 18 ᠠᠯᠪᠠ ᠭᠤᠪᠴᠢᠭᠤᠷ ᠢᠶᠠᠨ ᠲᠤᠰᠢᠶᠠᠭᠰᠠᠨ ᠤ ᠪᠠᠨ ᠳᠠᠷᠠᠭ᠎ᠠ᠂ ᠶᠧᠾᠦ᠋ᠳ᠋ ᠲᠡᠭᠦᠨ ᠢ ᠨᠢ ᠵᠥᠭᠡᠭᠡᠵᠦ ᠠᠪᠴᠢᠷᠠᠭᠰᠠᠨ ᠬᠥᠮᠦᠰ ᠢ ᠪᠤᠴᠠᠭᠠᠪᠠ᠃ 19 ᠬᠠᠷᠢᠨ ᠲᠡᠷᠡ ᠥᠪᠡᠷ ᠢᠶᠡᠨ ᠭᠢᠯᠭᠠᠯ ᠤᠨ ᠬᠠᠵᠠᠭᠤ ᠳᠠᠬᠢ ᠰᠡᠢᠯᠦᠮᠡᠯ ᠰᠢᠲᠦᠭᠡᠨ ᠦ ᠭᠠᠵᠠᠷ ᠠᠴᠠ ᠪᠤᠴᠠᠵᠤ ᠡᠭᠯᠣᠨ ᠳᠤ ᠢᠷᠡᠭᠡᠳ᠄ 《ᠬᠠᠭᠠᠨᠲᠠᠨ᠂ ᠲᠠᠨ ᠳᠤ ᠨᠢᠭᠤᠴᠠ ᠪᠠᠷ ᠳᠤᠭᠤᠯᠭᠠᠬᠤ ᠦᠭᠡ ᠨᠠᠳᠠ ᠳᠤ ᠪᠠᠢᠨ᠎ᠠ》 ᠭᠡᠵᠡᠢ᠃ ᠬᠠᠭᠠᠨ᠄ 《ᠴᠢᠮᠡᠭᠡ ᠦᠭᠡᠢ》 ᠭᠡᠰᠡᠨ ᠢᠶᠡᠨ᠂ ᠳᠡᠷᠭᠡᠳᠡ ᠪᠡᠨ ᠪᠠᠢᠭᠰᠠᠨ ᠪᠦᠬᠦ ᠲᠦᠰᠢᠮᠡᠯ ᠢᠶᠡᠨ ᠭᠠᠷᠭᠠᠪᠠ᠃ 20 ᠶᠧᠾᠦ᠋ᠳ᠋ ᠲᠡᠭᠦᠨ ᠦ ᠳᠡᠷᠭᠡᠳᠡ ᠢᠷᠡᠬᠦ ᠳᠦ᠂ ᠲᠡᠷᠡ ᠳᠡᠭᠡᠪᠦᠷ ᠲᠦ ᠭᠠᠷᠭᠠᠭᠰᠠᠨ ᠰᠡᠷᠢᠭᠦᠭᠡᠨ ᠥᠷᠥᠭᠡᠨ ᠳᠡᠭᠡᠨ ᠭᠠᠭᠴᠠᠭᠠᠷ ᠰᠠᠭᠤᠵᠤ ᠪᠠᠢᠯ᠎ᠠ᠃ ᠶᠧᠾᠦ᠋ᠳ᠋᠄ 《ᠲᠠᠨ ᠳᠤ ᠳᠠᠮᠵᠢᠭᠤᠯᠬᠤ ᠪᠤᠷᠬᠠᠨ ᠤ ᠦᠭᠡ ᠨᠠᠳᠠ ᠳᠤ ᠪᠠᠢᠨ᠎ᠠ》 ᠭᠡᠬᠦ ᠳᠦ᠂ ᠬᠠᠭᠠᠨ ᠰᠠᠭᠤᠳᠠᠯ ᠠᠴᠠ ᠪᠠᠨ ᠥᠨᠳᠡᠢᠪᠡ᠃ 21 ᠶᠧᠾᠦ᠋ᠳ᠋ ᠵᠡᠭᠦᠨ ᠭᠠᠷ ᠢᠶᠠᠨ ᠰᠤᠩ᠋ᠭᠠᠵᠤ᠂ ᠪᠠᠷᠠᠭᠤᠨ ᠲᠠᠰᠢᠶᠠᠨ ᠠᠴᠠ ᠪᠠᠨ ᠢᠯᠳᠦ ᠪᠡᠨ ᠰᠤᠭᠤᠯᠤᠨ ᠬᠠᠭᠠᠨ ᠤ ᠬᠡᠪᠡᠯᠢ ᠳᠤ ᠳᠦᠷᠦᠬᠦ ᠳᠦ᠂ 22 ᠪᠠᠷᠢᠭᠤᠯ ᠨᠢ ᠬᠦᠷᠲᠡᠯ᠎ᠡ ᠢᠷ ᠲᠠᠢ ᠪᠠᠨ ᠬᠠᠮᠲᠤ ᠣᠷᠣᠵᠤ᠂ ᠬᠠᠷᠪᠢᠩ ᠨᠢ ᠢᠷ ᠢ ᠨᠢ ᠬᠤᠴᠢᠪᠠ᠃ ᠢᠯᠳᠦ ᠪᠡᠨ ᠰᠤᠭᠤᠯᠵᠤ ᠠᠪᠤᠭ᠎ᠠ ᠦᠭᠡᠢ ᠣᠷᠬᠢᠭᠰᠠᠨ ᠳᠤ᠂ ᠬᠠᠭᠠᠨ ᠤ ᠬᠡᠪᠡᠯᠢ ᠳᠣᠲᠣᠷᠠᠬᠢ ᠨᠢ ᠭᠠᠷᠴᠤ ᠢᠷᠡᠵᠡᠢ᠃ 23 ᠶᠧᠾᠦ᠋ᠳ᠋ ᠬᠠᠭᠠᠨ ᠤ ᠪᠠᠢᠭ᠎ᠠ ᠳᠡᠭᠡᠪᠦᠷ ᠦᠨ ᠥᠷᠥᠭᠡᠨ ᠦ ᠬᠠᠭᠠᠯᠭ᠎ᠠ ᠨᠤᠭᠤᠳ ᠢ ᠬᠠᠭᠠᠵᠤ ᠲᠦᠭᠵᠢᠭᠡᠳ ᠬᠣᠩᠭᠢᠯ 6 ᠡᠴᠡ ᠭᠠᠷᠴᠤ ᠶᠠᠪᠤᠵᠠᠢ᠃
24 ᠶᠧᠾᠦ᠋ᠳ᠋ ᠭᠠᠷᠤᠭᠰᠠᠨ ᠤ ᠳᠠᠷᠠᠭ᠎ᠠ᠂ ᠬᠠᠭᠠᠨ ᠤ ᠲᠦᠰᠢᠮᠡᠳ ᠢᠷᠡᠭᠡᠳ ᠬᠠᠷᠠᠬᠤ ᠳᠤ᠂ ᠳᠡᠭᠡᠪᠦᠷ ᠦᠨ ᠥᠷᠥᠭᠡᠨ ᠦ ᠬᠠᠭᠠᠯᠭ᠎ᠠ ᠨᠤᠭᠤᠳ ᠲᠦᠭᠵᠢᠶ᠎ᠡ ᠲᠠᠢ ᠪᠠᠢᠯ᠎ᠠ︕ ᠡᠢᠮᠦ ᠡᠴᠡ ᠲᠡᠳᠡ᠄ 《ᠬᠠᠭᠠᠨᠲᠠᠨ ᠯᠠᠪ ᠰᠡᠷᠢᠭᠦᠨ ᠥᠷᠥᠭᠡᠨ ᠳᠡᠭᠡᠨ ᠪᠡᠶ᠎ᠡ ᠵᠠᠰᠠᠵᠤ ᠪᠠᠢᠭ᠎ᠠ ᠪᠠᠢᠬ᠎ᠠ》 ᠭᠡᠵᠦ ᠪᠣᠳᠣᠵᠠᠢ᠃ 25 ᠲᠡᠳᠡ ᠲᠡᠰᠬᠦ ᠠᠯᠳᠠᠷᠠᠲᠠᠯᠠ ᠬᠦᠯᠢᠶᠡᠭᠰᠡᠭᠡᠷ ᠪᠠᠢᠭᠰᠠᠨ ᠪᠣᠯᠪᠠᠴᠤ ᠳᠡᠭᠡᠪᠦᠷ ᠦᠨ ᠬᠠᠭᠠᠯᠭ᠎ᠠ ᠨᠤᠭᠤᠳ ᠣᠩ᠋ᠭᠣᠢᠭᠰᠠᠨ ᠦᠭᠡᠢ︕ ᠲᠡᠳᠡ ᠲᠦᠯᠬᠢᠭᠦᠷ ᠠᠪᠴᠤ ᠨᠡᠭᠡᠭᠡᠳ ᠦᠵᠡᠬᠦ ᠳᠦ᠂ ᠡᠵᠡᠨ ᠨᠢ ᠱᠠᠯᠠ ᠳᠡᠭᠡᠷ᠎ᠡ ᠤᠨᠠᠵᠤ᠂ ᠦᠬᠦᠴᠢᠬᠡᠭᠰᠡᠨ ᠪᠠᠢᠪᠠ︕
26 ᠲᠡᠳᠡ ᠨᠠᠷ ᠢ ᠤᠳᠠᠭᠠᠰᠢᠷᠠᠵᠤ ᠪᠠᠢᠬᠤ ᠬᠣᠭᠣᠷᠣᠨᠳᠣ ᠶᠧᠾᠦ᠋ᠳ᠋ ᠰᠡᠢᠯᠦᠮᠡᠯ ᠰᠢᠲᠦᠭᠡᠨ ᠦ ᠭᠠᠵᠠᠷ ᠢ ᠥᠩᠭᠡᠷᠡᠨ᠂ ᠰᠧᠷᠠ ᠤᠷᠤᠭᠤ ᠵᠢᠭᠤᠲᠠᠴᠢᠬᠠᠭᠰᠠᠨ ᠪᠠᠢᠯ᠎ᠠ᠃ 27 ᠶᠧᠾᠦ᠋ᠳ᠋ ᠡᠹᠷᠠᠢᠮ ᠤᠨ ᠠᠭᠤᠯᠠᠷᠬᠠᠭ ᠨᠤᠲᠤᠭ ᠲᠤ ᠬᠦᠷᠴᠦ ᠪᠦᠷᠢᠶ᠎ᠡ ᠦᠯᠢᠶᠡᠭᠰᠡᠨ ᠳᠦ᠂ ᠢᠰᠷᠧᠯᠴᠦᠳ ᠲᠡᠭᠦᠨ ᠲᠡᠢ ᠬᠠᠮᠲᠤ ᠠᠭᠤᠯᠠᠨ ᠠᠴᠠ ᠪᠠᠭᠤᠵᠤ ᠢᠷᠡᠵᠡᠭᠡᠪᠡ᠂ ᠬᠣᠰᠢᠭᠤᠴᠢ ᠨᠢ ᠶᠧᠾᠦ᠋ᠳ᠋ ᠪᠠᠢᠯ᠎ᠠ᠃ 28 《ᠨᠠᠮᠠᠶᠢ ᠳᠠᠭ᠎ᠠ᠂ ᠶᠣᠬᠣᠸᠠ ᠲᠠᠨ ᠤ ᠳᠠᠢᠰᠤᠨ ᠮᠣᠶᠠᠪᠴᠤᠳ ᠢ ᠭᠠᠷ ᠲᠤ ᠴᠢᠨᠢ ᠲᠤᠰᠢᠶᠠᠭᠰᠠᠨ》 ᠭᠡᠬᠦ ᠳᠦ᠂ ᠲᠡᠳᠡ ᠲᠡᠭᠦᠨ ᠢ ᠳᠠᠭᠠᠨ ᠳᠣᠭᠣᠭᠰᠢ ᠪᠠᠨ ᠶᠠᠪᠤᠵᠤ᠂ ᠮᠣᠶᠠᠪ ᠤᠨ ᠥᠩᠭᠡᠷᠡᠳᠡᠭ ᠶᠣᠷᠳᠠᠨ ᠤ ᠣᠯᠣᠮ ᠢ ᠡᠵᠡᠯᠡᠨ ᠠᠪᠴᠤ᠂ ᠬᠡᠨ ᠢ ᠴᠤ ᠭᠠᠲᠤᠯᠤᠭᠤᠯᠤᠭᠰᠠᠨ ᠦᠭᠡᠢ᠃ 29 ᠲᠡᠷᠡ ᠦᠶ᠎ᠡ ᠳᠦ ᠲᠡᠳᠡ ᠪᠢᠷ᠎ᠠ ᠴᠢᠳᠠᠯ ᠲᠠᠢ ᠲᠦᠮᠡ ᠣᠷᠴᠢᠮ ᠮᠣᠶᠠᠪᠴᠤᠳ ᠢ ᠪᠤᠲᠠ ᠴᠣᠬᠢᠪᠠ᠂ ᠲᠡᠳᠡᠨ ᠡᠴᠡ ᠭᠠᠭᠴᠠ ᠨᠢ ᠴᠤ ᠵᠢᠭᠤᠲᠠᠵᠤ ᠴᠢᠳᠠᠭᠰᠠᠨ ᠦᠭᠡᠢ᠃ 30 ᠲᠡᠷᠡ ᠡᠳᠦᠷ ᠮᠣᠶᠠᠪ ᠢᠰᠷᠧᠯ ᠤᠨ ᠡᠷᠬᠡᠨ ᠳᠦ ᠣᠷᠣᠭᠠᠳ ᠲᠡᠷᠡ ᠭᠠᠵᠠᠷ ᠨᠤᠲᠤᠭ ᠨᠠᠶᠠᠨ ᠵᠢᠯ ᠠᠮᠤᠷ ᠲᠠᠢᠪᠤᠩ ᠪᠠᠢᠵᠠᠢ᠃
ᠰᠢᠭᠦᠭᠴᠢ ᠱᠠᠮᠭᠠᠷ
31 ᠶᠧᠾᠦ᠋ᠳ᠋ ᠤᠨ ᠳᠠᠷᠠᠭ᠎ᠠ ᠠᠨᠠᠲ ᠤᠨ ᠬᠥᠪᠡᠭᠦᠨ ᠱᠠᠮᠭᠠᠷ ᠰᠢᠭᠦᠭᠴᠢ ᠪᠣᠯᠪᠠ᠃ ᠲᠡᠷᠡ ᠦᠬᠡᠷ ᠦᠨ ᠰᠢᠯᠪᠢᠭᠦᠷ ᠢᠶᠡᠷ ᠵᠢᠷᠭᠤᠭᠠᠨ ᠵᠠᠭᠤᠨ ᠹᠢᠯᠢᠰᠲ ᠬᠥᠮᠦᠨ ᠢ ᠠᠯᠠᠭᠰᠠᠨ ᠶᠤᠮ᠃ ᠲᠡᠷᠡ ᠴᠤ ᠢᠰᠷᠧᠯ ᠢ ᠠᠪᠤᠷᠠᠭᠰᠠᠨ ᠪᠢᠯᠡ᠃