1 2 3 4 5 6 7 8 9 10 11 12 13 14 15 16 17 18 19 20 21


ᠰᠢᠭᠦᠭᠴᠢᠳ ᠬᠣᠶᠠᠷ
 ᠨᠢᠭᠦᠯ ᠪᠠ ᠰᠢᠳᠬᠡᠯ

1 ᠶᠣᠬᠣᠸᠠ ᠶᠢᠨ ᠲᠩᠷᠢ ᠡᠯᠴᠢ ᠭᠢᠯᠭᠠᠯ ᠠᠴᠠ ᠪᠣᠺᠢᠮ ᠳᠤ ᠢᠷᠡᠵᠦ᠄ 《ᠪᠢ ᠲᠠ ᠨᠠᠷ ᠢ ᠶᠧᠵᠢᠫᠲ ᠡᠴᠡ ᠭᠠᠷᠭᠠᠵᠤ᠂ ᠡᠴᠢᠭᠡ ᠡᠪᠦᠭᠡᠳ ᠲᠦ ᠴᠢᠨᠢ ᠠᠮᠠᠯᠠᠭᠰᠠᠨ ᠭᠠᠵᠠᠷ ᠲᠠᠭᠠᠨ ᠣᠷᠣᠭᠤᠯᠤᠭᠰᠠᠨ᠃ ᠲᠡᠭᠡᠭᠡᠳ᠄ 〈ᠪᠢ ᠲᠠ ᠨᠠᠷ ᠲᠠᠢ ᠪᠠᠢᠭᠤᠯᠤᠭᠰᠠᠨ ᠭᠡᠷ᠎ᠡ ᠪᠡᠨ ᠡᠭᠦᠷᠢᠳᠡ ᠴᠤᠴᠠᠯᠬᠤ ᠦᠭᠡᠢ᠂ 2 ᠬᠠᠷᠢᠨ ᠲᠠ ᠨᠠᠷ ᠡᠨᠡ ᠨᠤᠲᠤᠭ ᠤᠨ ᠰᠠᠭᠤᠭᠠᠯᠢᠴᠢᠳ ᠲᠠᠢ ᠭᠡᠷ᠎ᠡ ᠪᠠᠢᠭᠤᠯᠵᠤ ᠪᠣᠯᠬᠤ ᠦᠭᠡᠢ ᠪᠥᠭᠡᠳ ᠲᠡᠳᠡ ᠨᠠᠷ ᠤᠨ ᠲᠠᠬᠢᠯ ᠤᠨ ᠰᠢᠷᠡᠭᠡ ᠶᠢ ᠨᠤᠷᠠᠭ᠎ᠠ〉 ᠭᠡᠵᠦ ᠪᠢ ᠬᠡᠯᠡᠭᠰᠡᠨ ᠪᠢᠯᠡ᠃ ᠭᠡᠪᠡᠴᠦ ᠲᠠ ᠨᠠᠷ ᠮᠢᠨᠦᠬᠢ ᠶᠢ ᠳᠠᠭᠠᠭᠰᠠᠨ ᠦᠭᠡᠢ᠃ ᠲᠠ ᠨᠠᠷ ᠶᠠᠭᠤ ᠬᠢᠴᠢᠬᠡᠬᠦ ᠨᠢ ᠡᠨᠡ ᠪᠤᠢ︖ 3 ᠡᠢᠮᠦ ᠡᠴᠡ ᠪᠢ ᠪᠠᠲᠤᠲᠠᠢ ᠬᠡᠯᠡᠶ᠎ᠡ᠄ ᠪᠢ ᠲᠡᠳᠡᠨ ᠢ ᠲᠠ ᠨᠠᠷ ᠤᠨ ᠡᠮᠦᠨ᠎ᠡ ᠡᠴᠡ ᠬᠥᠭᠡᠭᠡᠬᠦ ᠦᠭᠡᠢ᠂ ᠲᠡᠳᠡ ᠬᠠᠵᠠᠭᠤ ᠳᠤ ᠴᠢᠨᠢ ᠥᠷᠭᠡᠰᠦ ᠪᠣᠯᠵᠤ᠂ ᠲᠡᠳᠡᠨ ᠦ ᠪᠤᠷᠬᠠᠳ ᠲᠠ ᠨᠠᠷ ᠲᠤ ᠤᠷᠠᠬ᠎ᠠ ᠪᠣᠯᠣᠨ᠎ᠠ》 ᠭᠡᠪᠡ᠃ 4 ᠶᠣᠬᠣᠸᠠ ᠶᠢᠨ ᠲᠩᠷᠢ ᠡᠯᠴᠢ ᠡᠳᠡᠭᠡᠷ ᠦᠭᠡ ᠶᠢ ᠪᠦᠬᠦ ᠢᠰᠷᠧᠯᠴᠦᠳ ᠲᠦ ᠬᠡᠯᠡᠬᠦ ᠳᠦ᠂ ᠠᠷᠠᠳ ᠣᠯᠠᠨ ᠳᠠᠭᠤ ᠲᠠᠯᠪᠢᠨ ᠤᠬᠢᠯᠠᠯᠳᠤᠪᠠ᠃ 5 ᠡᠢᠮᠦ ᠤᠴᠢᠷ ᠢᠶᠠᠷ ᠲᠡᠷᠡ ᠭᠠᠵᠠᠷ ᠢ ᠪᠣᠺᠢᠮ 4 ᠬᠡᠮᠡᠨ ᠨᠡᠷᠡᠯᠡᠭᠡᠳ ᠲᠡᠨᠳᠡ ᠲᠡᠳᠡ ᠶᠣᠬᠣᠸᠠ ᠳᠤ ᠲᠠᠬᠢᠯ ᠡᠷᠭᠦᠭᠰᠡᠨ ᠪᠠᠢᠨ᠎ᠠ᠃
 ᠤᠷᠪᠠᠯᠲᠠ ᠪᠠ ᠢᠯᠠᠭᠳᠠᠯ

6 ᠶᠣᠱᠦ᠋ᠶ᠎ᠠ ᠠᠷᠠᠳ ᠣᠯᠠᠨ ᠢ ᠲᠠᠷᠬᠠᠭᠠᠬᠤ ᠳᠤ᠂ ᠢᠰᠷᠧᠯᠴᠦᠳ ᠥᠪᠡᠷ ᠥᠪᠡᠷ ᠦᠨ ᠥᠪᠯᠡᠭᠰᠡᠨ ᠨᠤᠲᠤᠭ ᠢᠶᠠᠨ ᠡᠵᠡᠮᠰᠢᠬᠦ ᠪᠡᠷ ᠶᠠᠪᠤᠪᠠ᠃ 7 ᠶᠣᠱᠦ᠋ᠶ᠎ᠠ ᠶᠢᠨ ᠪᠦᠬᠦ ᠡᠳᠦᠷ ᠤᠳ ᠢᠶᠠᠷ᠂ ᠮᠥᠨ ᠶᠣᠱᠦ᠋ᠶ᠎ᠠ ᠠᠴᠠ ᠬᠣᠢᠰᠢ᠂ ᠲᠤᠬᠠᠢᠯᠠᠪᠠᠯ ᠶᠣᠬᠣᠸᠠ ᠶᠢᠨ ᠢᠰᠷᠧᠯ ᠤᠨ ᠲᠥᠯᠥᠭᠡ ᠦᠢᠯᠡᠳᠦᠭᠰᠡᠨ ᠠᠤᠭ᠎ᠠ ᠵᠦᠢᠯ ᠪᠦᠬᠦᠨ ᠢ ᠦᠵᠡᠭᠰᠡᠨ ᠠᠬᠠᠮᠠᠳ ᠤᠳ ᠤᠨ ᠠᠮᠢᠳᠤ ᠰᠡᠷᠡᠭᠦᠨ ᠡᠳᠦᠷ ᠤᠳ ᠢᠶᠠᠷ ᠠᠷᠠᠳ ᠣᠯᠠᠨ ᠶᠣᠬᠣᠸᠠ ᠳᠤ ᠦᠢᠯᠡᠴᠢᠯᠡᠪᠡ᠃ 8 ᠶᠣᠬᠣᠸᠠ ᠶᠢᠨ ᠵᠠᠷᠤᠴᠠ ᠨᠦᠨ ᠦ ᠬᠦᠦ ᠶᠣᠱᠦ᠋ᠶ᠎ᠠ ᠵᠠᠭᠤ ᠠᠷᠪᠠᠨ ᠨᠠᠰᠤᠨ ᠳᠠᠭᠠᠨ ᠥᠭᠡᠳᠡ ᠪᠣᠯᠣᠭᠰᠠᠨ ᠳᠤ᠂ 9 ᠬᠥᠮᠦᠰ ᠲᠡᠭᠦᠨ ᠢ ᠥᠪᠡᠷ ᠦᠨ ᠬᠢᠨᠢ ᠥᠪ ᠦᠨ ᠨᠤᠲᠤᠭ ᠲᠤ᠂ ᠲᠤᠬᠠᠢᠯᠠᠪᠠᠯ ᠭᠠᠱᠠ ᠠᠭᠤᠯᠠ ᠶᠢᠨ ᠬᠣᠢᠲᠤ ᠲᠠᠯ᠎ᠠ ᠳᠤ᠂ ᠡᠹᠷᠠᠢᠮ ᠤᠨ ᠠᠭᠤᠯᠠᠷᠬᠠᠭ ᠨᠤᠲᠤᠭ ᠤᠨ ᠲᠢᠮᠨᠠᠲ ᠰᠧᠷᠠ ᠳᠤ ᠬᠥᠳᠡᠭᠡᠯᠡᠭᠦᠯᠪᠡ᠃ 10 ᠲᠡᠭᠦᠨ ᠦ ᠦᠶ᠎ᠡ ᠶᠢᠨ ᠬᠢᠨ ᠪᠦᠭᠦᠳᠡ ᠡᠴᠢᠭᠡ ᠡᠪᠦᠭᠡᠳ ᠤᠷᠤᠭᠤ ᠪᠠᠨ ᠣᠳᠣᠭᠰᠠᠨ ᠤ ᠳᠠᠷᠠᠭ᠎ᠠ᠂ ᠥᠭᠡᠷ᠎ᠡ ᠦᠶ᠎ᠡ ᠶᠢᠨ ᠬᠢᠨ ᠭᠠᠷᠴᠠᠢ᠃ ᠲᠡᠳᠡ ᠶᠣᠬᠣᠸᠠ ᠶᠢ ᠴᠤ᠂ ᠲᠡᠭᠦᠨ ᠦ ᠢᠰᠷᠧᠯ ᠤᠨ ᠲᠥᠯᠥᠭᠡ ᠬᠢᠭᠰᠡᠨ ᠦᠢᠯᠡ ᠶᠠᠪᠤᠳᠠᠯ ᠢ ᠴᠤ ᠮᠡᠳᠡᠳᠡᠭ ᠦᠭᠡᠢ ᠪᠠᠢᠯ᠎ᠠ᠃

11 ᠢᠰᠷᠧᠯᠴᠦᠳ ᠶᠣᠬᠣᠸᠠ ᠶᠢᠨ ᠮᠡᠯᠮᠡᠢ ᠶᠢᠨ ᠡᠮᠦᠨ᠎ᠡ ᠮᠠᠭᠤ ᠶᠢ ᠦᠢᠯᠡᠳᠦᠨ᠂ ᠪᠠᠯ ᠤᠨ ᠰᠢᠲᠦᠭᠡᠨ ᠨᠦᠭᠦᠳ ᠲᠦ ᠮᠥᠷᠭᠥᠪᠡ᠃ 12 ᠲᠡᠳᠡ ᠥᠪᠡᠷᠰᠡᠳ ᠢ ᠨᠢ ᠶᠧᠵᠢᠫᠲ ᠡᠴᠡ ᠭᠠᠷᠭᠠᠵᠤ ᠠᠪᠴᠢᠷᠠᠭᠰᠠᠨ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠣᠷᠬᠢᠵᠤ᠂ ᠥᠭᠡᠷ᠎ᠡ ᠪᠤᠷᠬᠠᠳ ᠢ᠂ ᠲᠤᠬᠠᠢᠯᠠᠪᠠᠯ ᠡᠷᠭᠢᠨ ᠲᠣᠭᠣᠷᠢᠨ ᠤ ᠪᠠᠨ ᠦᠨᠳᠦᠰᠦᠲᠡᠨ ᠨᠦᠭᠦᠳ ᠦᠨ ᠪᠤᠷᠬᠠᠳ ᠢ ᠳᠠᠭᠠᠨ ᠲᠡᠳᠡᠨ ᠳᠦ ᠮᠥᠷᠭᠥᠵᠦ᠂ ᠶᠣᠬᠣᠸᠠ ᠶᠢ ᠬᠢᠯᠢᠩᠨᠡᠭᠦᠯᠪᠡ᠃ 13 ᠢᠩᠭᠢᠵᠦ ᠲᠡᠳᠡ ᠶᠣᠬᠣᠸᠠ ᠶᠢ ᠣᠷᠬᠢᠵᠤ᠂ ᠪᠠᠯ ᠪᠣᠯᠣᠨ ᠠᠱᠲ᠋ᠠᠷᠣᠲ ᠲᠤ ᠦᠢᠯᠡᠴᠢᠯᠡᠭᠰᠡᠨ ᠳᠦ᠂ 14 ᠶᠣᠬᠣᠸᠠ ᠢᠰᠷᠧᠯ ᠳᠤ ᠠᠭᠤᠷᠯᠠᠵᠤ᠂ ᠲᠡᠳᠡᠨ ᠢ ᠲᠣᠨᠣᠭᠠᠴᠢᠳ ᠤᠨ ᠭᠠᠷ ᠲᠤ ᠲᠤᠰᠢᠶᠠᠨ ᠲᠣᠨᠣᠭᠤᠯᠵᠤ᠂ ᠡᠷᠭᠢᠨ ᠲᠣᠭᠣᠷᠢᠨ ᠤ ᠳᠠᠢᠰᠤᠨ ᠨᠤᠭᠤᠳ ᠤᠨ ᠬᠢᠨᠢ ᠭᠠᠷ ᠲᠤ ᠣᠷᠣᠭᠤᠯᠪᠠ᠃ ᠡᠢᠮᠦ ᠡᠴᠡ ᠲᠡᠳᠡ ᠳᠠᠢᠰᠤᠨ ᠨᠤᠭᠤᠳ ᠤᠨ ᠢᠶᠠᠨ ᠡᠮᠦᠨ᠎ᠡ ᠵᠣᠭᠰᠣᠵᠤ ᠴᠢᠳᠠᠬᠤ ᠪᠠᠨ ᠪᠣᠯᠢᠵᠤ᠂ 15 ᠲᠤᠯᠤᠯᠳᠤᠭᠠᠨ ᠳᠤ ᠣᠷᠣᠬᠤ ᠪᠣᠯᠭᠠᠨ ᠳᠤᠨᠢ᠂ ᠶᠣᠬᠣᠸᠠ ᠶᠢᠨ ᠮᠤᠲᠤᠷ ᠲᠡᠳᠡᠨ ᠦ ᠡᠰᠡᠷᠭᠦ ᠪᠠᠢᠭᠰᠠᠨ ᠪᠥᠭᠡᠳ ᠭᠠᠮᠰᠢᠭ ᠢ ᠠᠪᠴᠢᠷᠠᠭᠰᠠᠨ ᠨᠢ ᠶᠠᠭ ᠶᠣᠬᠣᠸᠠ ᠶᠢᠨ ᠲᠠᠩ᠋ᠭᠠᠷᠢᠭᠯᠠᠵᠤ ᠠᠢᠯᠠᠳᠤᠭᠰᠠᠨ ᠶᠣᠰᠣᠭᠠᠷ ᠪᠣᠯᠵᠠᠢ᠃ ᠲᠡᠳᠡ ᠮᠠᠰᠢ ᠬᠦᠨᠳᠦ ᠵᠣᠪᠠᠯᠠᠩ ᠳᠤ ᠤᠨᠠᠭᠰᠠᠨ ᠪᠠᠢᠯ᠎ᠠ᠃

16 ᠶᠣᠬᠣᠸᠠ ᠰᠢᠭᠦᠭᠴᠢᠳ ᠢ ᠪᠣᠰᠬᠠᠵᠤ᠂ ᠲᠡᠳᠡᠨ ᠢ ᠲᠣᠨᠣᠭᠠᠴᠢᠳ ᠤᠨ ᠭᠠᠷ ᠠᠴᠠ ᠠᠪᠤᠷᠠᠭᠤᠯᠳᠠᠭ ᠪᠠᠢᠭᠰᠠᠨ ᠪᠣᠯᠪᠠᠴᠤ 17 ᠲᠡᠳᠡ ᠰᠢᠭᠦᠭᠴᠢᠳ ᠤᠨ ᠢᠶᠠᠨ ᠦᠭᠡ ᠶᠢ ᠴᠤ ᠰᠣᠨᠣᠰᠣᠯ ᠦᠭᠡᠢ᠂ ᠥᠭᠡᠷ᠎ᠡ ᠪᠤᠷᠬᠠᠳ ᠤᠨ ᠠᠷᠤ ᠠᠴᠠ ᠵᠠᠪᠬᠠᠢᠷᠠᠵᠤ᠂ ᠲᠡᠳᠡᠨ ᠳᠦ ᠮᠥᠷᠭᠥᠪᠡ᠃ ᠶᠣᠬᠣᠸᠠ ᠶᠢᠨ ᠲᠤᠰᠢᠶᠠᠯ ᠢ ᠳᠠᠭᠠᠵᠤ ᠶᠠᠪᠤᠭᠰᠠᠨ ᠡᠴᠢᠭᠡ ᠡᠪᠦᠭᠡᠳ ᠦᠨ ᠢᠶᠠᠨ ᠵᠠᠮ ᠠᠴᠠ ᠲᠡᠳᠡ ᠬᠤᠷᠳᠤᠨ ᠭᠠᠵᠢᠵᠤ᠂ ᠲᠡᠳᠡᠨ ᠲᠡᠢ ᠠᠳᠠᠯᠢ ᠠᠮᠢᠳᠤᠷᠠᠭᠰᠠᠨ ᠦᠭᠡᠢ᠃ 18 ᠶᠣᠬᠣᠸᠠ ᠲᠡᠳᠡᠨ ᠦ ᠲᠥᠯᠥᠭᠡ ᠰᠢᠭᠦᠭᠴᠢ ᠶᠢ ᠪᠣᠰᠬᠠᠬᠤ ᠪᠣᠯᠭᠠᠨ ᠳᠠᠭᠠᠨ ᠲᠡᠷᠡ ᠰᠢᠭᠦᠭᠴᠢ ᠲᠠᠢ ᠬᠠᠮᠲᠤ ᠪᠠᠢᠵᠤ᠂ ᠲᠡᠷᠡ ᠰᠢᠭᠦᠭᠴᠢ ᠶᠢᠨ ᠪᠦᠬᠦ ᠡᠳᠦᠷ ᠤᠳ ᠢᠶᠠᠷ ᠲᠡᠳᠡᠨ ᠢ ᠳᠠᠢᠰᠤᠨ ᠨᠤᠭᠤᠳ ᠤᠨ ᠬᠢᠨᠢ ᠭᠠᠷ ᠠᠴᠠ ᠠᠪᠤᠷᠠᠳᠠᠭ ᠪᠠᠢᠪᠠ᠃ ᠲᠡᠳᠡ ᠳᠠᠷᠤᠯᠠᠨ ᠵᠣᠪᠠᠭᠠᠭᠴᠢᠳ ᠤᠨ ᠢᠶᠠᠨ ᠳᠣᠣᠷ᠎ᠠ ᠶᠣᠣᠯᠠᠬᠤ ᠪᠦᠷᠢ᠂ ᠶᠣᠬᠣᠸᠠ ᠲᠡᠳᠡᠨ ᠢ ᠡᠢᠨ ᠬᠦ ᠥᠷᠥ ᠡᠪᠡᠳᠴᠡᠢ᠃ 19 ᠭᠡᠪᠡᠴᠦ ᠰᠢᠭᠦᠭᠴᠢ ᠨᠠᠰᠤ ᠪᠠᠷᠠᠮᠠᠭᠴᠠ ᠯᠠ ᠲᠡᠳᠡ ᠡᠷᠭᠢᠵᠦ᠂ ᠡᠴᠢᠭᠡ ᠡᠪᠦᠭᠡᠳ ᠡᠴᠡ ᠪᠡᠨ ᠴᠤ ᠢᠯᠡᠭᠦᠦ ᠵᠠᠪᠬᠠᠢᠷᠠᠵᠤ᠂ ᠥᠭᠡᠷ᠎ᠡ ᠪᠤᠷᠬᠠᠳ ᠢ ᠳᠠᠭᠠᠨ ᠲᠡᠳᠡᠨ ᠳᠦ ᠦᠢᠯᠡᠴᠢᠯᠡᠨ ᠮᠥᠷᠭᠥᠭᠰᠡᠭᠡᠷ ᠵᠥᠷᠢᠭᠦᠳ ᠶᠠᠪᠤᠳᠠᠯ ᠢᠶᠠᠨ ᠣᠷᠬᠢᠭᠰᠠᠨ ᠦᠭᠡᠢ᠃ 20 ᠶᠣᠬᠣᠸᠠ ᠢᠰᠷᠧᠯ ᠳᠤ ᠠᠭᠤᠷᠯᠠᠵᠤ ᠠᠢᠯᠠᠳᠤᠨ᠄ 《ᠡᠨᠡ ᠠᠷᠠᠳ ᠲᠦᠮᠡᠨ ᠡᠴᠢᠭᠡ ᠡᠪᠦᠭᠡᠳ ᠲᠤᠨᠢ ᠲᠤᠰᠢᠶᠠᠭᠰᠠᠨ ᠮᠢᠨᠦ ᠭᠡᠷ᠎ᠡ ᠶᠢ ᠵᠥᠷᠢᠴᠡᠵᠦ᠂ ᠮᠢᠨᠦ ᠳᠠᠭᠤ ᠬᠣᠭᠣᠯᠠᠢ ᠶᠢ ᠳᠠᠭᠠᠭ᠎ᠠ ᠦᠭᠡᠢ ᠤᠴᠢᠷ 21 ᠪᠢ ᠴᠤ ᠶᠣᠱᠦ᠋ᠶ᠎ᠠ ᠶᠢᠨ ᠥᠭᠡᠳᠡ ᠪᠣᠯᠬᠤ ᠪᠣᠯᠲᠠᠯ᠎ᠠ ᠦᠯᠡᠳᠡᠭᠡᠭᠰᠡᠨ ᠦᠨᠳᠦᠰᠦᠲᠡᠨ ᠨᠦᠭᠦᠳ ᠦᠨ ᠳᠤᠮᠳᠠ ᠠᠴᠠ ᠨᠢᠭᠡ ᠶᠢ ᠨᠢ ᠴᠤ ᠲᠡᠳᠡᠨ ᠦ ᠡᠮᠦᠨ᠎ᠡ ᠡᠴᠡ ᠬᠥᠭᠡᠭᠡᠵᠦ ᠭᠠᠷᠭᠠᠬᠤ ᠦᠭᠡᠢ᠃ 22 ᠤᠴᠢᠷ ᠨᠢ ᠶᠣᠬᠣᠸᠠ ᠡᠳᠡᠭᠡᠷ ᠦᠨᠳᠦᠰᠦᠲᠡᠨ ᠢᠶᠡᠷ ᠳᠠᠮᠵᠢᠭᠤᠯᠤᠨ ᠢᠰᠷᠧᠯ ᠢ ᠰᠣᠷᠢᠵᠤ᠂ ᠡᠴᠢᠭᠡ ᠡᠪᠦᠭᠡᠳ ᠦᠨ ᠢᠶᠠᠨ ᠠᠳᠠᠯᠢ ᠪᠠᠷ ᠶᠣᠬᠣᠸᠠ ᠶᠢᠨ ᠵᠠᠮ ᠢ ᠪᠠᠷᠢᠮᠲᠠᠯᠠᠨ ᠮᠥᠷᠳᠡᠬᠦ ᠡᠰᠡᠬᠦ ᠶᠢ ᠨᠢ ᠦᠵᠡᠬᠦ ᠭᠡᠰᠡᠨ ᠶᠤᠮ》 ᠭᠡᠪᠡ᠃ 23 ᠶᠣᠬᠣᠸᠠ ᠲᠡᠳᠡᠭᠡᠷ ᠦᠨᠳᠦᠰᠦᠲᠡᠨ ᠢ ᠶᠠᠭᠠᠷᠠᠨ ᠬᠥᠭᠡᠭᠡᠯ ᠦᠭᠡᠢ᠂ ᠶᠣᠱᠦ᠋ᠶ᠎ᠠ ᠶᠢᠨ ᠭᠠᠷ ᠲᠤ ᠴᠤ ᠲᠤᠰᠢᠶᠠᠯ ᠦᠭᠡᠢ ᠪᠠᠷ ᠦᠯᠡᠳᠡᠭᠡᠭᠰᠡᠨ ᠦ ᠤᠴᠢᠷ ᠨᠢ ᠡᠨᠡ ᠶᠤᠮ᠃