1 2 3 4 5 6 7 8 9 10 11 12 13 14 15 16 17 18 19 20 21


ᠰᠢᠭᠦᠭᠴᠢᠳ ᠲᠠᠪᠤ
 ᠳ᠋ᠧᠪᠣᠷᠠ ᠶᠢᠨ ᠳᠠᠭᠤᠤ

1 ᠲᠡᠷᠡ ᠡᠳᠦᠷ ᠳ᠋ᠧᠪᠣᠷᠠ ᠬᠢᠭᠡᠳ ᠠᠪᠢᠨᠣᠶᠠᠮ ᠤᠨ ᠬᠥᠪᠡᠭᠦᠨ ᠪᠠᠷᠠᠺ ᠨᠠᠷ ᠡᠢᠨ ᠬᠦ ᠳᠠᠭᠤᠯᠠᠪᠠ᠄
2 《ᠠᠬᠠᠯᠠᠭᠴᠢᠳ ᠨᠢ ᠢᠰᠷᠧᠯ ᠢ ᠤᠳᠤᠷᠢᠳᠴᠤ ᠠᠷᠠᠳ ᠲᠦᠮᠡᠨ ᠨᠢ ᠳᠤᠷᠠᠲᠠᠢ ᠳᠠᠭᠠᠪᠠ ᠶᠣᠬᠣᠸᠠ ᠶᠢ ᠮᠠᠭᠲᠠᠶ᠎ᠠ᠃
3 ᠰᠣᠨᠣᠰᠣᠭᠠᠴᠢ᠂ ᠬᠠᠭᠠᠳ ᠡ ᠴᠢᠩᠨᠠᠭᠠᠴᠢ᠂ ᠨᠣᠶᠠᠳ ᠡ ᠶᠣᠬᠣᠸᠠ ᠳᠤ ᠬᠠᠨᠳᠤᠨ ᠪᠢ ᠳᠠᠭᠤᠯᠠᠨ᠎ᠠ ᠢᠰᠷᠧᠯ ᠤᠨ ᠪᠤᠷᠬᠠᠨ ᠶᠣᠬᠣᠸᠠ ᠳᠤ ᠮᠠᠭᠲᠠᠭᠠᠯ ᠡᠷᠭᠦᠨ᠎ᠡ᠃
4 ᠶᠣᠬᠣᠸᠠ ᠮᠢᠨᠢ᠂ ᠲᠠᠨ ᠢ ᠰᠧᠷ ᠡᠴᠡ ᠭᠠᠷᠬᠤ ᠳᠤ ᠲᠠᠨ ᠢ ᠡᠳᠣᠮ ᠤᠨ ᠲᠠᠯ᠎ᠠ ᠠᠴᠠ ᠬᠥᠳᠡᠯᠬᠦ ᠳᠦ ᠭᠠᠵᠠᠷ ᠳᠣᠷᠭᠢᠨ ᠲᠩᠷᠢ ᠪᠣᠷᠣᠭᠠᠯᠠᠵᠤ ᠡᠭᠦᠯᠡᠰ ᠤᠰᠤ ᠪᠠᠨ ᠳᠤᠰᠤᠭᠠᠪᠠ᠃
5 ᠠᠭᠤᠯᠠᠰ ᠶᠣᠬᠣᠸᠠ ᠶᠢᠨ ᠡᠮᠦᠨ᠎ᠡ ᠳᠠᠭᠵᠢᠵᠤ ᠰᠢᠨᠠᠢ ᠠᠭᠤᠯᠠ ᠴᠤ ᠢᠰᠷᠧᠯ ᠤᠨ ᠪᠤᠷᠬᠠᠨ ᠶᠣᠬᠣᠸᠠ ᠶᠢᠨ ᠡᠮᠦᠨ᠎ᠡ ᠴᠡᠴᠡᠷᠡᠪᠡ᠃

6 ᠠᠨᠠᠲ ᠤᠨ ᠬᠥᠪᠡᠭᠦᠨ ᠱᠠᠮᠭᠠᠷ ᠤᠨ ᠡᠳᠦᠷ ᠤᠳ ᠲᠤ ᠪᠠᠰᠠ ᠶᠠᠶᠧᠯ ᠤᠨ ᠡᠳᠦᠷ ᠤᠳ ᠲᠤ ᠭᠣᠣᠯ ᠵᠠᠮ᠂ ᠬᠠᠵᠠᠭᠤ ᠵᠠᠮ ᠡᠵᠡᠭᠦᠢᠷᠡᠵᠦ ᠠᠯᠬᠤᠨ ᠶᠠᠪᠤᠭᠰᠠᠳ ᠬᠠᠵᠠᠭᠤ ᠵᠠᠮ ᠢᠶᠠᠷ ᠶᠠᠪᠤᠪᠠ᠃
7 ᠢᠰᠷᠧᠯ ᠤᠨ ᠲᠣᠰᠬᠣᠨ ᠨᠤᠭᠤᠳ ᠴᠤ ᠡᠵᠡᠭᠦᠢᠷᠡᠨ ᠡᠵᠡᠭᠦᠢᠷᠡᠬᠦ ᠳᠦ ᠢᠰᠷᠧᠯ ᠤᠨ ᠡᠬᠡ ᠳ᠋ᠧᠪᠣᠷᠠ ᠲᠠ ᠥᠨᠳᠡᠢᠨ ᠪᠣᠰᠴᠠᠢ᠃
8 ᠰᠢᠨ᠎ᠡ ᠪᠤᠷᠬᠠᠳ ᠰᠢᠯᠢᠭᠰᠡᠨ ᠢᠶᠡᠷ ᠳᠠᠢᠨ ᠳᠠᠵᠢᠨ ᠪᠣᠱᠣᠭᠠᠨ ᠳᠡᠭᠡᠷ᠎ᠡ ᠢᠷᠡᠭᠰᠡᠨ ᠴᠤ ᠢᠰᠷᠧᠯ ᠤᠨ ᠳᠥᠷᠪᠡᠨ ᠲᠦᠮᠡᠨ ᠦ ᠳᠤᠮᠳᠠ ᠵᠢᠳᠠ ᠪᠠᠮᠪᠠᠢ ᠠᠯᠠᠭ᠎ᠠ ᠪᠠᠢᠪᠠ᠃
9 ᠰᠡᠳᠬᠢᠯ ᠮᠠᠨᠢ ᠢᠰᠷᠧᠯ ᠤᠨ ᠨᠣᠶᠠᠳ ᠲᠠᠢ ᠬᠠᠮᠲᠤ ᠰᠠᠢᠨ ᠳᠤᠷ᠎ᠠ ᠪᠠᠷ ᠲᠡᠳᠡ ᠠᠷᠠᠳ ᠲᠦᠮᠡᠨ ᠲᠡᠢ ᠬᠠᠮᠲᠤ ᠶᠠᠪᠤᠪᠠ ᠶᠣᠬᠣᠸᠠ ᠶᠢ ᠮᠠᠭᠲᠠᠶ᠎ᠠ᠃
10 ᠴᠠᠭᠠᠨ ᠡᠯᠵᠢᠭᠡ ᠤᠨᠤᠭᠴᠢᠳ ᠬᠡᠪᠢᠰ ᠤᠨ ᠳᠡᠭᠡᠷ᠎ᠡ ᠰᠠᠭᠤᠭᠴᠢᠳ ᠵᠠᠮ ᠢᠶᠠᠷ ᠠᠯᠬᠤᠭᠴᠢᠳ ᠡ᠂ ᠵᠠᠷᠯᠠᠭᠲᠤᠨ᠃
11 ᠬᠠᠷᠪᠤᠭᠠᠴᠢᠳ ᠤᠨ ᠳᠠᠭᠤ ᠴᠢᠮᠡᠭᠡᠨ ᠡᠴᠡ ᠬᠣᠯᠠ ᠤᠰᠤ ᠠᠪᠳᠠᠭ ᠭᠠᠵᠠᠷ ᠤᠨ ᠬᠠᠵᠠᠭᠤ ᠳᠤ ᠶᠣᠬᠣᠸᠠ ᠶᠢᠨ ᠵᠥᠪᠲᠦ ᠢᠯᠠᠯᠲᠠ ᠢᠰᠷᠧᠯ ᠤᠨ ᠳᠠᠢᠴᠢᠳ ᠤᠨ ᠵᠥᠪᠲᠦ ᠢᠯᠠᠯᠲᠠ ᠶᠢ ᠲᠡᠳᠡ ᠳᠠᠪᠲᠠᠨ ᠳᠠᠪᠲᠠᠨ ᠳᠤᠭᠤᠯᠭᠠᠨ᠎ᠠ᠂ ᠶᠣᠬᠣᠸᠠ ᠶᠢᠨ ᠠᠷᠠᠳ ᠲᠦᠮᠡᠨ ᠲᠡᠷᠡ ᠦᠶ᠎ᠡ ᠳᠦ ᠬᠣᠲᠠ ᠶᠢᠨ ᠬᠠᠭᠠᠯᠭᠠᠨ ᠳᠤ ᠬᠦᠷᠴᠦ ᠣᠴᠢᠯ᠎ᠠ᠃
12 ᠰᠡᠷᠢ᠂ ᠰᠡᠷᠢ᠂ ᠳ᠋ᠧᠪᠣᠷᠠ ᠰᠡᠷᠢ᠂ ᠰᠡᠷᠢ᠂ ᠳᠠᠭᠤᠤ ᠪᠠᠨ ᠳᠠᠭᠤᠯᠠ ᠪᠣᠰᠣᠭᠲᠤᠨ᠂ ᠪᠠᠷᠠᠺ ᠡ ᠣᠯᠵᠠᠯᠠᠭᠳᠠᠭᠰᠠᠳ ᠢᠶᠠᠨ ᠠᠪᠴᠤ ᠶᠠᠪᠤ᠂ ᠠᠪᠢᠨᠣᠶᠠᠮ ᠤᠨ ᠬᠥᠪᠡᠭᠦᠨ ᠡ᠃
13 ᠠᠮᠢᠳᠤ ᠦᠯᠡᠳᠡᠭᠰᠡᠨ ᠨᠣᠶᠠᠳ ᠲᠡᠷᠡ ᠦᠶ᠎ᠡ ᠳᠦ ᠪᠠᠭᠤᠵᠤ ᠢᠷᠡᠪᠡ ᠶᠣᠬᠣᠸᠠ ᠶᠢᠨ ᠠᠷᠠᠳ ᠲᠦᠮᠡᠨ ᠬᠦᠴᠦᠲᠦ ᠳᠠᠢᠴᠢᠳ ᠲᠠᠢ ᠳᠠᠢᠲᠤᠬᠤ ᠪᠠᠷ ᠨᠠᠳᠠ ᠤᠷᠤᠭᠤ ᠢᠷᠡᠪᠡ᠃
14 ᠡᠹᠷᠠᠢᠮ ᠠᠴᠠ ᠨᠢ ᠠᠮᠠᠯᠧᠺᠴᠤᠳ ᠤᠨ ᠨᠤᠲᠤᠭ ᠲᠤ ᠰᠠᠭᠤᠷᠢᠰᠢᠭᠰᠠᠨ ᠬᠥᠮᠦᠰ ᠪᠢᠨᠶᠠᠮᠢᠨ ᠠᠴᠠ ᠨᠢ ᠲᠠᠨ ᠢ ᠳᠠᠭᠠᠭᠰᠠᠨ ᠠᠷᠠᠳ ᠣᠯᠠᠨ ᠮᠠᠺᠢᠷ ᠠᠴᠠ ᠨᠢ ᠵᠠᠬᠢᠷᠤᠭᠴᠢᠳ ᠽᠧᠪᠦ᠋ᠯᠣᠨ ᠠᠴᠠ ᠨᠢ ᠵᠠᠩᠵᠤᠨ ᠤ ᠲᠠᠶᠠᠭ ᠪᠠᠷᠢᠭᠴᠢᠳ ᠪᠠᠭᠤᠵᠤ ᠢᠷᠡᠪᠡ᠃
15 ᠢᠰᠠᠺᠠᠷ ᠤᠨ ᠨᠣᠶᠠᠳ ᠳ᠋ᠧᠪᠣᠷᠠ ᠲᠠᠢ ᠬᠠᠮᠲᠤ ᠪᠠᠰᠠ ᠪᠠᠷᠠᠺ ᠲᠠᠢ ᠬᠠᠮᠲᠤ ᠠᠷᠤ ᠠᠴᠠ ᠨᠢ ᠲᠡᠳᠡ ᠬᠥᠨᠳᠡᠢ ᠤᠷᠤᠭᠤ ᠬᠥᠳᠡᠯᠪᠡ ᠷᠧᠣᠪᠧᠨᠴᠤᠳ ᠤᠨ ᠳᠤᠮᠳᠠ ᠬᠠᠷᠢᠨ ᠡᠷᠡᠭᠡᠯᠵᠡᠭᠡ ᠶᠡᠬᠡ ᠲᠠᠢ ᠪᠠᠢᠪᠠ᠃
16 ᠬᠣᠨᠢᠨ ᠤ ᠬᠣᠲᠠᠨ ᠳᠤ ᠰᠠᠭᠤᠵᠤ ᠬᠣᠨᠢᠳ ᠤᠨ ᠮᠠᠢᠯᠠᠭᠠᠨ ᠢ ᠰᠣᠨᠣᠰᠬᠤ ᠨᠢ ᠶᠠᠭᠤᠨ ᠤ ᠤᠴᠢᠷ ᠠᠴᠠ ᠪᠤᠢ︖ ᠷᠧᠣᠪᠧᠨᠴᠤᠳ ᠤᠨ ᠳᠤᠮᠳᠠ ᠬᠠᠷᠢᠨ ᠡᠷᠡᠭᠡᠯᠵᠡᠭᠡ ᠶᠡᠬᠡ ᠲᠠᠢ ᠪᠠᠢᠪᠠ᠃
17 ᠭᠢᠯᠧᠶᠠᠳ᠋ ᠶᠣᠷᠳᠠᠨ ᠤ ᠨᠥᠭᠥᠭᠡ ᠲᠠᠯ᠎ᠠ ᠳᠤ ᠦᠯᠡᠳᠡᠵᠦ ᠳ᠋ᠠᠨ ᠣᠩ᠋ᠭᠣᠴᠠᠨ ᠳᠡᠭᠡᠷ᠎ᠡ ᠬᠣᠴᠣᠷᠬᠤ ᠨᠢ ᠶᠠᠭᠤᠨ ᠠᠴᠠ ᠪᠤᠢ︖ ᠠᠱᠧᠷ ᠴᠤ ᠳᠠᠯᠠᠢ ᠶᠢᠨ ᠬᠥᠪᠡᠭᠡᠨ ᠳᠦ ᠰᠠᠭᠤᠵᠤ ᠵᠣᠭᠰᠣᠭᠠᠯ ᠤᠨ ᠢᠶᠠᠨ ᠳᠡᠷᠭᠡᠳᠡ ᠦᠯᠡᠳᠡᠵᠡᠢ᠃
18 ᠽᠧᠪᠦ᠋ᠯᠣᠨᠴᠤᠳ ᠬᠠᠷᠢᠨ ᠠᠮᠢ ᠥᠷᠢᠰᠥᠭᠰᠡᠨ ᠬᠥᠮᠦᠰ ᠪᠢᠯᠡ ᠨᠠᠹᠲ᠋ᠠᠯᠢᠴᠤᠳ ᠴᠤ ᠬᠡᠭᠡᠷ᠎ᠡ ᠲᠠᠯ᠎ᠠ ᠶᠢᠨ ᠲᠣᠯᠣᠭᠠᠳ ᠢᠶᠠᠷ ᠠᠮᠢ ᠲᠡᠮᠡᠴᠡᠨ ᠳᠠᠢᠲᠤᠪᠠ᠃

19 ᠬᠠᠭᠠᠳ ᠢᠷᠡᠭᠡᠳ ᠲᠤᠯᠤᠯᠳᠤᠪᠠ ᠺᠠᠨᠠᠨ ᠤ ᠬᠠᠭᠠᠳ ᠮᠧᠭᠢᠳᠣ᠋ ᠶᠢᠨ ᠤᠰᠤᠨ ᠤ ᠳᠡᠷᠭᠡᠳᠡ ᠢᠷᠡᠵᠦ ᠲᠠᠨᠠᠺ ᠲᠤ ᠲᠤᠯᠤᠯᠳᠤᠭᠰᠠᠨ ᠬᠠᠷᠢᠨ ᠣᠯᠵᠠ ᠮᠥᠩᠭᠥ ᠣᠯᠣᠭᠰᠠᠨ ᠦᠭᠡᠢ᠃
20 ᠲᠩᠷᠢ ᠡᠴᠡ ᠣᠳᠣᠳ ᠲᠤᠯᠤᠯᠳᠤᠪᠠ ᠲᠡᠳᠡ ᠵᠠᠮ ᠠᠴᠠ ᠪᠠᠨ ᠭᠠᠷᠴᠤ ᠰᠢᠰᠧᠷᠠ ᠲᠠᠢ ᠲᠤᠯᠤᠯᠳᠤᠪᠠ᠃
21 ᠲᠡᠳᠡᠨ ᠦ ᠳᠡᠭᠡᠷ᠎ᠡ ᠺᠢᠱᠣᠨ ᠭᠣᠣᠯ ᠺᠢᠱᠣᠨ ᠭᠣᠣᠯ ᠤᠨ ᠰᠢᠷᠦᠭᠦᠨ ᠤᠷᠤᠰᠬᠠᠯ ᠨᠥᠮᠥᠷᠴᠡᠢ ᠮᠢᠨᠦ ᠰᠦᠨᠡᠰᠦ ᠡ᠂ ᠵᠣᠷᠢᠭᠲᠠᠢ ᠳᠠᠪᠰᠢᠭᠲᠤᠨ᠃
22 ᠲᠡᠭᠡᠬᠦ ᠳᠦ ᠠᠵᠢᠷᠭ᠎ᠠ ᠨᠤᠭᠤᠳ ᠳᠠᠪᠬᠢᠨ ᠳᠠᠪᠬᠢᠪᠠ ᠲᠡᠳᠡᠨ ᠦ ᠲᠤᠭᠤᠷᠠᠢ ᠭᠠᠵᠠᠷ ᠢ ᠳᠡᠪᠰᠡᠯᠡᠪᠡ᠃
23 ᠶᠣᠬᠣᠸᠠ ᠶᠢᠨ ᠡᠯᠴᠢ ᠠᠢᠯᠠᠳᠤᠨ᠄ 〈ᠮᠧᠷᠣᠽ ᠬᠣᠲᠠ ᠬᠠᠷᠢᠶᠠᠭᠳᠠᠲᠤᠭᠠᠢ ᠲᠡᠨᠳᠡᠬᠢ ᠶᠢᠨ ᠰᠠᠭᠤᠭᠠᠯᠢᠴᠢᠳ ᠨᠢ ᠪᠦᠷᠢᠮᠦᠰᠦᠨ ᠬᠠᠷᠢᠶᠠᠭᠳᠠᠲᠤᠭᠠᠢ ᠶᠣᠬᠣᠸᠠ ᠳᠤ ᠲᠤᠰᠠᠯᠠᠬᠤ ᠪᠠᠷ ᠲᠡᠳᠡ ᠢᠷᠡᠭᠰᠡᠨ ᠦᠭᠡᠢ ᠶᠣᠬᠣᠸᠠ ᠳᠤ ᠲᠤᠰᠠᠯᠠᠬᠤ ᠪᠠᠷ ᠬᠦᠴᠦᠲᠦ ᠳᠠᠢᠰᠤᠨ ᠲᠠᠢ ᠳᠠᠢᠲᠤᠭᠰᠠᠨ ᠦᠭᠡᠢ᠃〉
24 ᠬᠠᠷᠢᠨ ᠺᠧᠨ ᠬᠥᠮᠦᠨ ᠾᠧᠪᠧᠷ ᠤᠨ ᠡᠬᠡᠨᠡᠷ ᠶᠠᠶᠧᠯ ᠬᠠᠮᠤᠭ ᠡᠮᠡᠭᠲᠡᠢ ᠡᠴᠡ ᠢᠯᠡᠭᠦᠦ ᠪᠤᠶᠠᠨ ᠲᠠᠢ ᠬᠠᠮᠤᠭ ᠭᠡᠷ ᠦᠨ ᠡᠵᠡᠭᠲᠡᠢ ᠡᠴᠡ ᠲᠡᠷᠡ ᠢᠯᠡᠭᠦᠦ ᠪᠤᠶᠠᠨ ᠲᠠᠢ᠃
25 ᠰᠢᠰᠧᠷᠠ ᠤᠰᠤ ᠭᠤᠶᠤᠬᠤ ᠳᠤ ᠶᠠᠶᠧᠯ ᠰᠦ᠋ ᠥᠭᠴᠡᠢ ᠦᠨᠡᠲᠦ ᠬᠤᠯᠤ ᠪᠠᠷ ᠴᠥᠴᠥᠭᠡᠢ ᠠᠪᠴᠢᠷᠠᠵᠠᠢ᠃
26 ᠰᠣᠯᠣᠭᠠᠢ ᠭᠠᠷ ᠲᠠᠭᠠᠨ ᠮᠠᠢᠬᠠᠨ ᠤ ᠭᠠᠳᠠᠰᠤ ᠶᠢ ᠪᠠᠷᠠᠭᠤᠨ ᠭᠠᠷ ᠲᠠᠭᠠᠨ ᠳᠠᠷᠬᠠᠨ ᠤ ᠠᠯᠤᠬ᠎ᠠ ᠶᠢ ᠪᠠᠷᠢᠨ ᠰᠢᠰᠧᠷᠠ ᠶᠢ ᠠᠯᠤᠬᠠᠳᠠᠵᠤ ᠲᠣᠯᠣᠭᠠᠢ ᠶᠢ ᠨᠢ ᠬᠠᠭᠠᠯᠤᠭᠠᠳ ᠴᠢᠮᠠᠷᠬᠠᠢ ᠶᠢ ᠨᠢ ᠴᠤᠭᠤᠯᠤᠨ ᠪᠤᠲᠠᠯᠪᠠ᠃
27 ᠲᠡᠷᠡ ᠡᠷ᠎ᠡ ᠨᠥᠭᠥᠭᠡ ᠡᠮᠡᠭᠲᠡᠢ ᠶᠢᠨ ᠬᠥᠯ ᠦᠨ ᠡᠮᠦᠨ᠎ᠡ ᠰᠥᠬᠥᠷᠡᠨ ᠤᠨᠠᠪᠠ ᠡᠮᠡᠭᠲᠡᠢ ᠶᠢᠨ ᠬᠥᠯ ᠦᠨ ᠡᠮᠦᠨ᠎ᠡ ᠲᠡᠷᠡ ᠡᠷ᠎ᠡ ᠰᠥᠬᠥᠷᠡᠨ ᠤᠨᠠᠪᠠ ᠰᠥᠬᠥᠷᠡᠭᠰᠡᠨ ᠭᠠᠵᠠᠷ ᠲᠠᠭᠠᠨ ᠤᠨᠠᠵᠤ ᠦᠬᠦᠪᠡ᠃

28 ᠰᠢᠰᠧᠷᠠ ᠶᠢᠨ ᠡᠬᠡ ᠴᠣᠩ᠋ᠬᠣ ᠪᠠᠷ ᠢᠶᠠᠨ ᠱᠠᠭᠠᠢᠵᠤ ᠲᠣᠣᠷ ᠤᠨ ᠴᠣᠩ᠋ᠬᠣᠨ ᠤ ᠴᠠᠭᠠᠨ᠎ᠠ ᠠᠴᠠ ᠬᠠᠰᠬᠢᠷᠤᠨ 〈ᠲᠡᠭᠦᠨ ᠦ ᠲᠡᠷᠭᠡ ᠶᠠᠭᠠᠬᠢᠭᠠᠳ ᠢᠷᠡᠯ ᠦᠭᠡᠢ ᠤᠳᠠᠨ᠎ᠠ ᠪᠤᠢ︖ ᠲᠡᠭᠦᠨ ᠦ ᠲᠡᠷᠭᠡᠨ ᠬᠦᠷᠳᠦ ᠨᠦᠭᠦᠳ ᠶᠠᠭᠤᠨ ᠳᠤ ᠠᠯᠭᠤᠷᠯᠠᠨ᠎ᠠ ᠪᠤᠢ︖〉 ᠭᠡᠨ᠎ᠡ᠂
29 ᠤᠬᠠᠭᠠᠯᠢᠭ ᠬᠠᠲᠤᠭᠲᠠᠢ ᠨᠠᠷ ᠲᠡᠭᠦᠨ ᠳᠦ ᠬᠠᠷᠢᠭᠤᠯᠤᠨ ᠥᠪᠡᠷ ᠢᠶᠡᠨ ᠥᠪᠡᠷ ᠲᠡᠭᠡᠨ ᠴᠤ ᠲᠡᠷᠡ ᠥᠭᠦᠯᠡᠨ
30 〈ᠣᠯᠵᠠ ᠣᠯᠣᠭᠠᠳ ᠬᠤᠪᠢᠶᠠᠵᠤ ᠪᠠᠢᠭ᠎ᠠ ᠪᠠᠢᠯᠭᠦᠢ ᠳᠠᠢᠴᠢᠨ ᠪᠦᠷᠢ ᠨᠢᠭᠡ ᠪᠦᠰᠡᠭᠦᠢ᠂ ᠡᠰᠡᠪᠡᠯ ᠬᠣᠶᠠᠷ ᠢ ᠰᠢᠰᠧᠷᠠ ᠪᠣᠯ ᠥᠩᠭᠡᠲᠦ ᠬᠤᠪᠴᠠᠰᠤ᠂ ᠬᠠᠳᠬᠤᠮᠠᠯ ᠲᠠᠢ ᠥᠩᠭᠡᠲᠦ ᠬᠤᠪᠴᠠᠰᠤ ᠶᠢ ᠬᠦᠵᠦᠭᠦᠨ ᠳᠦ ᠮᠢᠨᠢ ᠤᠷᠢᠶᠠᠬᠤ ᠬᠠᠳᠬᠤᠮᠠᠯ ᠲᠠᠢ ᠥᠩᠭᠡᠲᠦ ᠣᠷᠢᠶᠠᠯᠲᠠ ᠬᠣᠶᠠᠷ ᠢ ᠣᠯᠣᠭᠰᠠᠨ ᠪᠠᠢᠬ᠎ᠠ᠃〉
31 ᠶᠣᠬᠣᠸᠠ᠂ ᠲᠠᠨ ᠤ ᠪᠦᠬᠦ ᠳᠠᠢᠰᠤᠨ ᠡᠢᠨ ᠬᠦ ᠮᠥᠬᠥᠲᠦᠭᠡᠢ ᠲᠠᠨ ᠢ ᠬᠠᠢᠷᠠᠯᠠᠭᠴᠢᠳ ᠮᠠᠨᠳᠤᠨ ᠭᠠᠷᠬᠤ ᠨᠠᠷᠠᠨ ᠮᠡᠲᠦ ᠪᠣᠯᠲᠤᠭᠠᠢ》 ᠭᠡᠪᠡ᠃
ᠢᠩᠭᠢᠭᠡᠳ ᠲᠡᠷᠡ ᠭᠠᠵᠠᠷ ᠨᠤᠲᠤᠭ ᠳᠥᠴᠢᠨ ᠵᠢᠯ ᠤᠨ ᠲᠤᠷᠰᠢ ᠠᠮᠤᠷ ᠲᠠᠢᠪᠤᠩ ᠪᠠᠢᠯ᠎ᠠ᠃