1 2 3 4 5 6 7 8 9 10 11 12 13 14 15 16 17 18 19 20 21


ᠰᠢᠭᠦᠭᠴᠢᠳ ᠠᠷᠪᠠᠨ ᠬᠣᠶᠠᠷ
 ᠶᠧᠹᠲ᠋ᠠ ᠬᠢᠭᠡᠳ ᠡᠹᠷᠠᠢᠮᠴᠤᠳ ᠤᠨ ᠮᠥᠷᠭᠥᠯᠳᠦᠭᠡᠨ

1 ᠡᠹᠷᠠᠢᠮ ᠤᠨ ᠡᠷᠡᠴᠦᠳ ᠴᠡᠷᠢᠭ ᠢᠶᠠᠨ ᠳᠠᠢᠴᠢᠯᠠᠨ ᠬᠣᠢᠲᠤ ᠵᠦᠭ ᠲᠦ ᠶᠧᠹᠲ᠋ᠠ ᠤᠷᠤᠭᠤ ᠣᠴᠢᠭᠠᠳ᠄ 《ᠴᠢ ᠠᠮᠣᠨᠴᠤᠳ ᠲᠠᠢ ᠳᠠᠢᠲᠤᠬᠤ ᠪᠠᠷ ᠶᠠᠪᠤᠬᠤ ᠳᠠᠭᠠᠨ ᠶᠠᠭᠤᠨ ᠳᠤ ᠪᠢᠳᠡᠨ ᠢ ᠳᠠᠭᠤᠳᠠᠭᠰᠠᠨ ᠦᠭᠡᠢ ᠪᠤᠢ︖ ᠪᠢᠳᠡ ᠴᠢᠮᠠᠶᠢ ᠭᠡᠷ ᠣᠷᠣᠨ ᠲᠠᠢ ᠴᠢᠨᠢ ᠬᠠᠮᠲᠤ ᠭᠠᠯᠳᠠᠨ ᠰᠢᠲᠠᠭᠠᠨ᠎ᠠ》 ᠭᠡᠵᠡᠢ᠃ 2 ᠶᠧᠹᠲ᠋ᠠ ᠲᠡᠳᠡᠨ ᠳᠦ᠄ 《ᠪᠢ ᠪᠣᠯᠣᠨ ᠮᠠᠨ ᠤ ᠠᠷᠠᠳ ᠲᠦᠮᠡᠨ ᠠᠮᠣᠨᠴᠤᠳ ᠲᠠᠢ ᠰᠢᠷᠦᠭᠦᠨ ᠲᠡᠮᠡᠴᠡᠭᠡᠨ ᠪᠣᠯᠵᠤ ᠪᠠᠢᠬᠤ ᠳᠠᠭᠠᠨ ᠲᠠ ᠨᠠᠷ ᠢ ᠳᠠᠭᠤᠳᠠᠭᠰᠠᠨ ᠪᠣᠯᠪᠠᠴᠤ ᠲᠠ ᠨᠠᠷ ᠨᠠᠮᠠᠶᠢ ᠲᠡᠳᠡᠨ ᠦ ᠰᠠᠪᠠᠷ ᠠᠴᠠ ᠠᠪᠤᠷᠠᠭᠰᠠᠨ ᠦᠭᠡᠢ᠃ 3 ᠲᠠ ᠨᠠᠷ ᠤᠨ ᠠᠪᠤᠷᠠᠬᠤ ᠦᠭᠡᠢ ᠶᠢ ᠬᠠᠷᠠᠭᠠᠳ ᠪᠢ ᠠᠮᠢ ᠴᠥᠯᠡᠨ ᠠᠮᠣᠨᠴᠤᠳ ᠲᠠᠢ ᠳᠠᠢᠲᠤᠬᠤ ᠪᠠᠷ ᠮᠣᠷᠳᠠᠬᠤ ᠳᠤ᠂ ᠶᠣᠬᠣᠸᠠ ᠲᠡᠳᠡᠨ ᠢ ᠮᠢᠨᠦ ᠭᠠᠷ ᠲᠤ ᠲᠤᠰᠢᠶᠠᠭᠰᠠᠨ ᠪᠢᠯᠡ᠃ ᠬᠠᠷᠢᠨ ᠥᠨᠥᠳᠥᠷ ᠲᠠ ᠨᠠᠷ ᠶᠠᠭᠤᠨ ᠳᠤ ᠨᠠᠳᠠ ᠲᠠᠢ ᠳᠠᠢᠲᠤᠬᠤ ᠪᠠᠷ ᠨᠠᠰᠢ ᠢᠷᠡᠵᠦ ᠪᠠᠢᠨ᠎ᠠ ᠪᠤᠢ︖》 ᠭᠡᠪᠡ᠃ 4 ᠤᠤᠯ ᠨᠢ ᠡᠹᠷᠠᠢᠮᠴᠤᠳ ᠭᠢᠯᠧᠶᠠᠳ᠋ᠴᠤᠳ ᠲᠤ᠄ 《ᠲᠠ ᠨᠠᠷ ᠪᠣᠯ ᠡᠹᠷᠠᠢᠮ ᠪᠣᠯᠣᠨ ᠮᠠᠨᠠᠰᠧ ᠶᠢᠨ ᠣᠷᠭᠣᠳᠤᠤᠯ ᠶᠤᠮ》 ᠬᠡᠮᠡᠳᠡᠭ ᠪᠠᠢᠪᠠ᠃ ᠬᠠᠷᠢᠨ ᠶᠧᠹᠲ᠋ᠠ ᠭᠢᠯᠧᠶᠠᠳ᠋ ᠤᠨ ᠪᠦᠬᠦ ᠡᠷᠡᠰ ᠢ ᠳᠠᠢᠴᠢᠯᠠᠨ ᠡᠹᠷᠠᠢᠮ ᠲᠠᠢ ᠳᠠᠢᠲᠤᠭᠠᠳ ᠡᠹᠷᠠᠢᠮᠴᠤᠳ ᠢ ᠪᠤᠲᠠ ᠴᠣᠬᠢᠭᠰᠠᠨ ᠪᠠᠢᠨ᠎ᠠ᠃ 5 ᠭᠢᠯᠧᠶᠠᠳ᠋ᠴᠤᠳ ᠡᠹᠷᠠᠢᠮ ᠳᠤ ᠬᠦᠷᠬᠦ ᠶᠣᠷᠳᠠᠨ ᠣᠯᠣᠮ ᠢ ᠡᠵᠡᠯᠡᠪᠡ᠃ ᠡᠹᠷᠠᠢᠮ ᠤᠨ ᠣᠷᠭᠣᠳᠤᠤᠯ ᠢᠷᠡᠭᠡᠳ᠄ 《ᠭᠣᠣᠯ ᠭᠠᠲᠤᠯᠤᠶ᠎ᠠ》 ᠭᠡᠪᠡᠯ᠂ 《ᠴᠢ ᠡᠹᠷᠠᠢᠮ ᠬᠥᠮᠦᠨ ᠤᠤ︖》 ᠭᠡᠵᠦ ᠠᠰᠠᠭᠤᠳᠠᠭ ᠪᠠᠢᠵᠠᠢ᠃ ᠲᠡᠷᠡ ᠬᠥᠮᠦᠨ᠄ 《ᠪᠢᠰᠢ》 ᠭᠡᠪᠡᠯ 6 ᠲᠡᠳᠡ᠄ 《ᠴᠢ 〈ᠱᠢᠪᠣᠯᠧᠲ〉 ᠭᠡᠵᠦ ᠬᠡᠯᠡ ᠳᠠ》 ᠭᠡᠳᠡᠭ ᠪᠠᠢᠪᠠ᠃ ᠬᠡᠷᠪᠡ ᠲᠡᠳᠡ ᠵᠥᠪ ᠠᠶᠠᠯᠭᠤ ᠪᠠᠷ ᠬᠡᠯᠡᠵᠦ ᠡᠰᠡ ᠴᠢᠳᠠᠨ 《ᠰᠢᠪᠣᠯᠧᠲ》 ᠭᠡᠪᠡᠯ᠂ ᠲᠡᠳᠡ ᠪᠠᠷᠢᠵᠤ ᠠᠪᠤᠭᠠᠳ ᠲᠡᠭᠦᠨ ᠢ ᠶᠣᠷᠳᠠᠨ ᠣᠯᠣᠮ ᠳᠡᠭᠡᠷ᠎ᠡ ᠠᠯᠠᠳᠠᠭ ᠪᠠᠢᠪᠠ᠃ ᠲᠡᠷᠡ ᠦᠶ᠎ᠡ ᠳᠦ ᠳᠥᠷᠪᠡᠨ ᠲᠦᠮᠡ ᠬᠣᠶᠠᠷ ᠮᠢᠩ᠋ᠭᠠᠨ ᠡᠹᠷᠠᠢᠮ ᠬᠥᠮᠦᠨ ᠠᠯᠠᠭᠳᠠᠵᠠᠢ᠃

7 ᠶᠧᠹᠲ᠋ᠠ ᠢᠰᠷᠧᠯ ᠢ ᠵᠢᠷᠭᠤᠭᠠᠨ ᠵᠢᠯ ᠤᠳᠤᠷᠢᠳᠪᠠ᠃ ᠲᠡᠭᠡᠭᠡᠳ ᠭᠢᠯᠧᠶᠠᠳ᠋ ᠬᠥᠮᠦᠨ ᠶᠧᠹᠲ᠋ᠠ ᠥᠭᠡᠳᠡ ᠪᠣᠯᠵᠤ᠂ ᠲᠡᠭᠦᠨ ᠢ ᠭᠢᠯᠧᠶᠠᠳ᠋ ᠤᠨ ᠨᠢᠭᠡᠨ ᠲᠣᠰᠬᠣᠨ ᠳᠤ ᠬᠥᠳᠡᠭᠡᠯᠡᠭᠦᠯᠵᠡᠢ᠃
 ᠰᠢᠭᠦᠭᠴᠢ ᠢᠪᠽᠠᠨ᠂ ᠡᠯᠣᠨ᠂ ᠠᠪᠳᠣᠨ

8 ᠲᠡᠭᠦᠨ ᠦ ᠳᠠᠷᠠᠭ᠎ᠠ ᠪᠧᠲ᠋ᠯᠧᠾᠧᠮ ᠤᠨ ᠢᠪᠽᠠᠨ ᠢᠰᠷᠧᠯ ᠤᠨ ᠰᠢᠭᠦᠭᠴᠢ ᠪᠣᠯᠪᠠ᠃ 9 ᠲᠡᠭᠦᠨ ᠳᠦ ᠭᠤᠴᠢᠨ ᠬᠥᠪᠡᠭᠦᠨ ᠭᠤᠴᠢᠨ ᠥᠬᠢᠨ ᠲᠠᠢ ᠪᠠᠢᠪᠠ᠃ ᠲᠡᠷᠡ ᠥᠬᠢᠳ ᠢᠶᠠᠨ ᠭᠠᠳᠠᠨ᠎ᠠ ᠶᠢᠨ ᠣᠪᠣᠭ ᠤᠳ ᠲᠤ ᠮᠣᠷᠳᠠᠭᠤᠯᠵᠤ᠂ ᠬᠥᠪᠡᠭᠦᠨ ᠲᠡᠭᠡᠨ ᠴᠤ ᠭᠠᠳᠠᠨ᠎ᠠ ᠶᠢᠨ ᠣᠪᠣᠭ ᠤᠳ ᠠᠴᠠ ᠪᠡᠷᠢ ᠪᠠᠭᠤᠯᠭᠠᠨ ᠠᠪᠴᠠᠢ᠃ ᠢᠪᠽᠠᠨ ᠳᠣᠯᠣᠭᠠᠨ ᠵᠢᠯ ᠢᠰᠷᠧᠯ ᠢ ᠤᠳᠤᠷᠢᠳᠪᠠ᠃ 10 ᠲᠡᠭᠦᠨ ᠢ ᠥᠭᠡᠳᠡ ᠪᠣᠯᠬᠤ ᠳᠤ᠂ ᠪᠧᠲ᠋ᠯᠧᠾᠧᠮ ᠳᠤ ᠬᠥᠳᠡᠭᠡᠯᠡᠭᠦᠯᠵᠡᠢ᠃

11 ᠲᠡᠭᠦᠨ ᠦ ᠳᠠᠷᠠᠭ᠎ᠠ ᠽᠧᠪᠦ᠋ᠯᠣᠨ ᠬᠥᠮᠦᠨ ᠡᠯᠣᠨ ᠰᠢᠭᠦᠭᠴᠢ ᠪᠣᠯᠣᠭᠠᠳ ᠢᠰᠷᠧᠯ ᠢ ᠠᠷᠪᠠᠨ ᠵᠢᠯ ᠤᠳᠤᠷᠢᠳᠪᠠ᠃ 12 ᠽᠧᠪᠦ᠋ᠯᠣᠨ ᠬᠥᠮᠦᠨ ᠡᠯᠣᠨ ᠥᠭᠡᠳᠡ ᠪᠣᠯᠬᠤ ᠳᠤ᠂ ᠲᠡᠭᠦᠨ ᠢ ᠽᠧᠪᠦ᠋ᠯᠣᠨ ᠨᠤᠲᠤᠭ ᠤᠨ ᠠᠶᠠᠯᠣᠨ ᠳᠤ ᠬᠥᠳᠡᠭᠡᠯᠡᠭᠦᠯᠵᠡᠢ᠃

13 ᠲᠡᠭᠦᠨ ᠦ ᠳᠠᠷᠠᠭ᠎ᠠ ᠫᠢᠷᠠᠲ᠋ᠣᠨ ᠬᠥᠮᠦᠨ ᠾᠢᠯᠧᠯ ᠤᠨ ᠬᠥᠪᠡᠭᠦᠨ ᠠᠪᠳᠣᠨ ᠢᠰᠷᠧᠯ ᠤᠨ ᠰᠢᠭᠦᠭᠴᠢ ᠪᠣᠯᠪᠠ᠃ 14 ᠲᠡᠭᠦᠨ ᠳᠦ ᠳᠥᠴᠢᠨ ᠬᠥᠪᠡᠭᠦᠨ᠂ ᠭᠤᠴᠢᠨ ᠠᠴᠢ ᠪᠠᠢᠭᠰᠠᠨ ᠪᠥᠭᠡᠳ ᠲᠡᠳᠡ ᠳᠠᠯᠠᠨ ᠡᠯᠵᠢᠭᠡ ᠤᠨᠤᠳᠠᠭ ᠪᠠᠢᠪᠠ᠃ ᠲᠡᠷᠡ ᠨᠠᠢ᠌ᠮᠠᠨ ᠵᠢᠯ ᠢᠰᠷᠧᠯ ᠢ ᠤᠳᠤᠷᠢᠳᠪᠠ᠃ 15 ᠲᠡᠭᠡᠭᠡᠳ ᠫᠢᠷᠠᠲ᠋ᠣᠨ ᠬᠥᠮᠦᠨ ᠾᠢᠯᠧᠯ ᠤᠨ ᠬᠥᠪᠡᠭᠦᠨ ᠠᠪᠳᠣᠨ ᠥᠭᠡᠳᠡ ᠪᠣᠯᠵᠤ᠂ ᠲᠡᠭᠦᠨ ᠢ ᠠᠮᠠᠯᠧᠺᠴᠤᠳ ᠤᠨ ᠠᠭᠤᠯᠠᠷᠬᠠᠭ ᠨᠤᠲᠤᠭ᠂ ᠲᠤᠬᠠᠢᠯᠠᠪᠠᠯ ᠡᠹᠷᠠᠢᠮ ᠳᠠᠬᠢ ᠫᠢᠷᠠᠲ᠋ᠣᠨ ᠳᠤ ᠣᠷᠣᠰᠢᠭᠤᠯᠪᠠ᠃