1 2 3 4 5 6 7 8 9 10 11 12 13 14 15 16 17 18 19 20 21


ᠰᠢᠭᠦᠭᠴᠢᠳ ᠵᠢᠷᠭᠤᠭ᠎ᠠ
 ᠮᠢᠳᠢᠶᠠᠨ ᠢᠰᠷᠧᠯ ᠢ ᠳᠠᠷᠤᠮᠲᠠᠯᠠᠪᠠ

1 ᠢᠰᠷᠧᠯᠴᠦᠳ ᠶᠣᠬᠣᠸᠠ ᠶᠢᠨ ᠮᠡᠯᠮᠡᠢ ᠶᠢᠨ ᠡᠮᠦᠨ᠎ᠡ ᠮᠠᠭᠤ ᠶᠢ ᠦᠢᠯᠡᠳᠪᠡ᠃ ᠶᠣᠬᠣᠸᠠ ᠲᠡᠳᠡᠨ ᠢ ᠳᠣᠯᠣᠭᠠᠨ ᠵᠢᠯ ᠮᠢᠳᠢᠶᠠᠨ ᠤ ᠭᠠᠷ ᠲᠤ ᠲᠤᠰᠢᠶᠠᠭᠰᠠᠨ ᠳᠤ᠂ 2 ᠢᠰᠷᠧᠯ ᠮᠢᠳᠢᠶᠠᠨ ᠤ ᠭᠠᠷ ᠳᠣᠣᠷ᠎ᠠ ᠳᠠᠷᠤᠯᠠᠭᠳᠠᠪᠠ᠃ ᠢᠰᠷᠧᠯᠴᠦᠳ ᠮᠢᠳᠢᠶᠠᠨ ᠠᠴᠠ ᠪᠣᠯᠵᠤ᠂ ᠠᠭᠤᠯᠠ᠂ ᠠᠭᠤᠢ ᠪᠣᠯᠣᠨ ᠪᠠᠷᠲᠠᠭ᠎ᠠ ᠲᠠᠢ ᠭᠠᠵᠠᠷ ᠲᠤ ᠬᠣᠷᠭᠣᠳᠠᠬᠤ ᠭᠠᠵᠠᠷ ᠪᠠᠢᠭᠤᠯᠪᠠ᠃ 3 ᠢᠰᠷᠧᠯ ᠲᠠᠷᠢᠶ᠎ᠠ ᠲᠠᠷᠢᠬᠤ ᠪᠣᠯᠭᠠᠨ ᠳᠤ᠂ ᠮᠢᠳᠢᠶᠠᠨᠴᠤᠳ ᠠᠮᠠᠯᠧᠺᠴᠤᠳ ᠪᠣᠯᠣᠨ ᠳᠣᠷᠣᠨ᠎ᠠ ᠶᠢᠨ ᠥᠭᠡᠷ᠎ᠡ ᠦᠨᠳᠦᠰᠦᠲᠡᠨ ᠲᠡᠢ ᠬᠠᠮᠲᠤ ᠬᠠᠯᠳᠠᠨ ᠢᠷᠡᠭᠡᠳ 4 ᠲᠡᠷᠡ ᠨᠤᠲᠤᠭ ᠲᠤ ᠬᠤᠸᠠᠷᠠᠩᠨᠠᠨ ᠰᠠᠭᠤᠵᠤ᠂ ᠭᠠᠽᠠ ᠬᠦᠷᠲᠡᠯᠡᠬᠢ ᠭᠠᠵᠠᠷ ᠤᠨ ᠭᠠᠷᠤᠯᠲᠠ ᠶᠢ ᠲᠠᠯᠬᠢᠳᠠᠵᠤ ᠪᠠᠢᠪᠠ᠃ ᠲᠡᠳᠡ ᠢᠰᠷᠧᠯᠴᠦᠳ ᠲᠦ ᠬᠣᠨᠢ᠂ ᠦᠬᠡᠷ᠂ ᠡᠯᠵᠢᠭᠡ ᠵᠡᠷᠭᠡ ᠠᠮᠢᠳᠤ ᠵᠦᠢᠯ ᠢ ᠦᠯᠡᠳᠡᠭᠡᠭᠰᠡᠨ ᠦᠭᠡᠢ᠃ 5 ᠲᠡᠳᠡ ᠮᠠᠯ ᠰᠦᠷᠦᠭ ᠪᠣᠯᠣᠨ ᠮᠠᠢᠬᠠᠨ ᠲᠠᠢ ᠪᠠᠨ ᠢᠷᠡᠳᠡᠭ ᠪᠥᠭᠡᠳ ᠲᠡᠳᠡ ᠪᠣᠯᠣᠨ ᠲᠡᠳᠡᠨ ᠦ ᠲᠡᠮᠡᠭᠡᠳ ᠨᠢ ᠴᠠᠷᠴᠠᠬᠠᠢ ᠮᠡᠲᠦ ᠲᠣᠭᠠᠯᠠᠰᠢ ᠦᠭᠡᠢ ᠣᠯᠠᠨ ᠪᠠᠢᠯ᠎ᠠ᠃ ᠲᠡᠳᠡ ᠡᠢᠨ ᠬᠦ ᠢᠷᠡᠵᠦ ᠭᠠᠵᠠᠷ ᠨᠤᠲᠤᠭ ᠢ ᠲᠠᠯᠬᠢᠳᠠᠳᠠᠭ ᠪᠠᠢᠪᠠ᠃ 6 ᠮᠢᠳᠢᠶᠠᠨ ᠢᠰᠷᠧᠯ ᠢ ᠬᠦᠨᠳᠦ ᠭᠠᠴᠢᠭᠳᠠᠯ ᠳᠤ ᠣᠷᠣᠭᠤᠯᠤᠭᠰᠠᠨ ᠳᠤ᠂ ᠢᠰᠷᠧᠯᠴᠦᠳ ᠶᠣᠬᠣᠸᠠ ᠤᠷᠤᠭᠤ ᠬᠠᠰᠬᠢᠷᠤᠭᠰᠠᠨ ᠪᠠᠢᠨ᠎ᠠ᠃

7 ᠢᠰᠷᠧᠯᠴᠦᠳ ᠮᠢᠳᠢᠶᠠᠨ ᠠᠴᠠ ᠪᠣᠯᠵᠤ ᠶᠣᠬᠣᠸᠠ ᠤᠷᠤᠭᠤ ᠬᠠᠰᠬᠢᠷᠬᠤ ᠳᠤ᠂ 8 ᠶᠣᠬᠣᠸᠠ ᠢᠰᠷᠧᠯᠴᠦᠳ ᠲᠦ ᠨᠢᠭᠡᠨ ᠡᠰᠢ ᠦᠵᠡᠭᠦᠯᠦᠭᠴᠢ ᠶᠢ ᠢᠯᠡᠭᠡᠪᠡ᠃ ᠲᠡᠷᠡ ᠡᠰᠢ ᠦᠵᠡᠭᠦᠯᠦᠭᠴᠢ ᠲᠡᠳᠡᠨ ᠳᠦ᠄ 《ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠪᠠ᠄ ᠪᠢ ᠲᠠ ᠨᠠᠷ ᠢ ᠶᠧᠵᠢᠫᠲ ᠡᠴᠡ ᠠᠪᠴᠢᠷᠠᠭᠰᠠᠨ ᠪᠢᠯᠡ᠂ ᠪᠢ ᠲᠠ ᠨᠠᠷ ᠢ ᠪᠣᠭᠣᠯᠴᠢᠯᠠᠯ ᠤᠨ ᠭᠡᠷ ᠡᠴᠡ ᠭᠠᠷᠭᠠᠵᠤ᠂ 9 ᠲᠠ ᠨᠠᠷ ᠢ ᠶᠧᠵᠢᠫᠲ᠋ᠴᠦᠳ ᠪᠣᠯᠣᠨ ᠲᠠ ᠨᠠᠷ ᠢ ᠳᠠᠷᠤᠯᠠᠭᠴᠢ ᠪᠦᠭᠦᠳᠡ ᠶᠢᠨ ᠭᠠᠷ ᠠᠴᠠ ᠪᠤᠯᠢᠶᠠᠨ ᠠᠪᠴᠤ ᠲᠡᠳᠡᠨ ᠢ ᠲᠠ ᠨᠠᠷ ᠤᠨ ᠡᠮᠦᠨ᠎ᠡ ᠡᠴᠡ ᠵᠠᠢᠯᠠᠭᠤᠯᠵᠤ᠂ ᠭᠠᠵᠠᠷ ᠨᠤᠲᠤᠭ ᠢ ᠨᠢ ᠲᠠ ᠨᠠᠷ ᠲᠤ ᠥᠭᠭᠥᠭᠰᠡᠨ᠃ 10 ᠪᠢ ᠲᠠ ᠨᠠᠷ ᠲᠤ᠄ 〈ᠲᠠ ᠨᠠᠷ ᠤᠨ ᠪᠤᠷᠬᠠᠨ ᠪᠣᠯ ᠶᠣᠬᠣᠸᠠ ᠪᠢ᠂ ᠲᠠ ᠨᠠᠷ ᠠᠮᠣᠷᠢᠴᠤᠳ ᠤᠨ ᠨᠤᠲᠤᠭ ᠲᠤ ᠰᠠᠭᠤᠵᠤ ᠪᠠᠢᠬᠤ ᠳᠠᠭᠠᠨ ᠲᠡᠳᠡᠨ ᠦ ᠪᠤᠷᠬᠠᠳ ᠠᠴᠠ ᠪᠦᠦ ᠡᠮᠢᠶᠡ〉 ᠭᠡᠵᠦ ᠬᠡᠯᠡᠭᠰᠡᠨ ᠪᠣᠯᠪᠠᠴᠤ ᠲᠠ ᠨᠠᠷ ᠮᠢᠨᠦ ᠳᠠᠭᠤ ᠬᠣᠭᠣᠯᠠᠢ ᠶᠢ ᠳᠠᠭᠠᠭᠰᠠᠨ ᠦᠭᠡᠢ》 ᠭᠡᠵᠡᠢ᠃
 ᠶᠣᠬᠣᠸᠠ ᠭᠢᠳᠧᠶᠣᠨ ᠢ ᠳᠠᠭᠤᠳᠠᠪᠠ

11 ᠶᠣᠬᠣᠸᠠ ᠶᠢᠨ ᠡᠯᠴᠢ ᠢᠷᠡᠵᠦ᠂ ᠣᠹᠷᠠ ᠳᠠᠬᠢ ᠴᠠᠷᠠᠰᠤᠨ ᠮᠣᠳᠣᠨ ᠤ ᠳᠣᠣᠷ᠎ᠠ ᠰᠠᠭᠤᠵᠠᠢ᠃ ᠲᠡᠷᠡ ᠨᠢ ᠠᠪᠢᠶᠧᠽᠧᠷ ᠬᠥᠮᠦᠨ ᠶᠣᠶᠠᠱ ᠤᠨ ᠡᠳ᠋ᠯᠡᠩ ᠪᠠᠢᠯ᠎ᠠ᠃ ᠲᠡᠭᠦᠨ ᠦ ᠬᠥᠪᠡᠭᠦᠨ ᠭᠢᠳᠧᠶᠣᠨ ᠮᠢᠳᠢᠶᠠᠨᠴᠤᠳ ᠲᠤ ᠮᠡᠳᠡᠭᠳᠡᠬᠦ ᠦᠭᠡᠢ ᠶᠢᠨ ᠲᠤᠯᠠᠳᠠ ᠦᠵᠦᠮ ᠦᠨ ᠰᠢᠬᠠᠭᠤᠷᠭ᠎ᠠ ᠳᠣᠲᠣᠷ᠎ᠠ ᠤᠯᠠᠭᠠᠨ ᠪᠤᠭᠤᠳᠠᠢ ᠪᠠᠨ ᠴᠣᠬᠢᠨ ᠠᠪᠴᠤ ᠪᠠᠢᠬᠤ ᠳᠤ᠂ 12 ᠶᠣᠬᠣᠸᠠ ᠶᠢᠨ ᠡᠯᠴᠢ ᠲᠡᠭᠦᠨ ᠳᠦ ᠦᠵᠡᠭᠳᠡᠵᠦ᠄ 《ᠡᠷᠡᠯᠬᠡᠭ ᠳᠠᠢᠴᠢᠨ ᠮᠢᠨᠢ᠂ ᠶᠣᠬᠣᠸᠠ ᠴᠢᠮ᠎ᠠ ᠲᠠᠢ ᠬᠠᠮᠲᠤ ᠪᠠᠢᠨ᠎ᠠ》 ᠭᠡᠪᠡ᠃ 13 ᠭᠢᠳᠧᠶᠣᠨ ᠲᠡᠭᠦᠨ ᠳᠦ᠄ 《ᠡᠵᠡᠨ ᠮᠢᠨᠢ᠂ ᠬᠡᠷᠪᠡ ᠶᠣᠬᠣᠸᠠ ᠪᠢᠳᠡᠨ ᠲᠡᠢ ᠬᠠᠮᠲᠤ ᠪᠠᠢᠳᠠᠭ ᠶᠤᠮ ᠪᠣᠯ ᠶᠠᠭᠠᠬᠢᠭᠠᠳ ᠡᠨᠡ ᠪᠦᠭᠦᠳᠡ ᠪᠢᠳᠡᠨ ᠳᠦ ᠲᠣᠬᠢᠶᠠᠯᠳᠤᠵᠤ ᠪᠠᠢᠨ᠎ᠠ ᠪᠤᠢ︖ ᠮᠠᠨ ᠤ ᠡᠴᠢᠭᠡ ᠡᠪᠦᠭᠡᠳ᠄ 〈ᠶᠣᠬᠣᠸᠠ ᠪᠢᠳᠡᠨ ᠢ ᠶᠧᠵᠢᠫᠲ ᠡᠴᠡ ᠠᠪᠴᠢᠷᠠᠭᠰᠠᠨ〉 ᠭᠡᠵᠦ ᠪᠢᠳᠡᠨ ᠳᠦ ᠬᠠᠭᠤᠴᠢᠯᠠᠳᠠᠭ ᠪᠠᠢᠭᠰᠠᠨ ᠠᠲᠠᠯ᠎ᠠ ᠲᠡᠳᠡᠭᠡᠷ ᠪᠦᠬᠦ ᠭᠠᠢᠬᠠᠮᠰᠢᠭ ᠨᠢ ᠬᠠᠮᠢᠭ᠎ᠠ ᠪᠠᠢᠨ᠎ᠠ ᠪᠤᠢ︖ ᠣᠳᠣ ᠶᠣᠬᠣᠸᠠ ᠪᠢᠳᠡᠨ ᠢ ᠣᠭᠣᠷᠴᠤ᠂ ᠮᠢᠳᠢᠶᠠᠨ ᠤ ᠭᠠᠷ ᠲᠤ ᠲᠤᠰᠢᠶᠠᠵᠠᠢ》 ᠭᠡᠬᠦ ᠳᠦ᠂ 14 ᠶᠣᠬᠣᠸᠠ ᠲᠡᠭᠦᠨ ᠳᠦ ᠬᠠᠨᠳᠤᠨ᠄ 《ᠴᠢ ᠲᠡᠷᠡ ᠯᠠ ᠬᠦᠴᠦ ᠪᠡᠷ ᠢᠶᠠᠨ ᠶᠠᠪᠤ᠂ ᠴᠢ ᠢᠰᠷᠧᠯ ᠢ ᠮᠢᠳᠢᠶᠠᠨ ᠤ ᠭᠠᠷ ᠠᠴᠠ ᠠᠪᠤᠷᠠᠬᠤ ᠪᠣᠯᠣᠨ᠎ᠠ᠃ ᠪᠢ ᠴᠢᠮᠠᠶᠢ ᠢᠯᠡᠭᠡᠵᠦ ᠪᠠᠢᠭ᠎ᠠ ᠪᠢᠰᠢ ᠤᠤ︖》 ᠭᠡᠪᠡ᠃ 15 ᠭᠢᠳᠧᠶᠣᠨ ᠬᠠᠷᠢᠭᠤ ᠳᠤᠨᠢ᠄ 《ᠡᠵᠡᠨ ᠮᠢᠨᠢ᠂ ᠪᠢ ᠶᠠᠭᠤ ᠪᠠᠷ ᠢᠰᠷᠧᠯ ᠢ ᠠᠪᠤᠷᠠᠵᠤ ᠴᠢᠳᠠᠬᠤ ᠪᠢᠯᠡ︖ ᠮᠠᠨ ᠤ ᠪᠦᠯᠢ ᠮᠠᠨᠠᠰᠧ ᠣᠪᠣᠭ ᠤᠨ ᠢᠶᠠᠨ ᠳᠣᠲᠣᠷ᠎ᠠ ᠬᠠᠮᠤᠭ ᠤᠨ ᠳᠣᠷᠣᠢ ᠪᠥᠭᠡᠳ ᠪᠢ ᠴᠤ ᠪᠦᠯᠢ ᠶᠢᠨ ᠬᠢᠨ ᠤ ᠪᠠᠨ ᠳᠣᠲᠣᠷ᠎ᠠ ᠬᠠᠮᠤᠭ ᠤᠨ ᠥᠴᠦᠬᠡᠨ ᠨᠢ ᠰᠢᠦ ᠳᠠ》 ᠭᠡᠬᠦ ᠳᠦ᠂ 16 ᠶᠣᠬᠣᠸᠠ ᠲᠡᠭᠦᠨ ᠳᠦ᠄ 《ᠪᠢ ᠴᠢᠮ᠎ᠠ ᠲᠠᠢ ᠬᠠᠮᠲᠤ ᠪᠠᠢᠨ᠎ᠠ︕ ᠴᠢ ᠭᠠᠭᠴᠠ ᠬᠥᠮᠦᠨ ᠢ ᠴᠣᠬᠢᠬᠤ ᠮᠡᠲᠦ ᠪᠦᠬᠦ ᠮᠢᠳᠢᠶᠠᠨᠴᠤᠳ ᠢ ᠴᠣᠬᠢᠬᠤ ᠪᠣᠯᠣᠨ᠎ᠠ》 ᠭᠡᠪᠡ᠃ 17 ᠭᠢᠳᠧᠶᠣᠨ ᠲᠡᠭᠦᠨ ᠳᠦ᠄ 《ᠬᠡᠷᠪᠡ ᠪᠢ ᠲᠠᠨ ᠤ ᠮᠡᠯᠮᠡᠢ ᠳᠦ ᠲᠠᠭᠠᠯᠠᠯ ᠢ ᠣᠯᠣᠭᠰᠠᠨ ᠪᠣᠯ᠂ ᠨᠠᠳᠠ ᠲᠠᠢ ᠶᠠᠷᠢᠯᠴᠠᠵᠤ ᠪᠤᠢ ᠨᠢ ᠲᠠ ᠮᠥᠨ ᠭᠡᠳᠡᠭ ᠦᠨ ᠲᠡᠮᠳᠡᠭ ᠢ ᠨᠠᠳᠠ ᠳᠤ ᠰᠣᠶᠣᠷᠬᠠᠭᠠᠴᠢ᠃ 18 ᠨᠠᠮᠠᠶᠢ ᠪᠤᠴᠠᠵᠤ ᠢᠷᠡᠲᠡᠯ᠎ᠡ ᠲᠠ ᠡ᠊ᠨᠳᠡ ᠡᠴᠡ ᠪᠦᠦ ᠶᠠᠪᠤᠭᠠᠴᠢ᠂ ᠪᠢ ᠡᠷᠭᠦᠯ ᠢᠶᠡᠨ ᠠᠪᠴᠢᠷᠠᠵᠤ ᠲᠠᠨ ᠤ ᠡᠮᠦᠨ᠎ᠡ ᠲᠠᠯᠪᠢᠶ᠎ᠠ》 ᠭᠡᠬᠦ ᠳᠦ᠂ ᠡᠵᠡᠨ᠄ 《ᠴᠢᠮᠠᠶᠢ ᠪᠤᠴᠠᠵᠤ ᠢᠷᠡᠲᠡᠯ᠎ᠡ ᠪᠢ ᠪᠠᠢᠬᠤ ᠪᠣᠯᠣᠨ᠎ᠠ》 ᠭᠡᠵᠦ ᠠᠢᠯᠠᠳᠪᠠ᠃

19 ᠭᠢᠳᠧᠶᠣᠨ ᠶᠠᠪᠤᠵᠤ᠂ ᠢᠰᠢᠭᠡ ᠲᠥᠬᠥᠭᠡᠷᠦᠭᠡᠳ᠂ ᠨᠢᠭᠡ ᠡᠹᠠ ᠭᠤᠯᠢᠷ ᠢᠶᠠᠷ ᠢᠰᠭᠡᠭᠡ ᠦᠭᠡᠢ ᠪᠣᠣᠪᠣ ᠬᠢᠵᠦ᠂ ᠮᠢᠬ᠎ᠠ ᠶᠢ ᠰᠠᠭᠰᠤᠨ ᠳᠣᠲᠣᠷ᠎ᠠ᠂ ᠱᠥᠯᠥ ᠶᠢ ᠲᠣᠭᠣᠭᠠᠨ ᠳᠤ ᠬᠢᠵᠦ᠂ ᠴᠠᠷᠠᠰᠤᠨ ᠮᠣᠳᠣᠨ ᠤ ᠳᠣᠣᠷ᠎ᠠ ᠠᠪᠴᠢᠷᠠᠨ ᠲᠩᠷᠢ ᠡᠯᠴᠢ ᠳᠤ ᠪᠠᠷᠢᠪᠠ᠃ 20 ᠪᠤᠷᠬᠠᠨ ᠤ ᠡᠯᠴᠢ᠄ 《ᠲᠡᠷᠡ ᠮᠢᠬ᠎ᠠ ᠶᠢ ᠢᠰᠭᠡᠭᠡ ᠦᠭᠡᠢ ᠪᠣᠣᠪᠣ ᠲᠠᠢ ᠬᠠᠮᠲᠤ ᠡᠨᠡ ᠬᠠᠳᠠᠨ ᠳᠡᠭᠡᠷ᠎ᠡ ᠲᠠᠯᠪᠢᠭᠠᠳ ᠱᠥᠯᠥ ᠶᠢ ᠳᠡᠭᠡᠷ᠎ᠡ ᠡᠴᠡ ᠨᠢ ᠴᠢᠳᠬᠤ》 ᠭᠡᠰᠡᠨ ᠳᠦ᠂ ᠭᠢᠳᠧᠶᠣᠨ ᠲᠡᠢᠨ ᠬᠦ ᠦᠢᠯᠡᠳᠪᠡ᠃ 21 ᠶᠣᠬᠣᠸᠠ ᠶᠢᠨ ᠡᠯᠴᠢ ᠭᠠᠷ ᠲᠠᠭᠠᠨ ᠪᠠᠢᠭᠰᠠᠨ ᠲᠠᠶᠠᠭ ᠢᠶᠠᠨ ᠰᠤᠩ᠋ᠭᠠᠨ ᠦᠵᠦᠭᠦᠷ ᠢ ᠨᠢ ᠮᠢᠬ᠎ᠠ ᠪᠣᠯᠣᠨ ᠢᠰᠭᠡᠭᠡ ᠦᠭᠡᠢ ᠪᠣᠣᠪᠣ ᠳᠤ ᠬᠦᠷᠭᠡᠮᠡᠭᠴᠡ ᠬᠠᠳᠠᠨ ᠠᠴᠠ ᠭᠠᠯ ᠳᠦᠷᠡᠯᠵᠡᠨ᠂ ᠮᠢᠬ᠎ᠠ ᠪᠣᠯᠣᠨ ᠢᠰᠭᠡᠭᠡ ᠦᠭᠡᠢ ᠪᠣᠣᠪᠣ ᠶᠢ ᠰᠢᠲᠠᠭᠠᠵᠤ ᠣᠷᠬᠢᠪᠠ᠃ ᠲᠡᠭᠡᠭᠡᠳ ᠶᠣᠬᠣᠸᠠ ᠶᠢᠨ ᠡᠯᠴᠢ ᠬᠠᠷᠠᠭᠳᠠᠬᠤ ᠦᠭᠡᠢ ᠪᠣᠯᠣᠭᠰᠠᠨ ᠳᠤ᠂ 22 ᠲᠡᠷᠡ ᠪᠣᠯ ᠶᠣᠬᠣᠸᠠ ᠶᠢᠨ ᠡᠯᠴᠢ ᠪᠠᠢᠭᠰᠠᠨ ᠢ ᠭᠢᠳᠧᠶᠣᠨ ᠤᠬᠠᠭᠠᠷᠠᠯ᠎ᠠ᠃ ᠭᠢᠳᠧᠶᠣᠨ᠄ 《ᠥ︕ ᠡᠵᠡᠨ ᠶᠣᠬᠣᠸᠠ ᠮᠢᠨᠢ᠂ ᠪᠢ ᠶᠣᠬᠣᠸᠠ ᠶᠢᠨ ᠡᠯᠴᠢ ᠲᠠᠢ ᠨᠢᠭᠤᠷ ᠲᠤᠯᠤᠨ ᠠᠭᠤᠯᠵᠠᠵᠠᠢ》 ᠭᠡᠰᠡᠨ ᠳᠦ᠂ 23 ᠶᠣᠬᠣᠸᠠ᠄ 《ᠰᠠᠨᠠᠭ᠎ᠠ ᠠᠮᠤᠷ ᠪᠠᠢᠭᠠᠷᠠᠢ᠂ ᠴᠢ ᠦᠬᠦᠬᠦ ᠦᠭᠡᠢ᠂ ᠪᠦᠦ ᠠᠶᠤ》 ᠭᠡᠵᠡᠢ᠃ 24 ᠡᠢᠮᠦ ᠡᠴᠡ ᠭᠢᠳᠧᠶᠣᠨ ᠲᠡᠨᠳᠡ ᠶᠣᠬᠣᠸᠠ ᠳᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠵᠤ᠂ ᠲᠡᠭᠦᠨ ᠢ ᠪᠠᠨ 《ᠶᠣᠬᠣᠸᠠ ᠱᠠᠯᠦ᠋ᠮ 7 》 ᠭᠡᠵᠦ ᠨᠡᠷᠡᠯᠡᠭᠰᠡᠨ ᠪᠥᠭᠡᠳ ᠲᠡᠷᠡ ᠨᠢ ᠥᠨᠥᠳᠥᠷ ᠬᠦᠷᠲᠡᠯ᠎ᠡ ᠠᠪᠢᠶᠧᠽᠧᠷᠴᠤᠳ ᠤᠨ ᠨᠤᠲᠤᠭ ᠣᠹᠷᠠ ᠳᠤ ᠪᠠᠢᠭᠰᠠᠭᠠᠷ ᠪᠠᠢᠨ᠎ᠠ᠃

25 ᠲᠡᠷᠡ ᠰᠥᠨᠢ ᠶᠣᠬᠣᠸᠠ ᠭᠢᠳᠧᠶᠣᠨ ᠳᠤ ᠠᠢᠯᠠᠳᠤᠨ᠄ 《ᠴᠢ ᠡᠴᠢᠭᠡ ᠶᠢᠨ ᠢᠶᠠᠨ ᠪᠤᠬ᠎ᠠ ᠶᠢ᠂ ᠲᠤᠬᠠᠢᠯᠠᠪᠠᠯ ᠳᠣᠯᠣᠭᠠᠨ ᠨᠠᠰᠤᠲᠠᠢ ᠬᠣᠶᠠᠳᠠᠬᠢ ᠪᠤᠬ᠎ᠠ ᠶᠢ ᠨᠢ ᠠᠪᠴᠢᠷᠠ᠂ ᠡᠴᠢᠭᠡ ᠶᠢᠨ ᠢᠶᠠᠨ ᠪᠠᠯ ᠳᠤ ᠵᠣᠷᠢᠭᠤᠯᠤᠭᠰᠠᠨ ᠲᠠᠬᠢᠯ ᠤᠨ ᠰᠢᠷᠡᠭᠡ ᠶᠢ ᠨᠤᠷᠠᠭᠠᠵᠤ᠂ ᠲᠡᠭᠦᠨ ᠦ ᠳᠡᠷᠭᠡᠳᠡᠬᠢ ᠠᠱᠧᠷᠠ ᠶᠢᠨ ᠱᠣᠩ ᠢ ᠴᠠᠪᠴᠢᠵᠤ ᠤᠨᠠᠭ᠎ᠠ᠃ 26 ᠲᠡᠭᠡᠭᠡᠳ ᠡᠨᠡ ᠲᠣᠯᠣᠭᠠᠳ ᠤᠨ ᠣᠷᠣᠢ ᠳᠤ ᠶᠣᠬᠣᠸᠠ ᠪᠤᠷᠬᠠᠨ ᠳᠠᠭᠠᠨ ᠵᠣᠷᠢᠭᠤᠯᠤᠨ ᠲᠠᠬᠢᠯ ᠤᠨ ᠰᠢᠷᠡᠭᠡ ᠶᠢ ᠵᠣᠬᠢᠰᠲᠠᠢ ᠪᠠᠢᠳᠠᠯ ᠢᠶᠠᠷ ᠪᠣᠰᠬᠠᠵᠤ᠂ ᠨᠥᠭᠥᠭᠡ ᠪᠤᠬ᠎ᠠ ᠶᠢ ᠠᠪᠴᠢᠷᠠᠨ᠂ ᠴᠠᠪᠴᠢᠵᠤ ᠤᠨᠠᠭᠠᠭᠰᠠᠨ ᠠᠱᠧᠷᠠ ᠶᠢᠨ ᠪᠠᠭᠠᠨ᠎ᠠ ᠶᠢᠨ ᠮᠣᠳᠣ ᠪᠠᠷ ᠭᠠᠯ ᠥᠷᠳᠡᠵᠦ ᠰᠢᠲᠠᠭᠠᠯᠭᠠᠲᠤ ᠲᠠᠬᠢᠯ ᠢ ᠡᠷᠭᠦᠭᠲᠦᠨ》 ᠭᠡᠰᠡᠨ ᠳᠦ᠂ 27 ᠭᠢᠳᠧᠶᠣᠨ ᠵᠠᠷᠤᠴᠠ ᠨᠠᠷ ᠤᠨ ᠢᠶᠠᠨ ᠳᠤᠮᠳᠠ ᠠᠴᠠ ᠠᠷᠪᠠᠨ ᠡᠷ᠎ᠡ ᠶᠢ ᠠᠪᠴᠤ᠂ ᠶᠣᠬᠣᠸᠠ ᠶᠢᠨ ᠠᠢᠯᠠᠳᠤᠭᠰᠠᠨ ᠶᠣᠰᠣᠭᠠᠷ ᠭᠦᠢᠴᠡᠳᠬᠡᠪᠡ᠃ ᠬᠠᠷᠢᠨ ᠲᠡᠷᠡ ᠭᠡᠷ ᠦᠨ ᠬᠢᠨ ᠡᠴᠡ ᠪᠡᠨ ᠪᠣᠯᠣᠨ ᠬᠣᠲᠠ ᠶᠢᠨ ᠬᠢᠨ ᠡᠴᠡ ᠪᠡᠨ ᠠᠶᠤᠵᠤ᠂ ᠡᠭᠦᠨ ᠢ ᠡᠳᠦᠷ ᠢᠶᠡᠷ ᠪᠢᠰᠢ ᠰᠥᠨᠢ ᠪᠠᠷ ᠦᠢᠯᠡᠳᠪᠡ᠃

28 ᠬᠣᠲᠠ ᠶᠢᠨ ᠬᠢᠨ ᠥᠷᠯᠥᠭᠡ ᠡᠷᠲᠡ ᠪᠣᠰᠣᠭᠠᠳ ᠬᠠᠷᠠᠬᠤ ᠳᠤ᠂ ᠪᠠᠯ ᠤᠨ ᠲᠠᠬᠢᠯ ᠤᠨ ᠰᠢᠷᠡᠭᠡ ᠨᠤᠷᠠᠭᠰᠠᠨ ᠪᠠᠢᠯ᠎ᠠ︕ ᠲᠡᠭᠦᠨ ᠦ ᠳᠡᠷᠭᠡᠳᠡᠬᠢ ᠠᠱᠧᠷᠠ ᠶᠢᠨ ᠪᠠᠭᠠᠨ᠎ᠠ ᠶᠢ ᠴᠠᠪᠴᠢᠨ ᠤᠨᠠᠭᠠᠭᠰᠠᠨ ᠪᠥᠭᠡᠳ ᠰᠢᠨ᠎ᠡ ᠪᠡᠷ ᠪᠣᠰᠬᠠᠭᠰᠠᠨ ᠲᠠᠬᠢᠯ ᠤᠨ ᠰᠢᠷᠡᠭᠡᠨ ᠳᠡᠭᠡᠷ᠎ᠡ ᠪᠤᠬ᠎ᠠ ᠪᠠᠷ ᠲᠠᠬᠢᠯ ᠡᠷᠭᠦᠭᠰᠡᠨ ᠪᠠᠢᠪᠠ᠃ 29 ᠲᠡᠳᠡ ᠬᠣᠭᠣᠷᠣᠨᠳᠣ ᠪᠠᠨ᠄ 《ᠬᠡᠨ ᠡᠭᠦᠨ ᠢ ᠦᠢᠯᠡᠳᠪᠡ︖》 ᠭᠡᠯᠴᠡᠵᠦ᠂ ᠪᠠᠢᠴᠠᠭᠠᠨ ᠰᠢᠯᠭᠠᠭᠠᠳ ᠶᠣᠶᠠᠱ ᠤᠨ ᠬᠥᠪᠡᠭᠦᠨ ᠭᠢᠳᠧᠶᠣᠨ ᠡᠭᠦᠨ ᠢ ᠦᠢᠯᠡᠳᠦᠭᠰᠡᠨ ᠢ ᠮᠡᠳᠡᠪᠡ᠃ 30 ᠬᠣᠲᠠ ᠶᠢᠨ ᠬᠥᠮᠦᠰ ᠶᠣᠶᠠᠱ ᠲᠤ᠄ 《ᠬᠦᠦ ᠪᠡᠨ ᠭᠠᠷᠭᠠᠵᠤ ᠢᠷ᠎ᠡ᠃ ᠲᠡᠷᠡ ᠪᠠᠯ ᠤᠨ ᠲᠠᠬᠢᠯ ᠤᠨ ᠰᠢᠷᠡᠭᠡ ᠶᠢ ᠨᠤᠷᠠᠭᠠᠨ᠂ ᠲᠡᠭᠦᠨ ᠦ ᠳᠡᠷᠭᠡᠳᠡᠬᠢ ᠠᠱᠧᠷᠠ ᠶᠢᠨ ᠪᠠᠭᠠᠨ᠎ᠠ ᠶᠢ ᠴᠠᠪᠴᠢᠨ ᠤᠨᠠᠭᠠᠭᠰᠠᠨ ᠲᠤᠯᠠ ᠦᠬᠦᠬᠦ ᠶᠣᠰᠣᠲᠠᠢ》 ᠭᠡᠰᠡᠨ ᠳᠦ᠂ 31 ᠶᠣᠶᠠᠱ ᠥᠪᠡᠷ ᠢ ᠨᠢ ᠪᠦᠰᠡᠯᠡᠨ ᠦᠢᠮᠡᠯᠳᠦᠵᠦ ᠪᠤᠢ ᠪᠦᠭᠦᠳᠡ ᠳᠦ᠄ 《ᠲᠠ ᠨᠠᠷ ᠪᠠᠯ ᠤᠨ ᠲᠥᠯᠥᠭᠡ ᠲᠡᠮᠡᠴᠡᠶ᠎ᠡ ᠭᠡᠵᠦ ᠪᠠᠢᠨ᠎ᠠ ᠤᠤ︖ ᠲᠡᠭᠦᠨ ᠢ ᠠᠪᠤᠷᠠᠶ᠎ᠠ ᠭᠡᠵᠦ ᠪᠠᠢᠨ᠎ᠠ ᠤᠤ︖ ᠪᠠᠯ ᠤᠨ ᠲᠥᠯᠥᠭᠡ ᠲᠡᠮᠡᠴᠡᠭᠴᠢ ᠨᠢ ᠥᠷᠯᠥᠭᠡ ᠠᠯᠠᠭᠳᠠᠬᠤ ᠪᠣᠯᠣᠨ᠎ᠠ᠃ ᠬᠡᠷᠪᠡ ᠪᠠᠯ ᠪᠤᠷᠬᠠᠨ ᠮᠥᠨ ᠶᠤᠮ ᠪᠣᠯ ᠨᠤᠷᠠᠭᠠᠭᠳᠠᠭᠰᠠᠨ ᠲᠠᠬᠢᠯ ᠤᠨ ᠰᠢᠷᠡᠭᠡ ᠶᠢᠨ ᠢᠶᠠᠨ ᠲᠥᠯᠥᠭᠡ ᠥᠪᠡᠷ ᠢᠶᠡᠨ ᠲᠡᠮᠡᠴᠡᠭ》 ᠭᠡᠪᠡ᠃ 32 ᠲᠡᠷᠡ ᠡᠳᠦᠷ ᠭᠢᠳᠧᠶᠣᠨ ᠢ 〈ᠶᠧᠷᠦ᠋ᠪᠠᠯ〉 ᠭᠡᠵᠦ ᠨᠡᠷᠡᠯᠡᠪᠡ᠃ ᠲᠡᠷᠡ ᠪᠠᠯ ᠤᠨ ᠲᠠᠬᠢᠯ ᠤᠨ ᠰᠢᠷᠡᠭᠡ ᠶᠢ ᠨᠤᠷᠠᠭᠠᠭᠰᠠᠨ ᠲᠤᠯᠠ 〈ᠪᠠᠯ ᠥᠪᠡᠷ ᠢᠶᠡᠨ ᠲᠡᠭᠦᠨ ᠲᠡᠢ ᠲᠡᠮᠡᠴᠡᠬᠦ ᠪᠣᠯᠣᠨ᠎ᠠ〉 ᠭᠡᠰᠡᠨ ᠤᠳᠬ᠎ᠠ ᠪᠠᠷ ᠲᠡᠢᠨ ᠬᠦ ᠨᠡᠷᠡᠯᠡᠭᠳᠡᠭᠰᠡᠨ ᠪᠠᠢᠨ᠎ᠠ᠃
 ᠨᠣᠣᠰᠣ ᠪᠣᠯᠣᠨ ᠰᠢᠭᠦᠳᠡᠷᠢ

33 ᠮᠢᠳᠢᠶᠠᠨᠴᠤᠳ᠂ ᠠᠮᠠᠯᠧᠺᠴᠤᠳ ᠪᠣᠯᠣᠨ ᠳᠣᠷᠣᠨ᠎ᠠ ᠶᠢᠨ ᠦᠨᠳᠦᠰᠦᠲᠡᠨ ᠨᠦᠭᠦᠳ ᠪᠦᠭᠦᠳᠡᠭᠡᠷ ᠢᠶᠡᠨ ᠨᠢᠭᠡᠳᠦᠨ᠂ ᠶᠣᠷᠳᠠᠨ ᠭᠣᠣᠯ ᠢ ᠭᠠᠲᠤᠯᠵᠤ ᠢᠷᠡᠭᠡᠳ ᠶᠧᠽᠷᠧᠯ ᠤᠨ ᠬᠥᠨᠳᠡᠢ ᠳᠦ ᠬᠤᠸᠠᠷᠠᠩᠨᠠᠨ ᠪᠠᠭᠤᠬᠤ ᠳᠤ᠂ 34 ᠶᠣᠬᠣᠸᠠ ᠶᠢᠨ ᠰᠦᠨᠡᠰᠦ ᠭᠢᠳᠧᠶᠣᠨ ᠢ ᠡᠵᠡᠮᠳᠡᠯ᠎ᠡ᠃ ᠭᠢᠳᠧᠶᠣᠨ ᠡᠪᠡᠷ ᠪᠦᠷᠢᠶ᠎ᠡ ᠦᠯᠢᠶᠡᠬᠦ ᠳᠦ᠂ ᠠᠪᠢᠶᠧᠽᠧᠷᠴᠤᠳ ᠴᠤᠭᠯᠠᠷᠠᠵᠤ ᠲᠡᠭᠦᠨ ᠢ ᠳᠠᠭᠠᠪᠠ᠃ 35 ᠭᠢᠳᠧᠶᠣᠨ ᠮᠠᠨᠠᠰᠧ ᠳᠠᠶᠠᠭᠠᠷ ᠡᠯᠴᠢᠳ ᠢᠯᠡᠭᠡᠭᠰᠡᠨ ᠳᠦ᠂ ᠲᠡᠳᠡ ᠴᠤ ᠴᠤᠭᠯᠠᠷᠠᠵᠤ ᠲᠡᠭᠦᠨ ᠢ ᠳᠠᠭᠠᠵᠠᠢ᠂ ᠪᠠᠰᠠ ᠠᠱᠧᠷ᠂ ᠽᠧᠪᠦ᠋ᠯᠣᠨ ᠪᠣᠯᠣᠨ ᠨᠠᠹᠲ᠋ᠠᠯᠢ ᠤᠷᠤᠭᠤ ᠢᠯᠡᠭᠡᠭᠰᠡᠨ ᠳᠦ᠂ ᠲᠡᠳᠡ ᠴᠤ ᠢᠷᠡᠵᠦ ᠲᠡᠭᠦᠨ ᠲᠡᠢ ᠠᠭᠤᠯᠵᠠᠪᠠ᠃

36 ᠭᠢᠳᠧᠶᠣᠨ ᠪᠤᠷᠬᠠᠨ ᠳᠤ᠄ 《ᠬᠡᠷᠪᠡ ᠲᠠ ᠠᠢᠯᠠᠳᠤᠭᠰᠠᠨ ᠶᠣᠰᠣᠭᠠᠷ ᠢᠶᠠᠨ ᠮᠢᠨᠦ ᠭᠠᠷ ᠢᠶᠠᠷ ᠢᠰᠷᠧᠯ ᠢ ᠠᠪᠤᠷᠠᠬᠤ ᠭᠡᠵᠦ ᠪᠠᠢᠭ᠎ᠠ ᠪᠣᠯ — 37 ᠬᠠᠷᠠ᠂ ᠪᠢ ᠬᠢᠷᠭᠠᠭᠰᠠᠨ ᠨᠣᠣᠰᠣ ᠶᠢ ᠦᠲᠦᠷᠮ᠎ᠡ ᠶᠢᠨ ᠱᠠᠯᠠ ᠳᠡᠭᠡᠷ᠎ᠡ ᠲᠠᠯᠪᠢᠨ᠎ᠠ᠃ ᠬᠡᠷᠪᠡ ᠰᠢᠭᠦᠳᠡᠷᠢ ᠵᠥᠪᠬᠡᠨ ᠨᠣᠣᠰᠣᠨ ᠳᠡᠭᠡᠷ᠎ᠡ ᠯᠠ ᠪᠠᠭᠤᠵᠤ᠂ ᠭᠠᠵᠠᠷ ᠨᠡᠢᠳᠡᠮ ᠳᠡᠭᠡᠨ ᠬᠠᠭᠤᠷᠠᠢ ᠪᠠᠢᠪᠠᠯ᠂ ᠲᠠ ᠠᠮᠠᠯᠠᠭᠰᠠᠨ ᠶᠣᠰᠣᠭᠠᠷ ᠢᠶᠠᠨ ᠮᠢᠨᠦ ᠭᠠᠷ ᠢᠶᠠᠷ ᠢᠰᠷᠧᠯ ᠢ ᠠᠪᠤᠷᠠᠨ᠎ᠠ ᠭᠡᠳᠡᠭ ᠢ ᠪᠢ ᠮᠡᠳᠡᠬᠦ ᠪᠣᠯᠣᠨ᠎ᠠ》 ᠭᠡᠰᠡᠨ ᠳᠦ᠂ 38 ᠶᠠᠭ ᠲᠡᠷᠡ ᠶᠣᠰᠣᠭᠠᠷ ᠪᠣᠯᠪᠠ᠃ ᠭᠢᠳᠧᠶᠣᠨ ᠮᠠᠷᠭᠠᠰᠢ ᠨᠢ ᠡᠷᠲᠡᠯᠡᠨ ᠪᠣᠰᠣᠭᠠᠳ ᠨᠣᠣᠰᠣ ᠪᠠᠨ ᠪᠠᠵᠠᠭᠰᠠᠨ ᠳᠤ᠂ ᠨᠣᠣᠰᠣᠨ ᠠᠴᠠ ᠰᠢᠭᠦᠳᠡᠷᠢ ᠶᠢᠨ ᠤᠰᠤ ᠭᠠᠷᠴᠤ ᠨᠢᠭᠡ ᠳᠣᠩᠪᠣ ᠳᠦᠭᠦᠷᠪᠡ᠃

39 ᠭᠢᠳᠧᠶᠣᠨ ᠪᠤᠷᠬᠠᠨ ᠠᠴᠠ ᠭᠤᠶᠤᠨ᠄ 《ᠨᠠᠳᠠ ᠳᠤ ᠪᠦᠦ ᠠᠭᠤᠷᠯᠠᠭᠠᠴᠢ᠂ ᠳᠠᠬᠢᠭᠠᠳ ᠨᠢᠭᠡ ᠯᠠ ᠤᠳᠠᠭ᠎ᠠ ᠶᠠᠷᠢᠶ᠎ᠠ᠂ ᠨᠢᠭᠡ ᠯᠠ ᠤᠳᠠᠭ᠎ᠠ ᠨᠣᠣᠰᠣ ᠪᠠᠷ ᠰᠢᠯᠭᠠᠬᠤ ᠶᠢ ᠮᠢᠨᠢ ᠵᠥᠪᠰᠢᠶᠡᠷᠡᠭᠡᠴᠢ᠃ ᠵᠥᠪᠬᠡᠨ ᠡᠨᠡ ᠨᠣᠣᠰᠣ ᠶᠢ ᠬᠠᠭᠤᠷᠠᠢ ᠪᠠᠢᠯᠭᠠᠵᠤ᠂ ᠭᠠᠵᠠᠷ ᠳᠡᠭᠡᠷ᠎ᠡ ᠨᠡᠢᠳᠡᠮ ᠳᠦᠨᠢ ᠰᠢᠭᠦᠳᠡᠷᠢ ᠪᠠᠭᠤᠯᠭᠠᠭᠠᠴᠢ》 ᠭᠡᠰᠡᠨ ᠳᠦ᠂ 40 ᠪᠤᠷᠬᠠᠨ ᠲᠡᠷᠡ ᠰᠥᠨᠢ ᠲᠡᠷᠡ ᠶᠣᠰᠣᠭᠠᠷ ᠨᠢ ᠦᠢᠯᠡᠳᠪᠡ᠃ ᠵᠥᠪᠬᠡᠨ ᠨᠣᠣᠰᠣ ᠨᠢ ᠬᠠᠭᠤᠷᠠᠢ ᠪᠠᠢᠵᠤ᠂ ᠭᠠᠵᠠᠷ ᠳᠡᠭᠡᠷ᠎ᠡ ᠨᠡᠢᠳᠡᠮ ᠳᠦᠨᠢ ᠰᠢᠭᠦᠳᠡᠷᠢ ᠪᠠᠭᠤᠭᠰᠠᠨ ᠪᠠᠢᠪᠠ᠃