ᠰᠢᠭᠦᠭᠴᠢᠳ ᠶᠢᠰᠦ
ᠠᠪᠢᠮᠧᠯᠧᠺ ᠬᠠᠭᠠᠨ ᠪᠣᠯᠪᠠ
1 ᠶᠧᠷᠦ᠋ᠪᠠᠯ ᠤᠨ ᠬᠥᠪᠡᠭᠦᠨ ᠠᠪᠢᠮᠧᠯᠧᠺ ᠱᠧᠺᠧᠮ ᠳᠤ ᠣᠴᠢᠭᠠᠳ ᠨᠠᠭᠠᠴᠤ ᠨᠠᠷ ᠲᠠᠢ ᠪᠠᠨ ᠠᠭᠤᠯᠵᠠᠨ᠂ ᠲᠡᠳᠡᠨ ᠡᠴᠡ᠂ ᠮᠥᠨ ᠡᠬᠡ ᠶᠢᠨ ᠢᠶᠠᠨ ᠡᠴᠢᠭᠡ ᠶᠢᠨ ᠪᠦᠬᠦ ᠭᠡᠷ ᠪᠦᠯᠢ ᠶᠢᠨ ᠬᠢᠨ ᠳᠤ᠄ 2 《ᠲᠠ ᠨᠠᠷ ᠱᠧᠺᠧᠮ ᠤᠨ ᠪᠦᠬᠦ ᠢᠷᠭᠡᠨ ᠡᠴᠡ᠄ 〈ᠶᠧᠷᠦ᠋ᠪᠠᠯ ᠤᠨ ᠪᠦᠬᠦ ᠬᠥᠪᠡᠭᠦᠨ ᠪᠣᠯᠬᠤ ᠳᠠᠯᠠᠨ ᠬᠥᠮᠦᠨ ᠳᠦ ᠵᠠᠬᠢᠷᠤᠭᠳᠠᠬᠤ᠂ ᠡᠰᠡᠪᠡᠯ ᠭᠠᠭᠴᠠ ᠬᠥᠮᠦᠨ ᠳᠦ ᠵᠠᠬᠢᠷᠤᠭᠳᠠᠬᠤ ᠶᠢᠨ ᠠᠯᠢ ᠨᠢ ᠲᠠ ᠨᠠᠷ ᠲᠤ ᠳᠡᠭᠡᠷ᠎ᠡ ᠪᠤᠢ︖〉 ᠭᠡᠵᠦ ᠠᠰᠠᠭᠤᠭᠠᠴᠢ᠃ ᠪᠢ ᠪᠣᠯ ᠲᠠ ᠨᠠᠷ ᠤᠨ ᠶᠠᠰᠤ ᠮᠢᠬᠠᠨ ᠤ ᠲᠠᠰᠤᠷᠬᠠᠢ ᠭᠡᠳᠡᠭ ᠢ ᠰᠠᠨᠠᠭᠠᠴᠢ》 ᠭᠡᠪᠡ᠃ 3 ᠲᠡᠭᠦᠨ ᠦ ᠨᠠᠭᠠᠴᠤ ᠨᠠᠷ ᠡᠳᠡᠭᠡᠷ ᠦᠭᠡ ᠶᠢ ᠱᠧᠺᠧᠮ ᠤᠨ ᠪᠦᠬᠦ ᠢᠷᠭᠡᠨ ᠳᠦ ᠳᠤᠭᠤᠯᠭᠠᠪᠠ᠂ ᠠᠪᠢᠮᠧᠯᠧᠺ ᠲᠡᠳᠡᠨ ᠦ ᠬᠠᠮᠢᠶᠠᠲᠠᠨ ᠪᠣᠯᠬᠣᠷ ᠲᠡᠳᠡᠨ ᠦ ᠰᠡᠳᠬᠢᠯ ᠲᠡᠭᠦᠨ ᠤᠷᠤᠭᠤ ᠲᠠᠲᠠᠭᠳᠠᠵᠠᠢ᠃ 4 ᠲᠡᠳᠡ ᠪᠠᠯ ᠪᠧᠷᠢᠲ 10 ᠤᠨ ᠳᠤᠭᠠᠩ ᠠᠴᠠ ᠳᠠᠯᠠᠨ ᠮᠥᠩᠭᠥᠨ ᠵᠣᠭᠣᠰ ᠠᠪᠴᠤ ᠠᠪᠢᠮᠧᠯᠧᠺ ᠲᠤ ᠥᠭᠭᠥᠭᠰᠡᠨ ᠳᠦ᠂ ᠲᠡᠷᠡ ᠡᠭᠦᠨ ᠢᠶᠡᠷ ᠬᠥᠩᠭᠡᠨ ᠬᠠᠭᠤᠮᠠᠭᠠᠢ ᠬᠥᠮᠦᠰ ᠢ ᠬᠥᠯᠥᠰᠥᠯᠡᠪᠡ᠃ ᠲᠡᠳᠡ ᠠᠪᠢᠮᠧᠯᠧᠺ ᠢ ᠳᠠᠭᠠᠵᠤ ᠶᠠᠪᠤᠵᠠᠢ᠃ 5 ᠲᠡᠭᠡᠭᠡᠳ ᠲᠡᠷᠡ ᠣᠹᠷᠠ ᠳᠠᠬᠢ ᠡᠴᠢᠭᠡ ᠶᠢᠨ ᠢᠶᠠᠨ ᠭᠡᠷ ᠲᠦ ᠣᠴᠢᠵᠤ᠂ ᠶᠧᠷᠦ᠋ᠪᠠᠯ ᠤᠨ ᠬᠥᠪᠡᠭᠦᠳ᠂ ᠲᠤᠬᠠᠢᠯᠠᠪᠠᠯ ᠥᠪᠡᠷ ᠦᠨ ᠠᠬ᠎ᠠ ᠳᠡᠭᠦᠦ ᠪᠣᠯᠬᠤ ᠳᠠᠯᠠᠨ ᠬᠥᠮᠦᠨ ᠢ ᠨᠢᠭᠡ ᠬᠠᠳᠠᠨ ᠳᠡᠭᠡᠷ᠎ᠡ ᠠᠯᠠᠭᠰᠠᠨ ᠪᠠᠢᠨ᠎ᠠ᠃ ᠭᠠᠭᠴᠠ ᠬᠦ ᠶᠧᠷᠦ᠋ᠪᠠᠯ ᠤᠨ ᠣᠳᠬᠣᠨ ᠬᠥᠪᠡᠭᠦᠨ ᠶᠣᠲ᠋ᠠᠮ ᠨᠢᠭᠤᠭᠳᠠᠭᠰᠠᠨ ᠲᠤᠯᠠ ᠠᠮᠢᠳᠤ ᠭᠠᠷᠴᠠᠢ᠃ 6 ᠱᠧᠺᠧᠮ ᠪᠣᠯᠣᠨ ᠪᠧᠲ ᠮᠢᠯᠣ᠋ ᠶᠢᠨ ᠪᠦᠬᠦ ᠢᠷᠭᠡᠨ ᠱᠧᠺᠧᠮ ᠳᠤ ᠪᠠᠢᠳᠠᠭ ᠰᠢᠲᠦᠭᠡᠨ ᠦ ᠪᠠᠭᠠᠨ᠎ᠠ ᠶᠢᠨ ᠳᠡᠷᠭᠡᠳᠡᠬᠢ ᠴᠠᠷᠠᠰᠤᠨ ᠮᠣᠳᠣᠨ ᠳᠣᠣᠷ᠎ᠠ ᠠᠪᠢᠮᠧᠯᠧᠺ ᠢ ᠬᠠᠭᠠᠨ ᠢᠶᠠᠷ ᠡᠷᠭᠦᠮᠵᠢᠯᠡᠪᠡ᠃
ᠶᠣᠲ᠋ᠠᠮ ᠤᠨ ᠦᠯᠢᠭᠡᠷᠯᠡᠯ
7 ᠬᠥᠮᠦᠰ ᠡᠨᠡ ᠲᠤᠬᠠᠢ ᠶᠣᠲ᠋ᠠᠮ ᠳᠤ ᠮᠡᠳᠡᠭᠳᠡᠬᠦ ᠳᠦ᠂ ᠲᠡᠷᠡ ᠭᠧᠷᠢᠽᠢᠮ ᠠᠭᠤᠯᠠ ᠶᠢᠨ ᠣᠷᠭᠢᠯ ᠳᠡᠭᠡᠷ᠎ᠡ ᠭᠠᠷᠴᠤ ᠵᠣᠭᠰᠣᠭᠠᠳ᠂ ᠲᠡᠳᠡᠨ ᠳᠦ ᠥᠨᠳᠥᠷ ᠳᠠᠭᠤ ᠪᠠᠷ ᠬᠠᠰᠬᠢᠷᠤᠨ ᠬᠡᠯᠡᠪᠡ᠄ 《ᠮᠢᠨᠦᠬᠢ ᠶᠢ ᠰᠣᠨᠣᠰᠴᠠᠭ᠎ᠠ᠂ ᠱᠧᠺᠧᠮ ᠤᠨ ᠢᠷᠭᠡᠳ ᠡ᠂ ᠲᠡᠭᠡᠪᠡᠯ ᠪᠤᠷᠬᠠᠨ ᠴᠤ ᠲᠠ ᠨᠠᠷ ᠤᠨ ᠬᠢ ᠶᠢ ᠰᠣᠨᠣᠰᠣᠨ᠎ᠠ᠃ 8 ᠨᠢᠭᠡᠨ ᠡᠳᠦᠷ ᠮᠣᠳᠣᠳ ᠥᠪᠡᠷᠰᠡᠳ ᠦᠨ ᠢᠶᠠᠨ ᠬᠠᠭᠠᠨ ᠢ ᠡᠷᠭᠦᠮᠵᠢᠯᠡᠨ ᠲᠣᠰᠣᠯᠠᠬᠤ ᠪᠠᠷ ᠶᠠᠪᠤᠵᠠᠭᠠᠵᠠᠢ᠃ ᠲᠡᠳᠡ ᠴᠢᠳᠦᠨ ᠮᠣᠳᠣᠨ ᠳᠤ᠄ 〈ᠮᠠᠨ ᠤ ᠬᠠᠭᠠᠨ ᠪᠣᠯᠣᠭᠠᠴᠢ〉 ᠭᠡᠰᠡᠨ ᠳᠦ᠂ 9 ᠴᠢᠳᠦᠨ ᠮᠣᠳᠣ ᠲᠡᠳᠡᠨ ᠳᠦ᠄ 〈ᠪᠢ ᠲᠣᠰᠣ ᠪᠠᠷ ᠢᠶᠠᠨ ᠪᠤᠷᠬᠠᠨ ᠪᠠ ᠬᠥᠮᠦᠰ ᠲᠦ ᠠᠯᠳᠠᠷ ᠬᠦᠨᠳᠦ ᠥᠭᠴᠦ ᠪᠠᠢᠲᠠᠯ᠎ᠠ ᠪᠠᠨ ᠲᠣᠰᠣ ᠥᠭᠬᠦ ᠪᠡᠨ ᠪᠣᠯᠢᠵᠤ᠂ ᠲᠡᠨᠳᠡ ᠣᠴᠢᠭᠠᠳ ᠮᠣᠳᠣᠳ ᠤᠨ ᠳᠡᠭᠡᠭᠦᠷ ᠨᠠᠢᠭᠤᠨ ᠭᠠᠩ᠋ᠬᠤᠬᠤ ᠭᠡᠵᠢ ᠤᠤ︖〉 ᠬᠡᠮᠡᠪᠡ᠃ 10 ᠲᠡᠭᠡᠬᠦ ᠪᠡᠷ ᠨᠢ ᠮᠣᠳᠣᠳ ᠢᠨᠵᠢᠷ ᠤᠨ ᠮᠣᠳᠣᠨ ᠳᠤ᠄ 〈ᠲᠠ ᠢᠷᠡᠵᠦ᠂ ᠮᠠᠨ ᠤ ᠬᠠᠲᠤᠨ ᠪᠣᠯᠣᠭᠠᠴᠢ〉 ᠭᠡᠰᠡᠨ ᠳᠦ᠂ 11 ᠢᠨᠵᠢᠷ ᠤᠨ ᠮᠣᠳᠣ᠄ 〈ᠪᠢ ᠠᠮᠲᠠᠯᠢᠭ ᠰᠠᠢᠬᠠᠨ ᠦᠷ᠎ᠡ ᠵᠢᠮᠢᠰ ᠥᠭᠬᠦ ᠪᠡᠨ ᠪᠣᠯᠢᠵᠤ᠂ ᠲᠡᠨᠳᠡ ᠣᠴᠢᠭᠠᠳ ᠮᠣᠳᠣᠳ ᠤᠨ ᠳᠡᠭᠡᠭᠦᠷ ᠨᠠᠢᠭᠤᠨ ᠭᠠᠩ᠋ᠬᠤᠬᠤ ᠭᠡᠵᠢ ᠤᠤ︖〉 ᠭᠡᠵᠦ ᠬᠡᠯᠡᠪᠡ᠃ 12 ᠮᠣᠳᠣᠳ ᠦᠵᠦᠮ ᠦᠨ ᠮᠣᠳᠣᠨ ᠳᠤ᠄ 〈ᠲᠠ ᠢᠷᠡᠵᠦ᠂ ᠮᠠᠨ ᠤ ᠬᠠᠲᠤᠨ ᠪᠣᠯᠣᠭᠠᠴᠢ〉 ᠭᠡᠰᠡᠨ ᠳᠦ᠂ 13 ᠦᠵᠦᠮ ᠦᠨ ᠮᠣᠳᠣ ᠲᠡᠳᠡᠨ ᠳᠦ᠄ 〈ᠪᠢ ᠥᠪᠡᠷ ᠦᠨ ᠳᠠᠷᠠᠰᠤ ᠪᠠᠷ ᠪᠤᠷᠬᠠᠨ ᠪᠣᠯᠣᠨ ᠬᠥᠮᠦᠰ ᠢ ᠪᠠᠶᠠᠷᠯᠠᠭᠤᠯᠵᠤ ᠪᠠᠢᠭ᠎ᠠ ᠪᠠᠢᠲᠠᠯ᠎ᠠ ᠪᠠᠨ ᠳᠠᠷᠠᠰᠤ ᠥᠭᠬᠦ ᠪᠡᠨ ᠪᠣᠯᠢᠵᠤ᠂ ᠲᠡᠨᠳᠡ ᠣᠴᠢᠭᠠᠳ ᠮᠣᠳᠣᠳ ᠤᠨ ᠳᠡᠭᠡᠭᠦᠷ ᠨᠠᠢᠭᠤᠨ ᠭᠠᠩ᠋ᠬᠤᠬᠤ ᠬᠡᠷᠡᠭ ᠤᠤ︖〉 ᠭᠡᠪᠡ᠃ 14 ᠡᠴᠦᠰ ᠲᠤᠨᠢ ᠮᠣᠳᠣᠳ ᠪᠦᠭᠦᠳᠡᠭᠡᠷ ᠢᠶᠡᠨ ᠥᠷᠭᠡᠰᠦᠲᠦ ᠦᠭᠦᠷᠭᠡᠨ᠎ᠡ ᠳᠦ᠄ 〈ᠲᠠ ᠢᠷᠡᠵᠦ᠂ ᠪᠢᠳᠡᠨ ᠦ ᠬᠠᠭᠠᠨ ᠪᠣᠯᠣᠭᠠᠴᠢ〉 ᠭᠡᠰᠡᠨ ᠳᠦ᠂ 15 ᠥᠷᠭᠡᠰᠦᠲᠦ ᠮᠣᠳᠣ ᠲᠡᠳᠡᠭᠡᠷ ᠮᠣᠳᠣᠨ ᠳᠤ᠄ 〈ᠲᠠ ᠨᠠᠷ ᠦᠨᠡᠬᠡᠷ ᠨᠠᠮᠠᠶᠢ ᠬᠠᠭᠠᠨ ᠢᠶᠠᠨ ᠪᠣᠯᠭᠠᠨ ᠲᠣᠰᠣᠯᠠᠵᠤ ᠪᠠᠢᠭ᠎ᠠ ᠪᠣᠯ᠂ ᠮᠢᠨᠦ ᠰᠡᠭᠦᠳᠡᠷ ᠲᠦ ᠢᠷᠡᠵᠦ ᠬᠣᠷᠭᠣᠳᠠᠭᠲᠤᠨ᠃ ᠡᠰᠡ ᠲᠡᠭᠡᠪᠡᠰᠦ ᠥᠷᠭᠡᠰᠦᠲᠦ ᠮᠣᠳᠣᠨ ᠠᠴᠠ ᠭᠠᠯ ᠭᠠᠷᠴᠤ ᠯᠧᠪᠠᠨᠣᠨ ᠤ ᠬᠤᠱᠢ ᠶᠢᠨ ᠣᠢ ᠶᠢ ᠴᠤ ᠰᠢᠲᠠᠭᠠᠨ᠎ᠠ〉 ᠭᠡᠰᠡᠨ ᠪᠢᠯᠡ᠃
16 ᠣᠳᠣ ᠲᠠ ᠨᠠᠷ ᠤᠨ ᠬᠤᠪᠢ ᠳᠤ᠂ ᠠᠪᠢᠮᠧᠯᠧᠺ ᠢ ᠬᠠᠭᠠᠨ ᠢᠶᠠᠷ ᠡᠷᠭᠦᠮᠵᠢᠯᠡᠭᠰᠡᠨ ᠨᠢ ᠦᠨᠡᠨᠴᠢ ᠰᠢᠳᠤᠷᠭᠤ ᠪᠠᠷ ᠦᠢᠯᠡᠳᠦᠭᠰᠡᠨ ᠪᠠᠢᠨ᠎ᠠ ᠤᠤ︖ ᠲᠠ ᠨᠠᠷ ᠶᠧᠷᠦ᠋ᠪᠠᠯ ᠪᠣᠯᠣᠨ ᠲᠡᠭᠦᠨ ᠦ ᠭᠡᠷ ᠦᠨ ᠬᠢᠨ ᠳᠤ ᠰᠠᠢᠨ ᠰᠠᠢᠬᠠᠨ ᠢᠶᠠᠷ ᠬᠠᠨᠳᠤᠵᠤ᠂ ᠲᠡᠭᠦᠨ ᠦ ᠬᠢᠭᠰᠡᠨ ᠠᠴᠢᠲᠤ ᠦᠢᠯᠡᠰ ᠦᠨ ᠬᠢᠨᠢ ᠶᠣᠰᠣᠭᠠᠷ ᠬᠠᠷᠢᠭᠤᠯᠪᠠ ᠤᠤ︖ 17 ᠮᠠᠨ ᠤ ᠡᠴᠢᠭᠡ ᠲᠠ ᠨᠠᠷ ᠤᠨ ᠲᠥᠯᠥᠭᠡ ᠠᠮᠢ ᠴᠥᠯᠡᠨ ᠲᠤᠯᠤᠯᠳᠤᠵᠤ᠂ ᠲᠠ ᠨᠠᠷ ᠢ ᠮᠢᠳᠢᠶᠠᠨ ᠤ ᠰᠠᠪᠠᠷ ᠠᠴᠠ ᠴᠢᠯᠥᠭᠡᠯᠡᠭᠰᠡᠨ ᠠᠲᠠᠯ᠎ᠠ 18 ᠲᠠ ᠨᠠᠷ ᠥᠨᠥᠳᠥᠷ ᠮᠢᠨᠦ ᠡᠴᠢᠭᠡ ᠶᠢᠨ ᠭᠡᠷ ᠦᠨ ᠡᠰᠡᠷᠭᠦ ᠪᠣᠰᠴᠤ᠂ ᠲᠡᠭᠦᠨ ᠦ ᠳᠠᠯᠠᠨ ᠬᠦᠦ ᠶᠢ ᠨᠢᠭᠡ ᠬᠠᠳᠠᠨ ᠳᠡᠭᠡᠷ᠎ᠡ ᠠᠯᠠᠵᠤ᠂ ᠰᠢᠪᠡᠭᠴᠢᠨ ᠤ ᠬᠢᠨᠢ ᠬᠥᠪᠡᠭᠦᠨ ᠠᠪᠢᠮᠧᠯᠧᠺ ᠢ ᠥᠪᠡᠷᠰᠡᠳ ᠦᠨ ᠢᠶᠠᠨ ᠬᠠᠮᠢᠶᠠᠲᠠᠨ ᠭᠡᠳ ᠱᠧᠺᠧᠮ ᠤᠨ ᠢᠷᠭᠡᠳ ᠦᠨ ᠬᠠᠭᠠᠨ ᠪᠣᠯᠭᠠᠵᠠᠢ᠃ 19 ᠲᠠ ᠨᠠᠷ ᠲᠤ ᠬᠡᠯᠡᠶ᠎ᠡ᠄ ᠬᠡᠷᠪᠡ ᠲᠠ ᠨᠠᠷ ᠥᠨᠥᠳᠥᠷ ᠶᠧᠷᠦ᠋ᠪᠠᠯ ᠪᠣᠯᠣᠨ ᠲᠡᠭᠦᠨ ᠦ ᠭᠡᠷ ᠲᠦ ᠦᠨᠡᠨᠴᠢ ᠰᠢᠳᠤᠷᠭᠤ ᠪᠠᠷ ᠬᠠᠨᠳᠤᠵᠤ ᠪᠠᠢᠭ᠎ᠠ ᠪᠣᠯ᠂ ᠠᠪᠢᠮᠧᠯᠧᠺ ᠲᠠᠢ ᠬᠠᠮᠲᠤ ᠪᠠᠶᠠᠷᠯᠠᠬᠤ ᠪᠥᠭᠡᠳ ᠲᠡᠷᠡ ᠴᠤ ᠲᠠ ᠨᠠᠷ ᠲᠠᠢ ᠬᠠᠮᠲᠤ ᠪᠠᠶᠠᠷᠯᠠᠬᠤ ᠪᠣᠯᠣᠨ᠎ᠠ᠃ 20 ᠬᠠᠷᠢᠨ ᠲᠡᠢᠮᠦ ᠪᠤᠰᠤ ᠠᠪᠠᠰᠤ᠂ ᠠᠪᠢᠮᠧᠯᠧᠺ ᠠᠴᠠ ᠭᠠᠯ ᠭᠠᠷᠴᠤ᠂ ᠱᠧᠺᠧᠮ ᠪᠣᠯᠣᠨ ᠪᠧᠲ ᠮᠢᠯᠣ᠋ ᠶᠢᠨ ᠢᠷᠭᠡᠳ ᠢ ᠰᠢᠲᠠᠭᠠᠬᠤ ᠪᠥᠭᠡᠳ ᠱᠧᠺᠧᠮ ᠪᠣᠯᠣᠨ ᠪᠧᠲ ᠮᠢᠯᠣ᠋ ᠶᠢᠨ ᠢᠷᠭᠡᠳ ᠡᠴᠡ ᠴᠤ ᠭᠠᠯ ᠭᠠᠷᠴᠤ᠂ ᠠᠪᠢᠮᠧᠯᠧᠺ ᠢ ᠰᠢᠲᠠᠭᠠᠨ᠎ᠠ》 ᠭᠡᠪᠡ᠃ 21 ᠲᠡᠭᠡᠭᠡᠳ ᠶᠣᠲ᠋ᠠᠮ ᠠᠬ᠎ᠠ ᠠᠪᠢᠮᠧᠯᠧᠺ ᠠᠴᠠ ᠪᠠᠨ ᠠᠶᠤᠨ᠂ ᠣᠷᠭᠣᠨ ᠵᠠᠢᠯᠠᠵᠤ ᠪᠧᠷ ᠲᠤ ᠬᠦᠷᠦᠭᠡᠳ ᠲᠡᠨᠳᠡ ᠰᠠᠭᠤᠷᠢᠰᠢᠭᠰᠠᠨ ᠪᠠᠢᠨ᠎ᠠ᠃
ᠠᠪᠢᠮᠧᠯᠧᠺ ᠤᠨ ᠬᠦᠯᠢᠶᠡᠭᠰᠡᠨ ᠰᠢᠳᠬᠡᠯ
22 ᠠᠪᠢᠮᠧᠯᠧᠺ ᠢᠰᠷᠧᠯ ᠢ ᠭᠤᠷᠪᠠᠨ ᠵᠢᠯ ᠵᠠᠬᠢᠷᠤᠭᠰᠠᠨ ᠤ ᠳᠠᠷᠠᠭ᠎ᠠ᠂ 23 ᠪᠤᠷᠬᠠᠨ ᠠᠪᠢᠮᠧᠯᠧᠺ ᠪᠣᠯᠣᠨ ᠱᠧᠺᠧᠮ ᠤᠨ ᠢᠷᠭᠡᠳ ᠦᠨ ᠬᠣᠭᠣᠷᠣᠨᠳᠣ ᠮᠠᠭᠤ ᠰᠦᠨᠡᠰᠦ ᠢᠯᠡᠭᠡᠭᠰᠡᠨ ᠳᠦ᠂ ᠱᠧᠺᠧᠮ ᠤᠨ ᠢᠷᠭᠡᠳ ᠠᠪᠢᠮᠧᠯᠧᠺ ᠠᠴᠠ ᠤᠷᠪᠠᠪᠠ᠃ 24 ᠲᠡᠢᠨ ᠬᠦ ᠶᠧᠷᠦ᠋ᠪᠠᠯ ᠤᠨ ᠳᠠᠯᠠᠨ ᠬᠥᠪᠡᠭᠦᠨ ᠳᠦ ᠦᠢᠯᠡᠳᠦᠭᠰᠡᠨ ᠬᠠᠷᠭᠢᠰᠯᠠᠯ ᠨᠢ ᠦᠢᠯᠡᠳᠦᠭᠰᠡᠨ ᠬᠥᠮᠦᠨ ᠳᠡᠭᠡᠨ ᠪᠤᠴᠠᠵᠤ᠂ ᠴᠢᠰᠤᠨ ᠤ ᠬᠢᠨᠢ ᠬᠠᠷᠢᠭᠤ ᠠᠬ᠎ᠠ ᠳᠡᠭᠦᠦ ᠪᠡᠨ ᠠᠯᠠᠭᠰᠠᠨ ᠠᠪᠢᠮᠧᠯᠧᠺ ᠳᠡᠭᠡᠷ᠎ᠡ᠂ ᠮᠥᠨ ᠲᠡᠳᠡᠨ ᠢ ᠠᠯᠠᠬᠤ ᠳᠤ ᠲᠡᠭᠦᠨ ᠢ ᠳᠡᠮᠵᠢᠭᠰᠡᠨ ᠱᠧᠺᠧᠮ ᠤᠨ ᠢᠷᠭᠡᠳ ᠦᠨ ᠳᠡᠭᠡᠷ᠎ᠡ ᠪᠠᠭᠤᠬᠤ ᠪᠣᠯᠣᠯ᠎ᠠ᠃ 25 ᠱᠧᠺᠧᠮ ᠤᠨ ᠢᠷᠭᠡᠳ ᠠᠭᠤᠯᠠᠰ ᠤᠨ ᠣᠷᠣᠢ ᠪᠠᠷ ᠠᠪᠢᠮᠧᠯᠧᠺ ᠢ ᠣᠲᠣᠬᠤ ᠬᠥᠮᠦᠨ ᠢ ᠰᠠᠭᠤᠯᠭᠠᠬᠤ ᠳᠤ᠂ ᠲᠡᠳᠡ ᠬᠠᠵᠠᠭᠤ ᠪᠠᠷ ᠨᠢ ᠥᠩᠭᠡᠷᠡᠬᠦ ᠪᠦᠬᠦᠨ ᠢ ᠳᠡᠭᠡᠷᠡᠮᠳᠡᠵᠦ ᠪᠠᠢᠪᠠ᠃ ᠡᠨᠡ ᠬᠡᠷᠡᠭ ᠠᠪᠢᠮᠧᠯᠧᠺ ᠲᠤ ᠳᠤᠭᠤᠯᠳᠠᠪᠠ᠃
26 ᠨᠢᠭᠡᠨ ᠡᠳᠦᠷ ᠡᠪᠧᠳ᠋ ᠤᠨ ᠬᠥᠪᠡᠭᠦᠨ ᠭᠠᠶᠠᠯ ᠬᠠᠮᠢᠶᠠᠲᠠᠨ ᠲᠠᠢ ᠪᠠᠨ ᠬᠠᠮᠲᠤ ᠱᠧᠺᠧᠮ ᠳᠤ ᠨᠡᠭᠦᠨ ᠢᠷᠡᠵᠡᠢ᠃ ᠱᠧᠺᠧᠮ ᠤᠨ ᠢᠷᠭᠡᠳ ᠲᠡᠭᠦᠨ ᠳᠦ ᠨᠠᠢᠳᠠᠪᠤᠷᠢ ᠲᠠᠯᠪᠢᠬᠤ ᠪᠣᠯᠪᠠ᠃ 27 ᠡᠢᠮᠦ ᠡᠴᠡ ᠲᠡᠳᠡ ᠲᠠᠷᠢᠶᠠᠨ ᠳᠤ ᠭᠠᠷᠴᠤ᠂ ᠦᠵᠦᠮ ᠦᠨ ᠲᠠᠯᠠᠪᠠᠢ ᠠᠴᠠ ᠪᠠᠨ ᠦᠵᠦᠮ ᠬᠤᠷᠢᠶᠠᠨ ᠰᠢᠬᠠᠵᠤ᠂ ᠨᠠᠢᠷ ᠬᠢᠬᠦ ᠳᠡᠭᠡᠨ ᠪᠤᠷᠬᠠᠨ ᠤ ᠪᠠᠨ ᠳᠤᠭᠠᠩ ᠳᠤ ᠣᠷᠣᠵᠤ᠂ ᠢᠳᠡᠵᠦ ᠤᠤᠭᠤᠨ ᠠᠪᠢᠮᠧᠯᠧᠺ ᠢ ᠬᠠᠷᠢᠶᠠᠪᠠ᠃ 28 ᠲᠡᠭᠡᠬᠦ ᠳᠦ᠂ ᠡᠪᠧᠳ᠋ ᠤᠨ ᠬᠥᠪᠡᠭᠦᠨ ᠭᠠᠶᠠᠯ᠄ 《ᠠᠪᠢᠮᠧᠯᠧᠺ ᠭᠡᠭᠴᠢ ᠬᠡᠨ ᠪᠤᠢ︖ ᠱᠧᠺᠧᠮ ᠤᠨ ᠬᠢ ᠭᠡᠭᠳᠡᠳᠡᠭ ᠪᠢᠳᠡ ᠬᠡᠨ ᠪᠤᠢ︖ ᠪᠢᠳᠡ ᠶᠠᠭᠤᠨ ᠤ ᠤᠴᠢᠷ ᠲᠡᠭᠦᠨ ᠳᠦ ᠵᠠᠷᠤᠭᠳᠠᠬᠤ ᠶᠣᠰᠣᠲᠠᠢ ᠪᠤᠢ︖ ᠶᠧᠷᠦ᠋ᠪᠠᠯ ᠤᠨ ᠬᠥᠪᠡᠭᠦᠨ ᠪᠣᠯᠣᠨ ᠲᠡᠭᠦᠨ ᠦ ᠲᠤᠰᠠᠯᠠᠭᠴᠢ ᠽᠧᠪᠦ᠋ᠯ ᠨᠢ ᠱᠧᠺᠧᠮ ᠤᠨ ᠡᠴᠢᠭᠡ ᠬᠠᠮᠣᠷ ᠤᠨ ᠦᠷ᠎ᠡ ᠤᠳᠤᠮ ᠪᠣᠯᠣᠭᠰᠠᠨ ᠪᠢᠳᠡᠨ ᠳᠦ ᠵᠠᠷᠤᠭᠳᠠᠬᠤ ᠶᠣᠰᠣᠲᠠᠢ ᠪᠢᠰᠢ ᠤᠤ︖ ᠶᠠᠭᠤᠨ ᠳᠤ ᠪᠢᠳᠡ ᠲᠡᠭᠦᠨ ᠳᠦ ᠵᠠᠷᠤᠭᠳᠠᠨᠠ ᠪᠤᠢ︖ 29 ᠡᠨᠡ ᠠᠷᠠᠳ ᠲᠦᠮᠡᠨ ᠮᠢᠨᠦ ᠮᠡᠳᠡᠯ ᠳᠣᠣᠷ᠎ᠠ ᠪᠠᠢᠭᠰᠠᠨ ᠴᠤ ᠪᠣᠯᠣᠭᠠᠰᠠᠢ︕ ᠲᠡᠭᠡᠪᠡᠯ ᠪᠢ ᠠᠪᠢᠮᠧᠯᠧᠺ ᠢ ᠬᠥᠭᠡᠭᠡᠨ ᠵᠠᠢᠯᠠᠭᠤᠯᠵᠤ᠂ ᠠᠪᠢᠮᠧᠯᠧᠺ ᠲᠤ ᠴᠡᠷᠢᠭ ᠢᠶᠠᠨ ᠳᠠᠢᠴᠢᠯᠠᠭᠠᠳ ᠭᠠᠷᠴᠤ ᠢᠷ᠎ᠡ ᠭᠡᠵᠦ ᠬᠡᠯᠡᠬᠦ ᠰᠠᠨ》 ᠭᠡᠪᠡ᠃
30 ᠬᠣᠲᠠ ᠶᠢᠨ ᠵᠠᠬᠢᠷᠤᠭᠴᠢ ᠽᠧᠪᠦ᠋ᠯ ᠡᠪᠧᠳ᠋ ᠤᠨ ᠬᠥᠪᠡᠭᠦᠨ ᠭᠠᠶᠠᠯ ᠤᠨ ᠦᠭᠡ ᠶᠢ ᠰᠣᠨᠣᠰᠣᠭᠠᠳ ᠶᠡᠬᠡᠳᠡ ᠠᠭᠤᠷᠯᠠᠵᠤ᠂ 31 ᠠᠪᠢᠮᠧᠯᠧᠺ ᠤᠷᠤᠭᠤ ᠰᠡᠮᠬᠡᠨ ᠡᠯᠴᠢᠳ ᠢᠯᠡᠭᠡᠵᠦ᠄ 《ᠬᠠᠷ᠎ᠠ᠂ ᠡᠪᠧᠳ᠋ ᠤᠨ ᠬᠥᠪᠡᠭᠦᠨ ᠭᠠᠶᠠᠯ ᠠᠬ᠎ᠠ ᠳᠡᠭᠦᠦᠰ ᠲᠡᠢ ᠪᠡᠨ ᠬᠠᠮᠲᠤ ᠱᠧᠺᠧᠮ ᠳᠤ ᠢᠷᠡᠭᠡᠳ ᠲᠠᠨ ᠤ ᠡᠰᠡᠷᠭᠦ ᠬᠣᠲᠠ ᠶᠢᠨ ᠬᠢᠨ ᠢ ᠥᠳᠥᠭᠡᠵᠦ ᠪᠠᠢᠨ᠎ᠠ᠃ 32 ᠡᠢᠮᠦ ᠡᠴᠡ ᠲᠠ ᠬᠠᠷᠢᠶ᠎ᠠ ᠴᠡᠷᠢᠭ ᠲᠠᠢ ᠪᠠᠨ ᠬᠠᠮᠲᠤ ᠰᠥᠨᠢ ᠪᠠᠷ ᠭᠠᠷᠴᠤ᠂ ᠲᠠᠯ᠎ᠠ ᠳᠤ ᠣᠲᠣᠵᠤ ᠪᠠᠢᠭᠠᠷᠠᠢ᠃ 33 ᠥᠷᠯᠥᠭᠡ ᠡᠷᠲᠡ ᠨᠠᠷᠠ ᠮᠠᠨᠳᠤᠮᠠᠭᠴᠠ ᠲᠠ ᠬᠣᠲᠠ ᠤᠷᠤᠭᠤ ᠳᠠᠭᠠᠷᠢᠭᠲᠤᠨ᠃ ᠭᠠᠶᠠᠯ ᠪᠣᠯᠣᠨ ᠲᠡᠭᠦᠨ ᠦ ᠬᠠᠷᠢᠶ᠎ᠠ ᠬᠥᠮᠦᠰ ᠭᠠᠷᠴᠤ ᠢᠷᠡᠬᠦ ᠴᠠᠭ ᠲᠤ ᠲᠠ ᠥᠪᠡᠷ ᠦᠨ ᠬᠢᠵᠦ ᠴᠢᠳᠠᠬᠤ ᠪᠦᠬᠦ ᠵᠦᠢᠯ ᠢᠶᠠᠨ ᠦᠢᠯᠡᠳᠦᠭᠲᠦᠨ》 ᠭᠡᠵᠦ ᠬᠡᠯᠡᠭᠦᠯᠪᠡ᠃
34 ᠠᠪᠢᠮᠧᠯᠧᠺ ᠰᠥᠨᠢ ᠪᠠᠷ ᠬᠠᠮᠤᠭ ᠬᠠᠷᠢᠶ᠎ᠠ ᠴᠡᠷᠢᠭ ᠲᠠᠢ ᠪᠠᠨ ᠬᠠᠮᠲᠤ ᠭᠠᠷᠴᠤ᠂ ᠲᠡᠳᠡᠨ ᠢ ᠳᠥᠷᠪᠡᠨ ᠠᠩ᠋ᠬᠢ ᠬᠤᠪᠢᠶᠠᠵᠤ᠂ ᠱᠧᠺᠧᠮ ᠤᠨ ᠬᠠᠷᠠᠯᠳᠤᠭ᠎ᠠ ᠣᠲᠣᠵᠤ ᠪᠠᠢᠪᠠ᠃ 35 ᠡᠪᠧᠳ᠋ ᠤᠨ ᠬᠥᠪᠡᠭᠦᠨ ᠭᠠᠶᠠᠯ ᠭᠠᠷᠴᠤ ᠢᠷᠡᠭᠡᠳ ᠬᠣᠲᠠ ᠶᠢᠨ ᠬᠠᠭᠠᠯᠭᠠᠨ ᠤ ᠡᠭᠦᠳᠡᠨ ᠳᠡᠭᠡᠷ᠎ᠡ ᠵᠣᠭᠰᠣᠬᠤ ᠳᠤ᠂ ᠠᠪᠢᠮᠧᠯᠧᠺ ᠬᠠᠷᠢᠶ᠎ᠠ ᠴᠡᠷᠢᠭ ᠲᠠᠢ ᠪᠠᠨ ᠬᠠᠮᠲᠤ ᠨᠢᠭᠤᠭᠳᠠᠭᠰᠠᠨ ᠭᠠᠵᠠᠷ ᠠᠴᠠ ᠪᠠᠨ ᠪᠣᠰᠴᠠᠭᠠᠯᠠ᠃ 36 ᠭᠠᠶᠠᠯ ᠲᠡᠷᠡ ᠬᠥᠮᠦᠰ ᠢ ᠬᠠᠷᠠᠭᠠᠳ ᠽᠧᠪᠦ᠋ᠯ ᠳᠤ᠄ 《ᠬᠠᠷ᠎ᠠ᠂ ᠬᠥᠮᠦᠰ ᠠᠭᠤᠯᠠᠰ ᠤᠨ ᠣᠷᠣᠢ ᠠᠴᠠ ᠪᠠᠭᠤᠨ ᠢᠷᠡᠵᠦ ᠪᠠᠢᠨ᠎ᠠ︕》 ᠭᠡᠰᠡᠨ ᠳᠦ᠂ ᠽᠧᠪᠦ᠋ᠯ᠄ 《ᠲᠠ ᠠᠭᠤᠯᠠᠰ ᠤᠨ ᠰᠡᠭᠦᠳᠡᠷ ᠢ ᠬᠥᠮᠦᠰ ᠭᠡᠵᠦ ᠬᠠᠷᠠᠵᠤ ᠯᠠ ᠳᠠ》 ᠭᠡᠪᠡ᠃ 37 ᠭᠠᠶᠠᠯ ᠳᠠᠬᠢᠨ᠄ 《ᠬᠠᠷ᠎ᠠ᠂ ᠬᠥᠮᠦᠰ ᠡᠨᠡ ᠨᠤᠲᠤᠭ ᠤᠨ ᠲᠣᠯᠣᠭᠠᠳ ᠠᠴᠠ ᠪᠠᠭᠤᠵᠤ ᠢᠷᠡᠵᠦ ᠪᠠᠢᠨ᠎ᠠ︕ ᠪᠠᠰᠠ ᠨᠢᠭᠡ ᠠᠩ᠋ᠬᠢ ᠨᠢ ᠮᠡᠷᠭᠡᠴᠢ ᠶᠢᠨ ᠴᠠᠷᠠᠰᠤᠨ ᠮᠣᠳᠣᠨ ᠤ ᠵᠠᠮ ᠢᠶᠠᠷ ᠢᠷᠡᠵᠦ ᠪᠠᠢᠨ᠎ᠠ》 ᠭᠡᠪᠡ᠃ 38 ᠽᠧᠪᠦ᠋ᠯ᠄ 《ᠲᠠᠨ ᠤ ᠶᠡᠬᠡ ᠦᠭᠡ ᠣᠳᠣ ᠬᠠᠮᠢᠭ᠎ᠠ ᠣᠴᠢᠴᠢᠬᠠᠪᠠ︖ 〈ᠠᠪᠢᠮᠧᠯᠧᠺ ᠭᠡᠭᠴᠢ ᠬᠡᠨ ᠶᠤᠮ ᠪᠤᠢ︖ ᠶᠠᠭᠤᠨ ᠤ ᠤᠴᠢᠷ ᠠᠴᠠ ᠪᠢᠳᠡ ᠲᠡᠭᠦᠨ ᠳᠦ ᠵᠠᠷᠤᠭᠳᠠᠬᠤ ᠶᠣᠰᠣᠲᠠᠢ ᠪᠤᠢ︖〉 ᠬᠡᠮᠡᠨ ᠪᠠᠰᠤᠮᠵᠢᠯᠠᠭᠰᠠᠨ ᠬᠥᠮᠦᠰ ᠴᠢᠨᠢ ᠡᠳᠡ ᠪᠢᠰᠢ ᠤᠤ︖ ᠣᠳᠣ ᠭᠠᠷᠴᠤ ᠣᠴᠢᠭᠠᠳ ᠲᠡᠳᠡᠨ ᠲᠡᠢ ᠲᠤᠯᠤᠯᠳᠤᠭᠲᠤᠨ》 ᠭᠡᠪᠡ᠃ 39 ᠲᠡᠭᠡᠬᠦ ᠳᠦ ᠭᠠᠶᠠᠯ ᠱᠧᠺᠧᠮ ᠤᠨ ᠢᠷᠭᠡᠳ ᠢ ᠬᠣᠰᠢᠭᠤᠴᠢᠯᠠᠨ ᠭᠠᠷᠴᠤ᠂ ᠠᠪᠢᠮᠧᠯᠧᠺ ᠲᠠᠢ ᠲᠤᠯᠤᠯᠳᠤᠯ᠎ᠠ᠃ 40 ᠭᠠᠶᠠᠯ ᠠᠪᠢᠮᠧᠯᠧᠺ ᠲᠤ ᠰᠢᠬᠠᠭᠳᠠᠵᠤ ᠵᠢᠭᠤᠲᠠᠪᠠ᠃ ᠬᠣᠲᠠ ᠶᠢᠨ ᠬᠠᠭᠠᠯᠭ᠎ᠠ ᠬᠦᠷᠲᠡᠯᠡᠬᠢ ᠵᠠᠮ ᠳᠤ ᠣᠯᠠᠨ ᠬᠥᠮᠦᠨ ᠡᠷᠡᠰᠳᠡᠨ ᠤᠨᠠᠪᠠ᠃ 41 ᠢᠩᠭᠢᠭᠡᠳ ᠠᠪᠢᠮᠧᠯᠧᠺ ᠠᠷᠦ᠋ᠮᠠ ᠳᠤ ᠬᠠᠷᠢᠵᠤ ᠲᠡᠨᠳᠡ ᠦᠯᠡᠳᠡᠭᠰᠡᠨ ᠪᠥᠭᠡᠳ ᠽᠧᠪᠦ᠋ᠯ ᠭᠠᠶᠠᠯ ᠢ ᠠᠬ᠎ᠠ ᠳᠡᠭᠦᠦᠰ ᠲᠡᠢ ᠨᠢ ᠬᠠᠮᠲᠤ ᠱᠧᠺᠧᠮ ᠡᠴᠡ ᠬᠥᠭᠡᠭᠡᠨ ᠵᠠᠢᠯᠠᠭᠤᠯᠪᠠ᠃ 42 ᠮᠠᠷᠭᠠᠰᠢ ᠨᠢ ᠱᠧᠺᠧᠮ ᠤᠨ ᠬᠢᠨ ᠤ ᠲᠠᠯᠠᠪᠠᠢ ᠤᠷᠤᠭᠤ ᠭᠠᠷᠤᠭᠰᠠᠨ ᠨᠢ ᠠᠪᠢᠮᠧᠯᠧᠺ ᠲᠤ ᠳᠤᠭᠤᠯᠳᠠᠪᠠ᠃ 43 ᠲᠡᠷᠡ ᠬᠠᠷᠢᠶ᠎ᠠ ᠴᠡᠷᠢᠭ ᠢᠶᠠᠨ ᠳᠠᠢᠴᠢᠯᠠᠨ ᠭᠤᠷᠪᠠᠨ ᠠᠩ᠋ᠭᠢ ᠬᠤᠪᠢᠶᠠᠵᠤ᠂ ᠲᠠᠯ᠎ᠠ ᠳᠤ ᠤᠳᠤᠭᠤᠯᠤᠭᠰᠠᠨ ᠪᠠᠢᠯ᠎ᠠ᠃ ᠲᠡᠭᠡᠭᠡᠳ ᠲᠡᠳᠡ ᠬᠣᠲᠠ ᠶᠢᠨ ᠬᠢᠨ ᠤ ᠭᠠᠷᠴᠤ ᠢᠷᠡᠬᠦ ᠶᠢ ᠬᠠᠷᠠᠭᠠᠳ᠂ ᠪᠣᠰᠴᠤ ᠳᠣᠪᠲᠣᠯᠪᠠ᠃ 44 ᠠᠪᠢᠮᠧᠯᠧᠺ ᠪᠠ ᠲᠡᠭᠦᠨ ᠦ ᠬᠠᠷᠢᠶ᠎ᠠ ᠬᠥᠮᠦᠰ ᠤᠷᠤᠭᠰᠢᠯᠠᠨ ᠬᠣᠲᠠ ᠶᠢᠨ ᠬᠠᠭᠠᠯᠭᠠᠨ ᠳᠡᠭᠡᠷ᠎ᠡ ᠵᠣᠭᠰᠣᠵᠤ᠂ ᠨᠥᠭᠥᠭᠡ ᠬᠣᠶᠠᠷ ᠠᠩ᠋ᠭᠢ ᠨᠢ ᠲᠠᠯᠠᠪᠠᠢ ᠳᠤ ᠪᠠᠢᠭᠰᠠᠨ ᠣᠯᠠᠨ ᠤᠷᠤᠭᠤ ᠳᠣᠪᠲᠣᠯᠵᠤ᠂ ᠲᠡᠳᠡᠨ ᠢ ᠤᠰᠠᠳᠬᠠᠵᠠᠢ᠃ 45 ᠠᠪᠢᠮᠧᠯᠧᠺ ᠲᠡᠷᠡ ᠬᠣᠲᠠ ᠶᠢᠨ ᠬᠢᠨ ᠲᠠᠢ ᠡᠳᠦᠷᠵᠢᠨ ᠲᠤᠯᠤᠯᠳᠤᠭᠰᠠᠭᠠᠷ ᠬᠣᠲᠠ ᠶᠢ ᠡᠵᠡᠯᠡᠨ ᠠᠪᠤᠪᠠ᠃ ᠲᠡᠭᠡᠭᠡᠳ ᠲᠡᠨᠳᠡ ᠪᠠᠢᠭᠰᠠᠨ ᠬᠥᠮᠦᠰ ᠢ ᠠᠯᠠᠵᠤ ᠬᠣᠲᠠ ᠶᠢ ᠨᠤᠷᠠᠭᠠᠨ᠂ ᠳᠡᠭᠡᠷ᠎ᠡ ᠨᠢ ᠳᠠᠪᠤᠰᠤ ᠰᠠᠴᠤᠭᠰᠠᠨ ᠪᠠᠢᠯ᠎ᠠ᠃
46 ᠡᠭᠦᠨ ᠢ ᠰᠣᠨᠣᠰᠣᠭᠠᠳ᠂ ᠱᠧᠺᠧᠮ ᠤᠨ ᠪᠡᠬᠢᠯᠡᠯᠲᠡ ᠳᠦ ᠪᠠᠢᠭᠰᠠᠨ ᠪᠦᠬᠦ ᠢᠷᠭᠡᠨ ᠡᠯᠪᠧᠷᠢᠲ ᠤᠨ ᠳᠤᠭᠠᠩ ᠤᠨ ᠳᠣᠣᠷᠠᠳᠤ ᠬᠣᠩᠭᠢᠯ ᠳᠤ ᠣᠷᠣᠵᠠᠭᠠᠪᠠ᠃ 47 ᠢᠷᠭᠡᠳ ᠱᠧᠺᠧᠮ ᠤᠨ ᠪᠡᠬᠢᠯᠡᠯᠲᠡ ᠳᠦ ᠴᠤᠭᠯᠠᠷᠠᠭᠰᠠᠨ ᠢ ᠠᠪᠢᠮᠧᠯᠧᠺ ᠰᠣᠨᠣᠰᠣᠭᠠᠳ 48 ᠪᠦᠬᠦ ᠬᠠᠷᠢᠶ᠎ᠠ ᠴᠡᠷᠢᠭ ᠲᠠᠢ ᠪᠠᠨ ᠬᠠᠮᠲᠤ ᠽᠠᠯᠮᠣᠨ ᠠᠭᠤᠯᠠᠨ ᠳᠤ ᠭᠠᠷᠪᠠ᠃ ᠠᠪᠢᠮᠧᠯᠧᠺ ᠭᠠᠷ ᠲᠠᠭᠠᠨ ᠰᠦᠬᠡ ᠪᠠᠷᠢᠵᠤ᠂ ᠮᠣᠳᠣᠨ ᠤ ᠮᠥᠴᠢᠷ ᠴᠠᠪᠴᠢᠨ ᠠᠪᠤᠭᠠᠳ᠂ ᠮᠥᠷᠥᠨ ᠳᠡᠭᠡᠷ᠎ᠡ ᠪᠡᠨ ᠲᠠᠯᠪᠢᠨ᠂ ᠴᠡᠷᠢᠭ ᠤᠳ ᠲᠡᠭᠡᠨ᠄ 《ᠬᠤᠷᠳᠤᠯᠠ᠂ ᠲᠠ ᠨᠠᠷ ᠮᠢᠨᠦ ᠬᠢᠭᠰᠡᠨ ᠢ ᠬᠠᠷᠠᠭᠰᠠᠨ᠂ ᠳᠠᠭᠤᠷᠢᠶᠠᠨ ᠦᠢᠯᠡᠳᠦᠭᠲᠦᠨ》 ᠭᠡᠵᠦ ᠬᠡᠯᠡᠪᠡ᠃ 49 ᠴᠡᠷᠢᠭ ᠤᠳ ᠨᠢ ᠬᠥᠮᠦᠨ ᠪᠦᠷᠢ ᠨᠢᠭᠡ ᠮᠥᠴᠢᠷ ᠴᠠᠪᠴᠢᠵᠤ ᠠᠪᠤᠭᠠᠳ᠂ ᠠᠪᠢᠮᠧᠯᠧᠺ ᠢ ᠳᠠᠭᠠᠨ ᠶᠠᠪᠤᠵᠤ᠂ ᠲᠡᠳᠡᠭᠡᠷ ᠢ ᠳᠣᠣᠷᠠᠳᠤ ᠬᠣᠩᠭᠢᠯ ᠤᠨ ᠳᠡᠭᠡᠷ᠎ᠡ ᠲᠠᠯᠪᠢᠵᠤ᠂ ᠳᠣᠲᠣᠷ᠎ᠠ ᠨᠢ ᠪᠠᠢᠭᠰᠠᠳ ᠤᠨ ᠳᠡᠭᠡᠷ᠎ᠡ ᠭᠠᠯ ᠠᠰᠠᠭᠠᠪᠠ᠃ ᠢᠩᠭᠢᠬᠦ ᠳᠦ ᠱᠧᠺᠧᠮ ᠤᠨ ᠪᠡᠬᠢᠯᠡᠯᠲᠡ ᠳᠦ ᠪᠠᠢᠭᠰᠠᠨ ᠮᠢᠩ᠋ᠭ᠎ᠠ ᠣᠷᠴᠢᠮ ᠡᠷᠡᠭᠲᠡᠢ ᠡᠮᠡᠭᠲᠡᠢ ᠪᠦᠭᠦᠳᠡᠭᠡᠷ ᠢᠶᠡᠨ ᠦᠬᠦᠵᠡᠭᠡᠭᠰᠡᠨ ᠪᠠᠢᠨ᠎ᠠ᠃
50 ᠳᠠᠷᠠᠭ᠎ᠠ ᠨᠢ ᠠᠪᠢᠮᠧᠯᠧᠺ ᠲᠧᠪᠧᠽ ᠤᠷᠤᠭᠤ ᠶᠠᠪᠤᠪᠠ᠃ ᠲᠡᠷᠡ ᠲᠧᠪᠧᠽ ᠤᠨ ᠬᠠᠷᠠᠯᠳᠤᠭ᠎ᠠ ᠬᠤᠸᠠᠷᠠᠩᠨᠠᠵᠤ᠂ ᠲᠡᠭᠦᠨ ᠢ ᠡᠵᠡᠯᠡᠵᠡᠢ᠃ 51 ᠭᠡᠪᠡᠴᠦ ᠬᠣᠲᠠ ᠶᠢᠨ ᠲᠥᠪ ᠲᠤ ᠨᠢᠭᠡᠨ ᠪᠠᠲᠤ ᠪᠡᠬᠢᠯᠡᠯᠲᠡ ᠪᠠᠢᠯ᠎ᠠ᠃ ᠬᠣᠲᠠ ᠶᠢᠨ ᠡᠷᠡᠭᠲᠡᠢ ᠡᠮᠡᠭᠲᠡᠢ ᠪᠦᠭᠦᠳᠡᠭᠡᠷ ᠲᠡᠰᠢ ᠪᠠᠨ ᠵᠢᠭᠤᠲᠠᠨ ᠣᠷᠣᠵᠤ᠂ ᠪᠢᠲᠡᠭᠦᠮᠵᠢᠯᠡᠭᠡᠳ᠂ ᠪᠡᠬᠢᠯᠡᠯᠲᠡ ᠶᠢᠨ ᠳᠡᠭᠡᠪᠦᠷ ᠥᠭᠡᠳᠡ ᠠᠪᠠᠷᠢᠨ ᠭᠠᠷᠪᠠ᠃ 52 ᠠᠪᠢᠮᠧᠯᠧᠺ ᠬᠦᠷᠴᠦ ᠪᠡᠬᠢᠯᠡᠯᠲᠡ ᠤᠷᠤᠭᠤ ᠳᠠᠭᠠᠷᠢᠪᠠ᠃ ᠲᠡᠷᠡ ᠭᠠᠯ ᠲᠠᠯᠪᠢᠬᠤ ᠪᠠᠷ ᠪᠡᠬᠢᠯᠡᠯᠲᠡ ᠶᠢᠨ ᠡᠭᠦᠳᠡᠨ ᠳᠦ ᠣᠢᠷᠠᠲᠤᠲᠠᠯ᠎ᠠ 53 ᠨᠢᠭᠡᠨ ᠡᠮᠡᠭᠲᠡᠢ ᠠᠪᠢᠮᠧᠯᠧᠺ ᠤᠨ ᠲᠣᠯᠣᠭᠠᠢ ᠳᠡᠭᠡᠷ᠎ᠡ ᠲᠡᠭᠡᠷᠮ᠎ᠡ ᠶᠢᠨ ᠪᠤᠯᠤ ᠴᠢᠯᠠᠭᠤ ᠬᠠᠶᠠᠵᠤ ᠭᠠᠪᠠᠯᠠ ᠶᠢ ᠨᠢ ᠬᠠᠭᠠᠯᠪᠠ᠃ 54 ᠠᠪᠢᠮᠧᠯᠧᠺ ᠥᠪᠡᠷ ᠦᠨ ᠬᠢᠨᠢ ᠵᠡᠪᠰᠡᠭ ᠢ ᠪᠠᠷᠢᠭᠴᠢ ᠵᠠᠯᠠᠭᠤ ᠶᠢ ᠶᠠᠭᠠᠷᠠᠨ ᠳᠠᠭᠤᠳᠠᠵᠤ᠄ 《ᠴᠢ ᠢᠯᠳᠦ ᠪᠡᠨ ᠰᠤᠭᠤᠯᠤᠨ ᠨᠠᠮᠠᠶᠢ ᠠᠯᠠᠭᠲᠤᠨ᠃ ᠡᠰᠡ ᠲᠡᠭᠡᠪᠡᠯ ᠬᠥᠮᠦᠰ ᠨᠠᠮᠠᠶᠢ᠄ 〈ᠲᠡᠷᠡ ᠡᠮᠡᠭᠲᠡᠢ ᠬᠥᠮᠦᠨ ᠳᠦ ᠠᠯᠠᠭᠳᠠᠭᠰᠠᠨ ᠶᠤᠮ〉 ᠭᠡᠵᠦ ᠬᠡᠯᠡᠬᠦ ᠪᠣᠯᠣᠨ᠎ᠠ》 ᠭᠡᠪᠡ᠃ ᠲᠡᠷᠡ ᠵᠠᠯᠠᠭᠤ ᠬᠠᠳᠬᠤᠭᠰᠠᠨ ᠳᠤ᠂ ᠲᠡᠷᠡ ᠦᠬᠦᠪᠡ᠃ 55 ᠠᠪᠢᠮᠧᠯᠧᠺ ᠤᠨ ᠦᠬᠦᠭᠰᠡᠨ ᠢ ᠢᠰᠷᠧᠯᠴᠦᠳ ᠬᠠᠷᠠᠭᠠᠳ ᠬᠥᠮᠦᠨ ᠪᠦᠷᠢ ᠭᠡᠷ ᠨᠤᠲᠤᠭ ᠤᠷᠤᠭᠤ ᠪᠠᠨ ᠬᠠᠷᠢᠵᠠᠭᠠᠪᠠ᠃ 56 ᠲᠡᠢᠨ ᠬᠦ ᠪᠤᠷᠬᠠᠨ ᠠᠪᠢᠮᠧᠯᠧᠺ ᠤᠨ ᠳᠠᠯᠠᠨ ᠠᠬ᠎ᠠ ᠳᠡᠭᠦᠦ ᠪᠡᠨ ᠠᠯᠠᠵᠤ᠂ ᠡᠴᠢᠭᠡ ᠳᠡᠭᠡᠨ ᠦᠢᠯᠡᠳᠦᠭᠰᠡᠨ ᠬᠣᠷᠣᠨ ᠮᠠᠭᠤ ᠶᠢ ᠨᠢ ᠥᠪᠡᠷ ᠲᠤᠨᠢ ᠬᠠᠷᠢᠭᠤᠯᠵᠠᠢ᠃ 57 ᠪᠤᠷᠬᠠᠨ ᠪᠠᠰᠠ ᠱᠧᠺᠧᠮᠴᠦᠳ ᠦᠨ ᠠᠯᠢᠪᠠ ᠬᠣᠷᠣᠨ ᠮᠠᠭᠤ ᠶᠢ ᠥᠪᠡᠷᠰᠡᠳ ᠦᠨ ᠬᠢᠨᠢ ᠲᠣᠯᠣᠭᠠᠢ ᠳᠡᠭᠡᠷ᠎ᠡ ᠬᠠᠷᠢᠭᠤᠯᠪᠠ᠃ ᠲᠡᠢᠨ ᠬᠦ ᠶᠧᠷᠦ᠋ᠪᠠᠯ ᠤᠨ ᠬᠥᠪᠡᠭᠦᠨ ᠶᠣᠲ᠋ᠠᠮ ᠤᠨ ᠬᠠᠷᠢᠶᠠᠯ ᠲᠡᠳᠡᠨ ᠳᠡᠭᠡᠷ᠎ᠡ ᠪᠠᠭᠤᠭᠰᠠᠨ ᠪᠠᠢᠯ᠎ᠠ᠃