1 2 3 4 5 6 7 8 9 10 11 12 13 14 15 16 17 18 19 20 21


ᠰᠢᠭᠦᠭᠴᠢᠳ ᠠᠷᠪᠠᠨ ᠲᠠᠪᠤ
 ᠰᠠᠮᠰᠣᠨ ᠹᠢᠯᠢᠰᠲ᠋ᠴᠦᠳ ᠡᠴᠡ ᠥᠰᠢᠶ᠎ᠡ ᠠᠪᠤᠪᠠ

1 ᠬᠡᠰᠡᠭ ᠬᠤᠭᠤᠴᠠᠭ᠎ᠠ ᠥᠩᠭᠡᠷᠡᠵᠦ᠂ ᠪᠤᠭᠤᠳᠠᠢ ᠬᠤᠷᠢᠶᠠᠬᠤ ᠪᠣᠯᠬᠤ ᠳᠤ᠂ ᠰᠠᠮᠰᠣᠨ ᠨᠢᠭᠡ ᠢᠰᠢᠭᠡ ᠠᠪᠴᠤ ᠡᠬᠡᠨᠡᠷ ᠦᠨ ᠳᠡᠭᠡᠨ ᠣᠴᠢᠭᠠᠳ᠄ 《ᠪᠢ ᠡᠬᠡᠨᠡᠷ ᠦᠨ ᠢᠶᠠᠨ ᠥᠷᠥᠭᠡᠨ ᠳᠦ ᠣᠷᠣᠶ᠎ᠠ》 ᠭᠡᠪᠡ᠃ ᠬᠠᠷᠢᠨ ᠪᠦᠰᠡᠭᠦᠢ ᠶᠢᠨ ᠡᠴᠢᠭᠡ ᠣᠷᠣᠬᠤ ᠶᠢ ᠨᠢ ᠵᠥᠪᠰᠢᠶᠡᠷᠡᠭᠰᠡᠨ ᠦᠭᠡᠢ᠃ 2 ᠪᠦᠰᠡᠭᠦᠢ ᠶᠢᠨ ᠡᠴᠢᠭᠡ ᠲᠡᠭᠦᠨ ᠳᠦ᠄ 《ᠥᠬᠢᠨ ᠢ ᠮᠢᠨᠢ ᠴᠢ ᠦᠨᠡᠬᠡᠷ ᠦᠵᠡᠨ ᠶᠠᠳᠠᠳᠠᠭ ᠭᠡᠵᠦ ᠪᠣᠳᠣᠭᠠᠳ ᠬᠦᠷᠭᠡᠨ ᠦ ᠳᠠᠭᠠᠭᠤᠯ ᠤᠨ ᠴᠢᠨᠢ ᠨᠢᠭᠡᠨ ᠳᠦᠨᠢ ᠥᠭᠭᠥᠭᠰᠡᠨ᠃ ᠬᠠᠷᠢᠨ ᠥᠬᠢᠨ ᠳᠡᠭᠦᠦ ᠨᠢ ᠲᠡᠭᠦᠨ ᠡᠴᠡ ᠭᠣᠶᠣ ᠪᠢᠰᠢ ᠤᠤ︖ ᠣᠷᠣᠨ ᠳᠤᠨᠢ ᠴᠢ ᠲᠡᠭᠦᠨ ᠢ ᠠᠪ》 ᠭᠡᠵᠡᠢ᠃ 3 ᠰᠠᠮᠰᠣᠨ ᠲᠡᠳᠡᠨ ᠳᠦ᠄ 《ᠪᠢ ᠹᠢᠯᠢᠰᠲ᠋ᠴᠦᠳ ᠲᠦ ᠬᠣᠣᠷ ᠬᠥᠨᠥᠭᠡᠯ ᠤᠴᠠᠷᠠᠭᠤᠯᠤᠭᠰᠠᠨ ᠴᠤ ᠡᠨᠡ ᠤᠳᠠᠭ᠎ᠠ ᠪᠣᠯ ᠨᠠᠳᠠ ᠳᠤ ᠶᠠᠮᠠᠷ ᠴᠤ ᠪᠤᠷᠤᠭᠤ ᠪᠠᠢᠬᠤ ᠦᠭᠡᠢ》 ᠬᠡᠮᠡᠭᠡᠳ 4 ᠲᠡᠨᠳᠡ ᠡᠴᠡ ᠶᠠᠪᠤᠵᠤ ᠭᠤᠷᠪᠠᠨ ᠵᠠᠭᠤᠨ ᠦᠨᠡᠭᠡ 14 ᠪᠠᠷᠢᠪᠠ᠃ ᠲᠡᠷᠡ ᠲᠡᠳᠡᠭᠡᠷ ᠢ ᠰᠡᠭᠦᠯ ᠰᠡᠭᠦᠯ ᠡᠴᠡ ᠨᠢ ᠬᠣᠯᠪᠣᠵᠤ ᠬᠣᠶᠠᠷ ᠰᠡᠭᠦᠯ ᠦᠨ ᠬᠣᠭᠣᠷᠣᠨᠳᠣ ᠨᠢᠭᠡ ᠪᠠᠮᠪᠠᠷ ᠤᠶᠠᠭᠰᠠᠨ ᠤ ᠳᠠᠷᠠᠭ᠎ᠠ᠂ 5 ᠪᠠᠮᠪᠠᠷ ᠤᠳ ᠢᠶᠠᠨ ᠠᠰᠠᠭᠠᠵᠤ᠂ ᠦᠨᠡᠭᠡ ᠨᠦᠭᠦᠳ ᠢ ᠹᠢᠯᠢᠰᠲ᠋ᠴᠦᠳ ᠦᠨ ᠲᠠᠷᠢᠶ᠎ᠠ ᠤᠷᠤᠭᠤ ᠣᠷᠣᠭᠤᠯᠤᠭᠰᠠᠨ ᠳᠤ᠂ ᠶᠡᠦᠵᠢᠯᠡᠭᠰᠡᠨ ᠲᠠᠷᠢᠶ᠎ᠠ ᠲᠡᠳᠦᠢ ᠦᠭᠡᠢ᠂ ᠬᠤᠷᠢᠶᠠᠭ᠎ᠠ ᠦᠭᠡᠢ ᠲᠠᠷᠢᠶ᠎ᠠ ᠪᠣᠯᠣᠨ ᠦᠵᠦᠮ ᠦᠨ ᠬᠦᠷᠢᠶᠡᠯᠡᠩ᠂ ᠴᠢᠳᠦᠨ ᠦ ᠬᠦᠷᠢᠶᠡᠯᠡᠩ ᠢ ᠨᠢ ᠬᠦᠷᠲᠡᠯ᠎ᠡ ᠰᠢᠲᠠᠭᠠᠪᠠ᠃ 6 ᠹᠢᠯᠢᠰᠲ᠋ᠴᠦᠳ᠄ 《ᠡᠨᠡ ᠴᠢᠨᠢ ᠬᠡᠨ ᠦ ᠦᠢᠯᠡᠳᠦᠭᠰᠡᠨ ᠬᠡᠷᠡᠭ ᠪᠤᠢ︖》 ᠭᠡᠯᠴᠡᠬᠦ ᠳᠦ᠂ ᠵᠠᠷᠢᠮ ᠨᠢ᠄ 《ᠥᠨᠥᠬᠢ ᠲᠢᠮᠨᠠ ᠬᠥᠮᠦᠨ ᠦ ᠬᠦᠷᠭᠡᠨ ᠰᠠᠮᠰᠣᠨ ᠤ ᠬᠢᠭᠰᠡᠨ ᠬᠡᠷᠡᠭ᠂ ᠲᠡᠷᠡ ᠡᠬᠡᠨᠡᠷ ᠢᠶᠡᠨ ᠬᠦᠷᠭᠡᠨ ᠳᠠᠭᠠᠭᠴᠢ ᠳᠠᠭᠠᠨ ᠪᠤᠯᠢᠶᠠᠭᠳᠠᠭᠰᠠᠨ》 ᠭᠡᠵᠦ ᠬᠠᠷᠢᠭᠤᠯᠪᠠ᠃ ᠢᠩᠭᠢᠭᠡᠳ ᠹᠢᠯᠢᠰᠲ᠋ᠴᠦᠳ ᠥᠭᠰᠥᠨ ᠣᠴᠢᠵᠤ ᠥᠨᠥᠬᠢ ᠡᠮᠡᠭᠲᠡᠢ ᠶᠢ ᠡᠴᠢᠭᠡ ᠲᠠᠢ ᠨᠢ ᠬᠠᠮᠲᠤ ᠭᠠᠯᠳᠠᠨ ᠰᠢᠲᠠᠭᠠᠪᠠ᠃ 7 ᠰᠠᠮᠰᠣᠨ ᠲᠡᠳᠡᠨ ᠳᠦ᠄ 《ᠲᠠ ᠨᠠᠷ ᠡᠢᠨ ᠬᠦ ᠦᠢᠯᠡᠳᠦᠭᠰᠡᠨ ᠲᠤᠯᠠ ᠪᠢ ᠥᠰᠢᠶ᠎ᠡ ᠪᠡᠨ ᠠᠪᠬᠤ ᠠᠴᠠ ᠨᠠᠰᠢ ᠵᠣᠭᠰᠣᠬᠤ ᠦᠭᠡᠢ》 ᠭᠡᠳ 8 ᠲᠡᠳᠡᠨ ᠢ ᠬᠠᠢᠷ᠎ᠠ ᠨᠠᠢᠷ ᠦᠭᠡᠢ ᠴᠣᠬᠢᠵᠤ᠂ ᠮᠠᠰᠢ ᠣᠯᠠᠨ ᠢ ᠠᠯᠠᠵᠠᠢ᠃ ᠲᠡᠭᠡᠭᠡᠳ ᠲᠡᠷᠡ ᠥᠭᠡᠳᠡ ᠪᠡᠨ ᠶᠠᠪᠤᠵᠤ ᠡᠲ᠋ᠠᠮ 15  ᠤᠨ ᠬᠠᠳᠠᠨ ᠤ ᠬᠠᠪᠴᠢᠯ ᠳᠤ ᠰᠠᠭᠤᠭᠰᠠᠨ ᠪᠠᠢᠨ᠎ᠠ᠃

9 ᠹᠢᠯᠢᠰᠲ᠋ᠴᠦᠳ ᠭᠠᠷᠴᠤ ᠢᠷᠡᠭᠡᠳ ᠶᠦᠳᠠ ᠳᠤ ᠬᠤᠸᠠᠷᠠᠩᠨᠠᠨ᠂ ᠯᠧᠾᠢ 16  ᠳᠤ ᠴᠡᠷᠢᠭ ᠢᠶᠠᠨ ᠪᠠᠢᠷᠢᠯᠠᠭᠤᠯᠪᠠ᠃ 10 ᠶᠦᠳᠠᠴᠤᠳ᠄ 《ᠶᠠᠭᠤᠨ ᠳᠤ ᠲᠠ ᠨᠠᠷ ᠪᠢᠳᠡᠨ ᠢ ᠴᠣᠬᠢᠬᠤ ᠪᠠᠷ ᠢᠷᠡᠭᠰᠡᠨ ᠪᠤᠢ︖》 ᠬᠡᠮᠡᠬᠦ ᠳᠦ᠂ ᠲᠡᠳᠡ᠄ 《ᠪᠢᠳᠡ ᠰᠠᠮᠰᠣᠨ ᠢ ᠬᠦᠯᠢᠵᠦ᠂ ᠲᠡᠭᠦᠨ ᠦ ᠪᠢᠳᠡᠨ ᠳᠦ ᠦᠢᠯᠡᠳᠦᠭᠰᠡᠨ ᠦ ᠠᠳᠠᠯᠢ ᠪᠠᠷ ᠲᠡᠭᠦᠨ ᠳᠦ ᠦᠢᠯᠡᠳᠬᠦ ᠪᠡᠷ ᠢᠷᠡᠯ᠎ᠡ》 ᠭᠡᠵᠦ ᠬᠠᠷᠢᠭᠤᠯᠪᠠ᠃ 11 ᠢᠩᠭᠢᠭᠡᠳ ᠭᠤᠷᠪᠠᠨ ᠮᠢᠩ᠋ᠭᠠᠨ ᠶᠦᠳᠠ ᠬᠥᠮᠦᠨ ᠡᠲ᠋ᠠᠮ ᠤᠨ ᠬᠠᠳᠠᠨ ᠤ ᠬᠠᠪᠴᠢᠯ ᠤᠷᠤᠭᠤ ᠪᠠᠭᠤᠨ ᠣᠴᠢᠵᠤ᠂ ᠰᠠᠮᠰᠣᠨ ᠳᠤ᠄ 《ᠹᠢᠯᠢᠰᠲ᠋ᠴᠦᠳ ᠪᠢᠳᠡᠨ ᠢ ᠵᠠᠬᠢᠷᠴᠤ ᠪᠠᠢᠭ᠎ᠠ ᠶᠢ ᠴᠢ ᠮᠡᠳᠡᠬᠦ ᠦᠭᠡᠢ ᠪᠠᠢᠨ᠎ᠠ ᠤᠤ︖ ᠴᠢ ᠪᠢᠳᠡᠨ ᠳᠦ ᠶᠠᠭᠤ ᠬᠢᠴᠢᠬᠡᠬᠦ ᠨᠢ ᠡᠨᠡ ᠪᠤᠢ︖》 ᠭᠡᠰᠡᠨ ᠳᠦ᠂ ᠲᠡᠷᠡ᠄ 《ᠲᠡᠳᠡᠨ ᠦ ᠨᠠᠳᠠ ᠳᠤ ᠦᠢᠯᠡᠳᠦᠭᠰᠡᠨ ᠦ ᠠᠳᠠᠯᠢ ᠪᠠᠷ ᠪᠢ ᠲᠡᠳᠡᠨ ᠳᠦ ᠦᠢᠯᠡᠳᠦᠭᠰᠡᠨ ᠪᠢᠯᠡ》 ᠭᠡᠪᠡ᠃ 12 ᠬᠠᠷᠢᠨ ᠲᠡᠳᠡ᠄ 《ᠪᠢᠳᠡ ᠴᠢᠮᠠᠶᠢ ᠬᠦᠯᠢᠵᠦ᠂ ᠹᠢᠯᠢᠰᠲ᠋ᠴᠦᠳ ᠦᠨ ᠭᠠᠷ ᠲᠤ ᠲᠤᠰᠢᠶᠠᠬᠤ ᠪᠠᠷ ᠢᠷᠡᠯ᠎ᠡ》 ᠭᠡᠵᠡᠢ᠃ ᠰᠠᠮᠰᠣᠨ᠄ 《ᠲᠠ ᠨᠠᠷ ᠥᠪᠡᠷᠰᠡᠳ ᠢᠶᠡᠨ ᠨᠠᠮᠠᠶᠢ ᠬᠣᠣᠷᠯᠠᠬᠤ ᠦᠭᠡᠢ ᠭᠡᠳᠡᠭ ᠢᠶᠡᠨ ᠨᠠᠳᠠ ᠳᠤ ᠲᠠᠩ᠋ᠭᠠᠷᠢᠭᠯᠠ》 ᠭᠡᠰᠡᠨ ᠳᠦ᠂ 13 ᠲᠡᠳᠡ᠄ 《ᠵᠠ᠂ ᠪᠢᠳᠡ ᠴᠢᠮᠠᠶᠢ ᠴᠢᠩᠭ᠍᠎ᠠ ᠬᠦᠯᠢᠭᠡᠳ ᠲᠡᠳᠡᠨ ᠦ ᠭᠠᠷ ᠲᠤ ᠲᠤᠰᠢᠶᠠᠬᠤ ᠠᠴᠠ ᠥᠭᠡᠷ᠎ᠡ ᠶᠠᠭᠤᠮ᠎ᠠ ᠬᠢᠬᠦ ᠦᠭᠡᠢ᠂ ᠴᠢᠮᠠᠶᠢ ᠯᠠᠪ ᠠᠯᠠᠬᠤ ᠦᠭᠡᠢ》 ᠭᠡᠳ ᠬᠣᠶᠠᠷ ᠰᠢᠨ᠎ᠡ ᠣᠯᠣᠰᠣᠨ ᠳᠡᠭᠡᠰᠦ ᠪᠡᠷ ᠲᠡᠭᠦᠨ ᠢ ᠬᠦᠯᠢᠵᠦ᠂ ᠬᠠᠳᠠᠨ ᠠᠴᠠ ᠴᠢᠷᠴᠦ ᠭᠠᠷᠭᠠᠪᠠ᠃

14 ᠲᠡᠭᠦᠨ ᠢ ᠯᠧᠾᠢ ᠳᠤ ᠬᠦᠷᠬᠦ ᠳᠦ᠂ ᠹᠢᠯᠢᠰᠲ᠋ᠴᠦᠳ ᠤᠤᠬᠠᠢᠯᠠᠨ ᠲᠤᠰᠴᠤ ᠢᠷᠡᠪᠡ᠃ ᠲᠡᠭᠡᠲᠡᠯ᠎ᠡ ᠶᠣᠬᠣᠸᠠ ᠶᠢᠨ ᠰᠦᠨᠡᠰᠦ ᠲᠡᠭᠦᠨ ᠦ ᠳᠡᠭᠡᠷ᠎ᠡ ᠬᠦᠴᠦᠲᠡᠢ ᠪᠠᠭᠤᠵᠤ ᠭᠠᠷ ᠢ ᠨᠢ ᠬᠦᠯᠢᠭᠰᠡᠨ ᠣᠯᠣᠰᠣᠨ ᠳᠡᠭᠡᠰᠦ ᠭᠠᠯ ᠳᠤ ᠰᠢᠲᠠᠭᠰᠠᠨ ᠮᠠᠭᠠᠯᠢᠩ᠋ᠭᠤᠨ ᠤᠲᠠᠰᠤ ᠮᠡᠲᠦ ᠪᠣᠯᠵᠤ᠂ ᠬᠦᠯᠢᠶᠡᠰᠦ ᠨᠢ ᠲᠡᠭᠦᠨ ᠦ ᠭᠠᠷ ᠠᠴᠠ ᠮᠤᠯᠲᠤᠷᠠᠪᠠ᠃ 15 ᠰᠠᠮᠰᠣᠨ ᠰᠢᠨᠡᠬᠡᠨ ᠡᠯᠵᠢᠭᠡᠨ ᠦ ᠡᠷᠡᠦ ᠶᠢᠨ ᠶᠠᠰᠤ ᠣᠯᠵᠤ᠂ ᠭᠠᠷ ᠢᠶᠠᠷ ᠢᠶᠠᠨ ᠰᠢᠭᠦᠷᠦᠨ ᠠᠪᠤᠭᠠᠳ᠂ ᠲᠡᠭᠦᠨ ᠢᠶᠡᠷ ᠢᠶᠠᠨ ᠮᠢᠩ᠋ᠭᠠᠨ ᠬᠥᠮᠦᠨ ᠢ ᠴᠣᠬᠢᠪᠠ᠃ 16 ᠲᠡᠭᠡᠭᠡᠳ ᠰᠠᠮᠰᠣᠨ᠄ 《ᠡᠯᠵᠢᠭᠡᠨ ᠦ ᠡᠷᠡᠦ ᠪᠡᠷ ᠡ᠊ᠨᠳᠡ ᠲᠡᠨᠳᠡ ᠦᠭᠡᠢ ᠣᠪᠣᠭ᠎ᠠ ᠪᠣᠰᠬᠠᠪᠠ ᠡᠯᠵᠢᠭᠡᠨ ᠦ ᠡᠷᠡᠦ ᠪᠡᠷ ᠪᠢ ᠮᠢᠩ᠋ᠭᠠᠨ ᠬᠥᠮᠦᠨ ᠢ ᠴᠣᠬᠢᠪᠠ》 ᠭᠡᠵᠡᠢ᠃
17 ᠲᠡᠷᠡ ᠢᠩᠭᠢᠵᠦ ᠬᠡᠯᠡᠭᠡᠳ ᠡᠯᠵᠢᠭᠡᠨ ᠦ ᠡᠷᠡᠦ ᠶᠢᠨ ᠶᠠᠰᠤ ᠶᠢ ᠬᠠᠶᠠᠭᠰᠠᠨ ᠢᠶᠠᠷ ᠲᠡᠷᠡ ᠭᠠᠵᠠᠷ ᠷᠠᠮᠠᠲ ᠯᠧᠾᠢ 17 ᠬᠡᠮᠡᠨ ᠨᠡᠷᠡᠯᠡᠭᠳᠡᠭᠰᠡᠨ ᠪᠠᠢᠨ᠎ᠠ᠃ 18 ᠲᠡᠷᠡ ᠶᠡᠬᠡᠳᠡ ᠤᠮᠳᠠᠭᠠᠰᠴᠤ᠂ ᠶᠣᠬᠣᠸᠠ ᠤᠷᠤᠭᠤ ᠬᠠᠰᠬᠢᠷᠤᠨ᠄ 《ᠲᠠ ᠵᠠᠷᠤᠴᠠ ᠶᠢᠨ ᠢᠶᠠᠨ ᠭᠠᠷ ᠢᠶᠠᠷ ᠡᠨᠡ ᠶᠡᠬᠡ ᠢᠯᠠᠯᠲᠠ ᠶᠢ ᠰᠣᠶᠣᠷᠬᠠᠭᠰᠠᠨ ᠪᠢᠯᠡ᠃ ᠭᠡᠲᠡᠯ᠎ᠡ ᠣᠳᠣ ᠪᠢ ᠴᠠᠩ᠋ᠭᠠᠭ᠎ᠠ ᠲᠠᠢ ᠪᠠᠷ ᠦᠬᠦᠬᠦ ᠳᠦ ᠬᠦᠷᠴᠦ᠂ ᠬᠥᠪᠴᠢᠷᠬᠡᠢ ᠬᠥᠨᠳᠡᠭᠦᠯᠦᠭᠡ ᠦᠭᠡᠢ ᠬᠥᠮᠦᠰ ᠦᠨ ᠭᠠᠷ ᠲᠤ ᠣᠷᠣᠬᠤ ᠨᠢ ᠡ》 ᠭᠡᠬᠦ ᠳᠦ᠂ 19 ᠪᠤᠷᠬᠠᠨ ᠯᠧᠾᠢ ᠳᠤ ᠪᠠᠢᠳᠠᠭ ᠬᠣᠲᠣᠭᠣᠷ ᠭᠠᠵᠠᠷ ᠢ ᠠᠩ᠋ᠭᠠᠢᠯᠭᠠᠨ ᠲᠡᠨᠳᠡ ᠡᠴᠡ ᠤᠰᠤ ᠭᠠᠷᠭᠠᠪᠠ᠃ ᠲᠡᠷᠡ ᠤᠰᠤ ᠤᠤᠭᠤᠵᠤ᠂ ᠬᠦᠴᠦ ᠲᠠᠮᠢᠷ ᠣᠷᠣᠵᠤ ᠰᠡᠷᠭᠦᠭᠰᠡᠨ ᠢᠶᠡᠷ ᠲᠡᠷᠡ ᠭᠠᠵᠠᠷ ᠢ ᠧᠨ ᠬᠠᠺᠣᠷ 18 ᠭᠡᠵᠦ ᠨᠡᠷᠡᠯᠡᠭᠰᠡᠨ ᠨᠢ ᠥᠨᠥᠳᠥᠷ ᠬᠦᠷᠲᠡᠯ᠎ᠡ ᠯᠧᠾᠢ ᠳᠤ ᠪᠠᠢᠭᠰᠠᠭᠠᠷ ᠠᠵᠢ᠃ 20 ᠢᠩᠭᠢᠵᠦ ᠰᠠᠮᠰᠣᠨ ᠹᠢᠯᠢᠰᠲ᠋ᠴᠦᠳ ᠦᠨ ᠡᠳᠦᠷ ᠤᠳ ᠲᠤ ᠢᠰᠷᠧᠯ ᠢ ᠬᠣᠷᠢᠨ ᠵᠢᠯ ᠤᠳᠤᠷᠢᠳᠤᠭᠰᠠᠨ ᠪᠠᠢᠨ᠎ᠠ᠃