1 2 3 4 5 6 7 8 9 10 11 12 13 14 15 16 17 18 19 20 21


ᠰᠢᠭᠦᠭᠴᠢᠳ ᠠᠷᠪᠠᠨ ᠭᠤᠷᠪᠠ
 ᠰᠠᠮᠰᠣᠨ ᠲᠥᠷᠥᠪᠡ

1 ᠢᠰᠷᠧᠯᠴᠦᠳ ᠶᠣᠬᠣᠸᠠ ᠶᠢᠨ ᠮᠡᠯᠮᠡᠢ ᠶᠢᠨ ᠡᠮᠦᠨ᠎ᠡ ᠳᠠᠬᠢᠨᠲᠠ ᠮᠠᠭᠤ ᠶᠢ ᠦᠢᠯᠡᠳᠦᠭᠰᠡᠨ ᠳᠦ᠂ ᠶᠣᠬᠣᠸᠠ ᠲᠡᠳᠡᠨ ᠢ ᠳᠥᠴᠢᠨ ᠵᠢᠯ ᠹᠢᠯᠢᠰᠲ᠋ᠴᠦᠳ ᠦᠨ ᠭᠠᠷ ᠲᠤ ᠲᠤᠰᠢᠶᠠᠪᠠ᠃

2 ᠽᠣᠷᠠ ᠨᠤᠲᠤᠭ ᠲᠤ᠂ ᠳ᠋ᠠᠨ ᠣᠪᠣᠭ ᠤᠨ ᠨᠢᠭᠡᠨ ᠪᠦᠯᠢ ᠳᠤ ᠮᠠᠨᠣᠶ᠎ᠠ ᠭᠡᠳᠡᠭ ᠡᠷ᠎ᠡ ᠪᠠᠢᠵᠠᠢ᠃ ᠲᠡᠭᠦᠨ ᠦ ᠡᠬᠡᠨᠡᠷ ᠬᠡᠭᠦᠰᠡᠷ ᠪᠣᠯᠬᠣᠷ ᠬᠡᠦᠬᠡᠳ ᠲᠥᠷᠥᠭᠦᠯᠦᠭᠡ ᠦᠭᠡᠢ ᠪᠠᠢᠪᠠ᠃ 3 ᠶᠣᠬᠣᠸᠠ ᠶᠢᠨ ᠡᠯᠴᠢ ᠲᠡᠷᠡ ᠡᠮᠡᠭᠲᠡᠢ ᠳᠦ ᠦᠵᠡᠭᠳᠡᠨ᠄ 《ᠬᠠᠷᠠ᠂ ᠴᠢ ᠬᠡᠭᠦᠰᠡᠷ ᠪᠣᠯᠬᠣᠷ ᠬᠡᠦᠬᠡᠳ ᠲᠥᠷᠥᠭᠦᠯᠦᠭᠡ ᠦᠭᠡᠢ ᠪᠣᠯᠪᠠᠴᠤ ᠵᠢᠷᠮᠦᠰᠦᠯᠡᠵᠦ ᠬᠦᠦ ᠲᠥᠷᠥᠭᠦᠯᠦᠨ᠎ᠡ︕ 4 ᠣᠳᠣ ᠠᠴᠠ ᠡᠬᠢᠯᠡᠨ ᠪᠣᠯᠭᠣᠮᠵᠢᠲᠠᠢ ᠪᠠᠢᠵᠤ᠂ ᠠᠷᠢᠬᠢ ᠳᠠᠷᠠᠰᠤ ᠪᠦᠦ ᠤᠤᠭᠤ᠂ ᠶᠠᠮᠠᠷ ᠴᠤ ᠪᠤᠵᠠᠷ ᠶᠠᠭᠤᠮ᠎ᠠ ᠪᠦᠦ ᠢᠳᠡ᠃ 5 ᠴᠢ ᠯᠠᠪᠲᠠᠢ ᠵᠢᠷᠮᠦᠰᠦᠯᠡᠵᠦ ᠬᠦᠦ ᠲᠥᠷᠥᠭᠦᠯᠬᠦ ᠪᠣᠯᠣᠨ᠎ᠠ᠃ ᠲᠡᠷᠡ ᠬᠥᠪᠡᠭᠦᠨ ᠡᠬᠡ ᠶᠢᠨ ᠬᠡᠪᠡᠯᠢ ᠳᠤ ᠪᠠᠢᠬᠤ ᠠᠴᠠ ᠪᠠᠨ ᠪᠤᠷᠬᠠᠨ ᠳᠤ ᠵᠣᠷᠢᠭᠤᠯᠤᠭᠳᠠᠭᠰᠠᠨ ᠨᠠᠽᠢᠷ 12 ᠬᠥᠮᠦᠨ ᠪᠣᠯᠬᠣᠷ ᠲᠡᠭᠦᠨ ᠦ ᠲᠣᠯᠣᠭᠠᠢ ᠳᠤ ᠲᠣᠩ᠋ᠭᠣᠷᠠᠭ ᠬᠦᠷᠭᠡᠵᠦ ᠪᠣᠯᠬᠤ ᠦᠭᠡᠢ᠃ ᠲᠡᠷᠡ ᠢᠰᠷᠧᠯ ᠢ ᠹᠢᠯᠢᠰᠲ᠋ᠴᠦᠳ ᠦᠨ ᠰᠠᠪᠠᠷ ᠠᠴᠠ ᠠᠪᠤᠷᠠᠵᠤ ᠡᠬᠢᠯᠡᠨ᠎ᠡ》 ᠭᠡᠪᠡ᠃ 6 ᠨᠥᠭᠥᠭᠡ ᠡᠮᠡᠭᠲᠡᠢ ᠨᠥᠬᠥᠷ ᠲᠡᠭᠡᠨ ᠣᠴᠢᠵᠤ᠄ 《ᠪᠤᠷᠬᠠᠨ ᠤ ᠬᠥᠮᠦᠨ ᠨᠠᠳᠠ ᠳᠡᠭᠡᠷ᠎ᠡ ᠢᠷᠡᠪᠡ᠃ ᠲᠡᠷᠡ ᠪᠤᠷᠬᠠᠨ ᠤ ᠡᠯᠴᠢ ᠮᠡᠲᠦ ᠬᠠᠷᠠᠭᠳᠠᠵᠤ ᠶᠡᠬᠡᠳᠡ ᠠᠶᠤᠮᠰᠢᠭᠲᠠᠢ ᠪᠣᠯᠬᠣᠷ ᠲᠡᠭᠦᠨ ᠦ ᠬᠠᠮᠢᠭ᠎ᠠ ᠠᠴᠠ ᠢᠷᠡᠭᠰᠡᠨ ᠢ ᠪᠢ ᠯᠠᠪᠯᠠᠭᠰᠠᠨ ᠦᠭᠡᠢ᠂ ᠲᠡᠷᠡ ᠴᠤ ᠨᠠᠳᠠ ᠳᠤ ᠨᠡᠷ᠎ᠡ ᠪᠡᠨ ᠬᠡᠯᠡᠭᠰᠡᠨ ᠦᠭᠡᠢ᠃ 7 ᠲᠡᠷᠡ ᠨᠠᠳᠠ ᠳᠤ ᠠᠢᠯᠠᠳᠤᠨ᠄ 〈ᠬᠠᠷᠠ᠂ ᠴᠢ ᠵᠢᠷᠮᠦᠰᠦᠯᠡᠵᠦ ᠬᠦᠦ ᠲᠥᠷᠥᠭᠦᠯᠦᠨ᠎ᠡ᠃ ᠣᠳᠣ ᠠᠴᠠ ᠡᠬᠢᠯᠡᠨ ᠠᠷᠢᠬᠢ ᠳᠠᠷᠠᠰᠤ ᠪᠦᠦ ᠤᠤᠭᠤ᠂ ᠪᠤᠵᠠᠷ ᠶᠠᠭᠤᠮ᠎ᠠ ᠪᠦᠦ ᠢᠳᠡ᠂ ᠤᠴᠢᠷ ᠨᠢ ᠬᠥᠪᠡᠭᠦᠨ ᠴᠢᠨᠢ ᠡᠬᠡ ᠶᠢᠨ ᠬᠡᠪᠡᠯᠢ ᠳᠤ ᠪᠠᠢᠬᠤ ᠠᠴᠠ ᠪᠠᠨ ᠦᠬᠦᠬᠦ ᠡᠳᠦᠷ ᠬᠦᠷᠲᠡᠯ᠎ᠡ ᠪᠡᠨ ᠪᠤᠷᠬᠠᠨ ᠳᠤ ᠵᠣᠷᠢᠭᠤᠯᠤᠭᠳᠠᠭᠰᠠᠨ ᠨᠠᠽᠢᠷ ᠬᠥᠮᠦᠨ ᠪᠣᠯᠬᠤ ᠶᠤᠮ〉 ᠭᠡᠰᠡᠨ》 ᠭᠡᠪᠡ᠃

8 ᠮᠠᠨᠣᠶ᠎ᠠ ᠶᠣᠬᠣᠸᠠ ᠳᠤ ᠳᠠᠭᠠᠳᠬᠠᠨ᠄ 《ᠡᠵᠡᠨ ᠮᠢᠨᠢ᠂ ᠲᠠᠨ ᠠᠴᠠ ᠭᠤᠶᠤᠶ᠎ᠠ᠃ ᠢᠯᠡᠭᠡᠭᠰᠡᠨ ᠪᠤᠷᠬᠠᠨ ᠤ ᠬᠥᠮᠦᠨ ᠢᠶᠡᠨ ᠳᠠᠬᠢᠨ ᠪᠢᠳᠡᠨ ᠤᠷᠤᠭᠤ ᠢᠷᠡᠭᠦᠯᠵᠦ᠂ ᠲᠥᠷᠥᠬᠦ ᠬᠥᠪᠡᠭᠦᠨ ᠳᠡᠭᠡᠨ ᠶᠠᠭᠤ ᠬᠢᠬᠦ ᠶᠣᠰᠣᠲᠠᠢ ᠶᠢ ᠮᠢᠨᠢ ᠵᠢᠭᠠᠵᠤ ᠥᠭᠭᠥᠭᠡᠴᠢ》 ᠭᠡᠰᠡᠨ ᠳᠦ᠂ 9 ᠪᠤᠷᠬᠠᠨ ᠮᠠᠨᠣᠶ᠎ᠠ ᠶᠢᠨ ᠳᠠᠭᠤ ᠶᠢ ᠰᠣᠨᠣᠰᠴᠠᠢ᠃ ᠥᠨᠥᠬᠢ ᠡᠮᠡᠭᠲᠡᠢ ᠲᠠᠷᠢᠶᠠᠯᠠᠩ ᠤᠨ ᠲᠠᠯᠠᠪᠠᠢ ᠳᠤ ᠰᠠᠭᠤᠵᠤ ᠪᠠᠢᠬᠤ ᠳᠤ᠂ ᠪᠤᠷᠬᠠᠨ ᠤ ᠡᠯᠴᠢ ᠳᠠᠬᠢᠨ ᠲᠡᠭᠦᠨ ᠤᠷᠤᠭᠤ ᠢᠷᠡᠯ᠎ᠡ᠃ ᠨᠥᠬᠥᠷ ᠮᠠᠨᠣᠶ᠎ᠠ ᠨᠢ ᠬᠠᠵᠠᠭᠤ ᠳᠤᠨᠢ ᠪᠠᠢᠭᠰᠠᠨ ᠦᠭᠡᠢ ᠪᠣᠯᠬᠣᠷ 10 ᠡᠮᠡᠭᠲᠡᠢ ᠶᠠᠭᠠᠷᠠᠨ ᠭᠦᠶᠦᠵᠦ ᠨᠥᠬᠥᠷ ᠲᠡᠭᠡᠨ ᠣᠴᠢᠭᠠᠳ᠄ 《ᠬᠥᠶᠶ᠂ ᠲᠡᠷᠡ ᠡᠳᠦᠷ ᠢᠷᠡᠭᠰᠡᠨ ᠬᠥᠮᠦᠨ ᠨᠠᠳᠠ ᠳᠤ ᠰᠠᠶ᠋ᠢᠬᠠᠨ ᠦᠵᠡᠭᠳᠡᠯ᠎ᠡ︕》 ᠭᠡᠵᠦ ᠬᠡᠯᠡᠪᠡ᠃ 11 ᠮᠠᠨᠣᠶ᠎ᠠ ᠪᠣᠰᠴᠤ ᠡᠬᠡᠨᠡᠷ ᠢᠶᠡᠨ ᠳᠠᠭᠠᠵᠤ ᠶᠠᠪᠤᠭᠠᠳ᠂ ᠨᠥᠭᠥᠭᠡ ᠬᠥᠮᠦᠨ ᠳᠡᠭᠡᠷ᠎ᠡ ᠬᠦᠷᠴᠦ᠄ 《ᠡᠨᠡ ᠡᠮᠡᠭᠲᠡᠢ ᠲᠡᠢ ᠶᠠᠷᠢᠭᠰᠠᠨ ᠬᠥᠮᠦᠨ ᠲᠠ ᠮᠥᠨ ᠤᠤ︖》 ᠭᠡᠬᠦ ᠳᠦ᠂ ᠲᠡᠷᠡ᠄ 《ᠪᠢ ᠮᠥᠨ ᠪᠠᠢᠨ᠎ᠠ》 ᠭᠡᠪᠡ᠃ 12 ᠮᠠᠨᠣᠶ᠎ᠠ᠄ 《ᠲᠠᠨ ᠤ ᠦᠭᠡ ᠪᠡᠶᠡᠯᠡᠭᠳᠡᠬᠦ ᠳᠦ᠂ ᠡᠨᠡ ᠬᠥᠪᠡᠭᠦᠨ ᠦ ᠠᠮᠢᠳᠤᠷᠠᠯ ᠪᠣᠯᠣᠨ ᠠᠵᠢᠯ ᠳᠤ ᠶᠠᠮᠠᠷ ᠶᠣᠰᠣ ᠵᠢᠷᠤᠮ ᠪᠠᠢᠬᠤ ᠶᠣᠰᠣᠲᠠᠢ ᠪᠤᠢ︖》 ᠭᠡᠵᠦ ᠠᠰᠠᠭᠤᠬᠤ ᠳᠤ᠂ 13 ᠶᠣᠬᠣᠸᠠ ᠶᠢᠨ ᠡᠯᠴᠢ ᠬᠠᠷᠢᠭᠤ ᠳᠤᠨᠢ᠄ 《ᠴᠢᠨᠦ ᠡᠬᠡᠨᠡᠷ ᠬᠡᠯᠡᠭᠰᠡᠨ ᠪᠦᠬᠦᠨ ᠳᠦ ᠮᠢᠨᠢ ᠠᠩ᠋ᠬᠠᠷᠤᠯ ᠲᠠᠯᠪᠢᠬᠤ ᠶᠣᠰᠣᠲᠠᠢ᠃ 14 ᠲᠡᠷᠡ ᠪᠡᠷ ᠦᠵᠦᠮ ᠦᠨ ᠮᠣᠳᠣᠨ ᠠᠴᠠ ᠭᠠᠷᠤᠭᠰᠠᠨ ᠪᠣᠯᠭᠠᠨ ᠢ ᠢᠳᠡᠵᠦ ᠪᠣᠯᠬᠤ ᠦᠭᠡᠢ᠃ ᠠᠷᠢᠬᠢ ᠳᠠᠷᠠᠰᠤ ᠤᠤᠭᠤᠵᠤ ᠪᠣᠯᠬᠤ ᠦᠭᠡᠢ᠃ ᠪᠤᠵᠠᠷ ᠶᠠᠭᠤᠮ᠎ᠠ ᠢᠳᠡᠵᠦ ᠪᠣᠯᠬᠤ ᠦᠭᠡᠢ᠃ ᠡᠢᠨ ᠬᠦ ᠲᠤᠰᠢᠶᠠᠭᠰᠠᠨ ᠪᠦᠬᠦᠨ ᠢ ᠮᠢᠨᠢ ᠰᠠᠬᠢᠬᠤ ᠶᠣᠰᠣᠲᠠᠢ》 ᠭᠡᠪᠡ᠃

15 ᠮᠠᠨᠣᠶ᠎ᠠ ᠶᠣᠬᠣᠸᠠ ᠶᠢᠨ ᠡᠯᠴᠢ ᠳᠤ᠄ 《ᠲᠠ ᠮᠠᠨ ᠤ ᠡ᠊ᠨᠳᠡ ᠲᠦᠷ ᠰᠠᠭᠠᠲᠠᠨ᠎ᠠ ᠤᠤ︖ ᠪᠢᠳᠡ ᠲᠠᠨ ᠳᠤ ᠨᠢᠭᠡ ᠢᠰᠢᠭᠡ ᠲᠥᠬᠥᠭᠡᠷᠦᠶ᠎ᠡ》 ᠭᠡᠰᠡᠨ ᠳᠦ᠂ 16 ᠶᠣᠬᠣᠸᠠ ᠶᠢᠨ ᠡᠯᠴᠢ ᠮᠠᠨᠣᠶ᠎ᠠ ᠳᠤ᠄ 《ᠴᠢ ᠨᠠᠮᠠᠶᠢ ᠰᠠᠭᠠᠲᠠᠭᠤᠯᠤᠭᠰᠠᠨ ᠴᠤ ᠪᠢ ᠴᠢᠨᠦ ᠢᠳᠡᠭᠡᠨ ᠡᠴᠡ ᠢᠳᠡᠬᠦ ᠦᠭᠡᠢ᠃ ᠬᠠᠷᠢᠨ ᠴᠢ ᠰᠢᠲᠠᠭᠠᠯᠭᠠᠲᠤ ᠲᠠᠬᠢᠯ ᠡᠷᠭᠦᠶ᠎ᠡ ᠭᠡᠪᠡᠯ᠂ ᠲᠡᠭᠦᠨ ᠢ ᠪᠠᠨ ᠶᠣᠬᠣᠸᠠ ᠳᠤ ᠡᠷᠭᠦᠭᠲᠦᠨ》 ᠭᠡᠪᠡ᠃ ᠮᠠᠨᠣᠶ᠎ᠠ ᠲᠡᠭᠦᠨ ᠢ ᠶᠣᠬᠣᠸᠠ ᠶᠢᠨ ᠡᠯᠴᠢ ᠭᠡᠵᠦ ᠮᠡᠳᠡᠭᠡ ᠦᠭᠡᠢ ᠪᠠᠢᠪᠠ᠃ 17 ᠮᠠᠨᠣᠶ᠎ᠠ ᠶᠣᠬᠣᠸᠠ ᠶᠢᠨ ᠡᠯᠴᠢ ᠳᠤ᠄ 《ᠲᠠᠨ ᠤ ᠠᠯᠳᠠᠷ ᠬᠡᠨ ᠪᠤᠢ︖ ᠲᠠᠨ ᠤ ᠦᠭᠡ ᠪᠡᠶᠡᠯᠡᠭᠳᠡᠬᠦ ᠳᠦ ᠲᠠᠨ ᠳᠤ ᠪᠢᠳᠡ ᠬᠦᠨᠳᠦᠳᠬᠡᠯ ᠦᠵᠡᠭᠦᠯᠦᠶ᠎ᠡ》 ᠭᠡᠬᠦ ᠳᠦ᠂ 18 ᠶᠣᠬᠣᠸᠠ ᠶᠢᠨ ᠡᠯᠴᠢ ᠲᠡᠭᠦᠨ ᠳᠦ᠄ 《ᠮᠢᠨᠦ ᠨᠡᠷ᠎ᠡ ᠶᠢ ᠠᠰᠠᠭᠤᠵᠤ ᠶᠠᠭᠠᠬᠢᠬᠤ ᠶᠤᠮ ᠪᠤᠢ︖ ᠲᠡᠷᠡ ᠪᠣᠯ ᠤᠬᠠᠭᠠᠷᠠᠭᠳᠠᠰᠢ ᠦᠭᠡᠢ 13 ᠶᠤᠮ》 ᠭᠡᠯ᠎ᠡ᠃

19 ᠮᠠᠨᠣᠶ᠎ᠠ ᠢᠳᠡᠭᠡᠨ ᠲᠠᠬᠢᠯ ᠲᠠᠢ ᠬᠠᠮᠲᠤ ᠨᠢᠭᠡ ᠢᠰᠢᠭᠡ ᠠᠪᠴᠢᠷᠠᠵᠤ᠂ ᠬᠠᠳᠠᠨ ᠳᠡᠭᠡᠷ᠎ᠡ ᠶᠣᠬᠣᠸᠠ ᠳᠤ ᠡᠷᠭᠦᠬᠦ ᠳᠦ᠂ ᠶᠣᠬᠣᠸᠠ ᠶᠢᠨ ᠡᠯᠴᠢ ᠮᠠᠨᠣᠶ᠎ᠠ ᠪᠣᠯᠣᠨ ᠡᠬᠡᠨᠡᠷ ᠦᠨ ᠬᠢᠨᠢ ᠨᠢᠳᠦᠨ ᠡᠮᠦᠨ᠎ᠡ ᠭᠠᠢᠬᠠᠮᠰᠢᠭ ᠢ ᠦᠢᠯᠡᠳᠴᠡᠢ᠃ 20 ᠭᠠᠯ ᠤᠨ ᠳᠥᠯᠥ ᠲᠠᠬᠢᠯ ᠤᠨ ᠰᠢᠷᠡᠭᠡᠨ ᠡᠴᠡ ᠲᠩᠷᠢ ᠥᠭᠡᠳᠡ ᠳᠦᠷᠡᠯᠵᠡᠭᠰᠡᠨ ᠳᠦ᠂ ᠶᠣᠬᠣᠸᠠ ᠶᠢᠨ ᠡᠯᠴᠢ ᠲᠠᠬᠢᠯ ᠤᠨ ᠰᠢᠷᠡᠭᠡᠨ ᠦ ᠳᠥᠯᠥ ᠶᠢᠨ ᠳᠤᠮᠳᠠᠭᠤᠷ ᠳᠡᠭᠡᠭᠰᠢᠯᠡᠨ ᠣᠳᠪᠠ᠃ ᠮᠠᠨᠣᠶ᠎ᠠ ᠪᠣᠯᠣᠨ ᠲᠡᠭᠦᠨ ᠦ ᠡᠬᠡᠨᠡᠷ ᠡᠭᠦᠨ ᠢ ᠬᠠᠷᠠᠭᠠᠳ ᠨᠢᠭᠤᠷ ᠢᠶᠠᠨ ᠭᠠᠵᠠᠷ ᠲᠤ ᠬᠦᠷᠭᠡᠨ ᠪᠥᠬᠥᠢᠪᠡ᠃ 21 ᠶᠣᠬᠣᠸᠠ ᠶᠢᠨ ᠡᠯᠴᠢ ᠮᠠᠨᠣᠶ᠎ᠠ ᠪᠣᠯᠣᠨ ᠲᠡᠭᠦᠨ ᠦ ᠡᠬᠡᠨᠡᠷ ᠲᠦ ᠳᠠᠬᠢᠭᠠᠳ ᠦᠵᠡᠭᠳᠡᠭᠰᠡᠨ ᠦᠭᠡᠢ᠃ ᠲᠡᠷᠡ ᠦᠶ᠎ᠡ ᠳᠦ ᠮᠠᠨᠣᠶ᠎ᠠ ᠲᠡᠭᠦᠨ ᠢ ᠶᠣᠬᠣᠸᠠ ᠶᠢᠨ ᠡᠯᠴᠢ ᠪᠠᠢᠭᠰᠠᠨ ᠢ ᠨᠢ ᠮᠡᠳᠡᠪᠡ᠃ 22 ᠮᠠᠨᠣᠶ᠎ᠠ ᠡᠬᠡᠨᠡᠷ ᠲᠡᠭᠡᠨ᠄ 《ᠪᠢᠳᠡ ᠪᠤᠷᠬᠠᠨ ᠢ ᠦᠵᠡᠭᠰᠡᠨ ᠲᠤᠯᠠ ᠵᠠᠢᠯᠠᠰᠢ ᠦᠭᠡᠢ ᠦᠬᠦᠨ᠎ᠡ》 ᠭᠡᠬᠦ ᠳᠦ᠂ 23 ᠡᠬᠡᠨᠡᠷ ᠨᠢ ᠲᠡᠭᠦᠨ ᠳᠦ᠄ 《ᠬᠡᠷᠪᠡ ᠶᠣᠬᠣᠸᠠ ᠪᠢᠳᠡᠨ ᠢ ᠠᠯᠠᠬᠤ ᠰᠠᠨᠠᠭ᠎ᠠ ᠲᠠᠢ ᠪᠠᠢᠭᠰᠠᠨ ᠪᠣᠯ᠂ ᠲᠡᠷᠡ ᠪᠢᠳᠡᠨ ᠦ ᠭᠠᠷ ᠠᠴᠠ ᠰᠢᠲᠠᠭᠠᠯᠭᠠᠲᠤ ᠲᠠᠬᠢᠯ ᠪᠤᠶᠤ ᠢᠳᠡᠭᠡᠨ ᠲᠠᠬᠢᠯ ᠢ ᠠᠪᠬᠤ ᠦᠭᠡᠢ ᠪᠠᠢᠬᠤ ᠪᠠᠢᠭᠰᠠᠨ᠂ ᠡᠨᠡ ᠪᠦᠭᠦᠳᠡ ᠶᠢ ᠴᠤ ᠪᠢᠳᠡᠨ ᠳᠦ ᠦᠵᠡᠭᠦᠯᠬᠦ ᠦᠭᠡᠢ᠂ ᠪᠠᠰᠠ ᠡᠳᠡᠭᠡᠷ ᠢ ᠪᠢᠳᠡᠨ ᠳᠦ ᠰᠣᠨᠣᠰᠬᠠᠬᠤ ᠴᠤ ᠦᠭᠡᠢ ᠪᠠᠢᠬᠤ ᠪᠠᠢᠭᠰᠠᠨ》 ᠭᠡᠪᠡ᠃

24 ᠲᠡᠷᠡ ᠡᠮᠡᠭᠲᠡᠢ ᠬᠥᠪᠡᠭᠦᠨ ᠲᠥᠷᠥᠭᠦᠯᠵᠦ᠂ ᠲᠡᠭᠦᠨ ᠢ ᠰᠠᠮᠰᠣᠨ ᠭᠡᠵᠦ ᠨᠡᠷᠡᠯᠡᠪᠡ᠃ ᠬᠥᠪᠡᠭᠦᠨ ᠥᠰᠴᠦ ᠥᠭᠡᠯᠡᠢ ᠪᠣᠯᠬᠤ ᠳᠤ᠂ ᠶᠣᠬᠣᠸᠠ ᠲᠡᠭᠦᠨ ᠢ ᠢᠪᠡᠭᠡᠪᠡ᠃ 25 ᠲᠡᠭᠦᠨ ᠢ ᠽᠣᠷᠠ᠂ ᠡᠱᠲ᠋ᠠᠶᠣᠯ ᠤᠨ ᠬᠣᠭᠣᠷᠣᠨᠳᠣᠬᠢ ᠮᠠᠬᠠᠨᠧᠳᠠᠨ ᠳᠤ ᠪᠠᠢᠬᠤ ᠳᠤ᠂ ᠶᠣᠬᠣᠸᠠ ᠶᠢᠨ ᠰᠦᠨᠡᠰᠦ ᠲᠡᠭᠦᠨ ᠢ ᠬᠥᠳᠡᠯᠭᠡᠵᠦ ᠡᠬᠢᠯᠡᠪᠡ᠃