ᠰᠢᠭᠦᠭᠴᠢᠳ ᠠᠷᠪᠠᠨ ᠨᠢᠭᠡ
ᠶᠧᠹᠲ᠋ᠠ ᠤᠳᠤᠷᠢᠳᠤᠭᠴᠢ ᠪᠣᠯᠪᠠ
1 ᠭᠢᠯᠧᠶᠠᠳ᠋ ᠬᠥᠮᠦᠨ ᠶᠧᠹᠲ᠋ᠠ ᠡᠷᠡᠯᠬᠡᠭ ᠳᠠᠢᠴᠢᠨ ᠪᠠᠢᠪᠠ᠃ ᠲᠡᠷᠡ ᠶᠠᠩ᠋ᠬᠠᠨ ᠤ ᠬᠥᠪᠡᠭᠦᠨ ᠪᠥᠭᠡᠳ ᠡᠴᠢᠭᠡ ᠨᠢ ᠭᠢᠯᠧᠶᠠᠳ᠋ ᠪᠣᠯᠣᠨ᠎ᠠ᠃ 2 ᠭᠢᠯᠧᠶᠠᠳ᠋ ᠲᠤ ᠠᠪᠠᠭᠠᠯᠢ ᠡᠬᠡᠨᠡᠷ ᠦᠨ ᠬᠢᠨᠢ ᠲᠥᠷᠥᠭᠦᠯᠦᠭᠰᠡᠨ ᠬᠥᠪᠡᠭᠦᠳ ᠴᠤ ᠪᠠᠢᠪᠠ᠃ ᠲᠡᠳᠡ ᠥᠰᠴᠦ ᠥᠨᠳᠡᠢᠭᠡᠳ᠂ ᠶᠧᠹᠲ᠋ᠠ ᠳᠤ᠄ 《ᠴᠢ ᠥᠭᠡᠷ᠎ᠡ ᠡᠮ᠎ᠡ ᠶᠢᠨ ᠬᠥᠪᠡᠭᠦᠨ ᠪᠣᠯᠬᠣᠷ ᠮᠠᠨ ᠤ ᠡᠴᠢᠭᠡ ᠶᠢᠨ ᠥᠪ ᠢ ᠬᠦᠷᠲᠡᠬᠦ ᠶᠣᠰᠣ ᠦᠭᠡᠢ》 ᠬᠡᠮᠡᠨ ᠲᠡᠭᠦᠨ ᠢ ᠬᠥᠭᠡᠭᠡᠵᠦ ᠶᠠᠪᠤᠭᠤᠯᠪᠠ᠃ 3 ᠶᠧᠹᠲ᠋ᠠ ᠠᠬ᠎ᠠ ᠳᠡᠭᠦᠦᠰ ᠡᠴᠡ ᠪᠡᠨ ᠵᠠᠢᠯᠠᠵᠤ᠂ ᠲᠣᠪ ᠨᠤᠲᠤᠭ ᠲᠤ ᠣᠴᠢᠭᠠᠳ ᠰᠠᠭᠤᠷᠢᠰᠢᠪᠠ᠃ ᠪᠦᠲᠦᠯ ᠦᠭᠡᠢ ᠬᠥᠮᠦᠰ ᠶᠧᠹᠲ᠋ᠠ ᠲᠠᠢ ᠨᠡᠢᠯᠡᠵᠦ᠂ ᠲᠡᠭᠦᠨ ᠲᠡᠢ ᠬᠠᠮᠲᠤ ᠲᠤᠯᠤᠯᠳᠤᠭᠠᠨ ᠳᠤ ᠭᠠᠷᠳᠠᠭ ᠪᠠᠢᠯ᠎ᠠ᠃
4 ᠬᠡᠰᠡᠭ ᠬᠤᠭᠤᠴᠠᠭᠠᠨ ᠤ ᠳᠠᠷᠠᠭ᠎ᠠ ᠠᠮᠣᠨᠴᠤᠳ ᠢᠰᠷᠧᠯ ᠤᠨ ᠡᠰᠡᠷᠭᠦ ᠳᠠᠢᠨ ᠳᠡᠭᠳᠡᠭᠡᠬᠦ ᠳᠦ᠂ 5 ᠭᠢᠯᠧᠶᠠᠳ᠋ ᠤᠨ ᠠᠬᠠᠮᠠᠳ ᠤᠳ ᠶᠧᠹᠲ᠋ᠠ ᠶᠢ ᠠᠪᠴᠢᠷᠠᠬᠤ ᠪᠠᠷ ᠲᠣᠪ ᠨᠤᠲᠤᠭ ᠲᠤ ᠣᠴᠢᠭᠰᠠᠨ ᠪᠠᠢᠨ᠎ᠠ᠃ 6 ᠲᠡᠳᠡ ᠶᠧᠹᠲ᠋ᠠ ᠳᠤ᠄ 《ᠮᠠᠨ ᠤ ᠡ᠊ᠨᠳᠡ ᠢᠷᠡᠵᠦ᠂ ᠮᠠᠨ ᠤ ᠬᠣᠰᠢᠭᠤᠴᠢ ᠪᠣᠯᠣᠨ᠎ᠠ ᠤᠤ︖ ᠲᠡᠭᠡᠪᠡᠯ ᠪᠢᠳᠡ ᠠᠮᠣᠨᠴᠤᠳ ᠲᠠᠢ ᠳᠠᠢᠲᠤᠵᠤ ᠴᠢᠳᠠᠨ᠎ᠠ》 ᠭᠡᠵᠦ ᠬᠡᠯᠡᠭᠰᠡᠨ ᠳᠦ᠂ 7 ᠶᠧᠹᠲ᠋ᠠ ᠭᠢᠯᠧᠶᠠᠳ᠋ ᠤᠨ ᠠᠬᠠᠮᠠᠳ ᠤᠳ ᠲᠤ᠄ 《ᠨᠠᠮᠠᠶᠢ ᠦᠵᠡᠨ ᠶᠠᠳᠠᠵᠤ᠂ ᠡᠴᠢᠭᠡ ᠶᠢᠨ ᠮᠢᠨᠢ ᠭᠡᠷ ᠡᠴᠡ ᠬᠥᠭᠡᠭᠡᠵᠦ ᠭᠠᠷᠭᠠᠭᠰᠠᠨ ᠨᠢ ᠲᠠ ᠨᠠᠷ ᠪᠢᠰᠢ ᠤᠤ︖ ᠣᠳᠣ ᠵᠣᠪᠠᠯᠠᠩ ᠳᠤ ᠣᠷᠣᠬᠤ ᠳᠠᠭᠠᠨ ᠨᠠᠳᠠ ᠤᠷᠤᠭᠤ ᠢᠷᠡᠵᠦ ᠪᠠᠢᠨ᠎ᠠ ᠤᠤ︖》 ᠭᠡᠪᠡ᠃ 8 ᠭᠢᠯᠧᠶᠠᠳ᠋ ᠤᠨ ᠠᠬᠠᠮᠠᠳ ᠤᠳ ᠶᠧᠹᠲ᠋ᠠ ᠳᠤ᠄ 《ᠲᠠ ᠪᠢᠳᠡᠨ ᠲᠡᠢ ᠶᠠᠪᠤᠵᠤ᠂ ᠠᠮᠣᠨᠴᠤᠳ ᠲᠠᠢ ᠲᠤᠯᠤᠯᠳᠤᠪᠠᠯ ᠭᠢᠯᠧᠶᠠᠳ᠋ ᠤᠨ ᠪᠦᠬᠦ ᠰᠠᠭᠤᠭᠠᠯᠢᠴᠢᠳ ᠤᠨ ᠲᠡᠷᠢᠭᠦᠨ ᠪᠣᠯᠣᠨ᠎ᠠ ᠰᠢᠦ ᠳᠠ᠃ ᠡᠭᠦᠨ ᠦ ᠤᠴᠢᠷ ᠢᠶᠠᠷ ᠪᠢᠳᠡ ᠡᠷᠭᠢᠭᠡᠳ ᠲᠠᠨ ᠤᠷᠤᠭᠤ ᠢᠷᠡᠯ᠎ᠡ》 ᠭᠡᠪᠡ᠃ 9 ᠶᠧᠹᠲ᠋ᠠ᠄ 《ᠲᠠ ᠨᠠᠷ ᠨᠠᠳᠠ ᠲᠠᠢ ᠬᠠᠮᠲᠤ ᠲᠡᠨᠳᠡ ᠪᠤᠴᠠᠵᠤ ᠠᠮᠣᠨᠴᠤᠳ ᠲᠠᠢ ᠲᠤᠯᠤᠯᠳᠤᠬᠤ ᠳᠤ᠂ ᠶᠣᠬᠣᠸᠠ ᠲᠡᠳᠡᠨ ᠢ ᠨᠠᠳᠠ ᠳᠤ ᠲᠤᠰᠢᠶᠠᠪᠠᠯ᠂ ᠲᠠ ᠨᠠᠷ ᠦᠨᠡᠬᠡᠷ ᠨᠠᠮᠠᠶᠢ ᠲᠡᠷᠢᠭᠦᠨ ᠢᠶᠡᠨ ᠪᠣᠯᠭᠠᠬᠤ ᠤᠤ︖》 ᠭᠡᠬᠦ ᠳᠦ᠂ 10 ᠭᠢᠯᠧᠶᠠᠳ᠋ ᠤᠨ ᠠᠬᠠᠮᠠᠳ ᠤᠳ᠄ 《ᠬᠡᠷᠪᠡ ᠪᠢᠳᠡ ᠲᠠᠨ ᠤ ᠬᠡᠯᠡᠭᠰᠡᠨ ᠢ ᠳᠠᠭᠠᠬᠤ ᠦᠭᠡᠢ ᠪᠣᠯ ᠶᠣᠬᠣᠸᠠ ᠪᠢᠳᠡᠨ ᠦ ᠬᠣᠭᠣᠷᠣᠨᠳᠣ ᠭᠡᠷᠡᠴᠢ ᠪᠣᠯᠣᠨ᠎ᠠ》 ᠭᠡᠪᠡ᠃ 11 ᠶᠧᠹᠲ᠋ᠠ ᠭᠢᠯᠧᠶᠠᠳ᠋ ᠤᠨ ᠠᠬᠠᠮᠠᠳ ᠤᠳ ᠤᠨ ᠬᠠᠮᠲᠤ ᠶᠠᠪᠤᠭᠰᠠᠨ ᠪᠥᠭᠡᠳ ᠠᠷᠠᠳ ᠣᠯᠠᠨ ᠲᠡᠭᠦᠨ ᠢ ᠥᠪᠡᠷᠰᠡᠳ ᠦᠨ ᠲᠡᠷᠢᠭᠦᠨ ᠪᠠ ᠤᠳᠤᠷᠢᠳᠤᠭᠴᠢ ᠪᠣᠯᠭᠠᠪᠠ᠃ ᠶᠧᠹᠲ᠋ᠠ ᠮᠢᠽᠫᠠ ᠳᠤ ᠡᠳᠡᠭᠡᠷ ᠪᠦᠬᠦ ᠦᠭᠡ ᠶᠢ ᠶᠣᠬᠣᠸᠠ ᠶᠢᠨ ᠡᠮᠦᠨ᠎ᠡ ᠳᠠᠪᠲᠠᠨ ᠬᠡᠯᠡᠪᠡ᠃
ᠶᠧᠹᠲ᠋ᠠ ᠠᠮᠣᠨᠴᠤᠳ ᠢ ᠨᠢᠴᠤᠭᠠᠪᠠ
12 ᠶᠧᠹᠲ᠋ᠠ ᠠᠮᠣᠨᠴᠤᠳ ᠤᠨ ᠬᠠᠭᠠᠨ ᠳᠤ ᠡᠯᠴᠢᠳ ᠢᠯᠡᠭᠡᠵᠦ᠄ 《ᠲᠠ ᠪᠢᠳᠡ ᠬᠣᠶᠠᠷ ᠤᠨ ᠬᠣᠭᠣᠷᠣᠨᠳᠣ ᠶᠠᠮᠠᠷ ᠠᠰᠠᠭᠤᠳᠠᠯ ᠲᠠᠢ ᠪᠣᠯᠣᠭᠠᠳ ᠲᠠ ᠨᠠᠷ ᠮᠠᠨ ᠤ ᠬᠢᠨ ᠲᠠᠢ ᠳᠠᠢᠲᠤᠬᠤ ᠪᠠᠷ ᠭᠠᠵᠠᠷ ᠨᠤᠲᠤᠭ ᠤᠷᠤᠭᠤ ᠮᠢᠨᠢ ᠢᠷᠡᠭᠰᠡᠨ ᠪᠤᠢ︖》 ᠭᠡᠵᠦ ᠠᠰᠠᠭᠤᠯᠭᠠᠭᠰᠠᠨ ᠳᠤ᠂ 13 ᠠᠮᠣᠨᠴᠤᠳ ᠤᠨ ᠬᠠᠭᠠᠨ ᠶᠧᠹᠲ᠋ᠠ ᠶᠢᠨ ᠡᠯᠴᠢᠳ ᠲᠤ ᠬᠠᠷᠢᠭᠤᠯᠵᠤ᠄ 《ᠢᠰᠷᠧᠯ ᠶᠧᠵᠢᠫᠲ ᠡᠴᠡ ᠭᠠᠷᠴᠤ ᠢᠷᠡᠬᠦ ᠳᠡᠭᠡᠨ ᠠᠷᠨᠣᠨ ᠠᠴᠠ ᠶᠠᠪᠣᠺ ᠪᠣᠯᠣᠨ ᠶᠣᠷᠳᠠᠨ ᠬᠦᠷᠲᠡᠯᠡᠬᠢ ᠮᠢᠨᠦ ᠨᠤᠲᠤᠭ ᠢ ᠪᠤᠯᠢᠶᠠᠭᠰᠠᠨ ᠠᠴᠠ ᠶᠤᠮ᠃ ᠣᠳᠣ ᠡᠳᠡᠭᠡᠷ ᠭᠠᠵᠠᠷ ᠨᠤᠲᠤᠭ ᠢ ᠡᠪ ᠨᠠᠢᠷᠠᠮᠳᠠᠯ ᠢᠶᠠᠷ ᠪᠤᠴᠠᠭᠠᠵᠤ ᠥᠭ》 ᠭᠡᠵᠡᠢ᠃ 14 ᠶᠧᠹᠲ᠋ᠠ ᠠᠮᠣᠨᠴᠤᠳ ᠤᠨ ᠬᠠᠭᠠᠨ ᠳᠤ ᠳᠠᠬᠢᠨ ᠡᠯᠴᠢᠳ ᠢ ᠢᠯᠡᠭᠡᠵᠦ᠂ 15 ᠡᠢᠨ ᠬᠦ ᠬᠡᠯᠡᠭᠦᠯᠵᠡᠢ᠄ 《ᠮᠣᠶᠠᠪ ᠤᠨ ᠭᠠᠵᠠᠷ ᠢ ᠴᠤ᠂ ᠠᠮᠣᠨ ᠤ ᠨᠤᠲᠤᠭ ᠢ ᠴᠤ ᠢᠰᠷᠧᠯ ᠪᠤᠯᠢᠶᠠᠵᠤ ᠠᠪᠤᠭ᠎ᠠ ᠦᠭᠡᠢ᠃ 16 ᠢᠰᠷᠧᠯ ᠶᠧᠵᠢᠫᠲ ᠡᠴᠡ ᠭᠠᠷᠴᠤ ᠢᠷᠡᠬᠦ ᠳᠡᠭᠡᠨ ᠴᠥᠯ ᠢᠶᠡᠷ ᠳᠠᠭᠠᠷᠢᠨ ᠤᠯᠠᠭᠠᠨ ᠲᠠᠩᠭᠢᠰ ᠲᠤ ᠬᠦᠷᠦᠭᠰᠡᠨ ᠪᠢᠯᠡ᠃ ᠴᠠᠰᠢ ᠨᠢ ᠺᠠᠳᠧᠱ ᠲᠤ ᠬᠦᠷᠬᠦ ᠳᠡᠭᠡᠨ 17 ᠢᠰᠷᠧᠯ ᠡᠳᠣᠮ ᠤᠨ ᠬᠠᠭᠠᠨ ᠳᠤ ᠡᠯᠴᠢᠳ ᠢ ᠢᠯᠡᠭᠡᠨ᠄ 〈ᠲᠠᠨ ᠤ ᠨᠤᠲᠤᠭ ᠢᠶᠠᠷ ᠳᠠᠭᠠᠷᠢᠨ ᠥᠩᠭᠡᠷᠡᠬᠦ ᠶᠢ ᠮᠢᠨᠢ ᠵᠥᠪᠰᠢᠶᠡᠷᠡᠭᠡᠴᠢ〉 ᠭᠡᠰᠡᠨ ᠪᠣᠯᠪᠠᠴᠤ ᠡᠳᠣᠮ ᠤᠨ ᠬᠠᠭᠠᠨ ᠰᠣᠨᠣᠰᠣᠭᠰᠠᠨ ᠦᠭᠡᠢ᠃ ᠲᠡᠭᠦᠨᠴᠢᠯᠡᠨ ᠮᠣᠶᠠᠪ ᠤᠨ ᠬᠠᠭᠠᠨ ᠳᠤ ᠡᠯᠴᠢᠳ ᠢᠯᠡᠭᠡᠭᠰᠡᠨ ᠪᠣᠯᠪᠠᠴᠤ ᠲᠡᠷᠡ ᠪᠠᠰᠠ ᠵᠥᠪᠰᠢᠶᠡᠷᠡᠭᠰᠡᠨ ᠦᠭᠡᠢ᠃ ᠡᠢᠮᠦ ᠡᠴᠡ ᠢᠰᠷᠧᠯ ᠺᠠᠳᠧᠱ ᠲᠤ ᠦᠯᠡᠳᠡᠭᠰᠡᠨ ᠪᠥᠭᠡᠳ 18 ᠳᠠᠷᠠᠭ᠎ᠠ ᠨᠢ ᠴᠥᠯ ᠢ ᠲᠤᠭᠤᠯᠤᠨ ᠡᠳᠣᠮ ᠪᠣᠯᠣᠨ ᠮᠣᠶᠠᠪ ᠤᠨ ᠭᠠᠵᠠᠷ ᠢ ᠲᠣᠭᠣᠷᠢᠵᠤ᠂ ᠮᠣᠶᠠᠪ ᠤᠨ ᠨᠤᠲᠤᠭ ᠤᠨ ᠵᠡᠭᠦᠨ ᠲᠠᠯ᠎ᠠ ᠠᠴᠠ ᠨᠢ ᠢᠷᠡᠵᠦ᠂ ᠠᠷᠨᠣᠨ ᠤ ᠴᠠᠭᠠᠨ᠎ᠠ ᠪᠠᠭᠤᠳᠠᠯᠯᠠᠭᠰᠠᠨ ᠪᠢᠯᠡ᠃ ᠭᠡᠬᠦ ᠳᠡᠭᠡᠨ ᠠᠷᠨᠣᠨ ᠪᠣᠯ ᠮᠣᠶᠠᠪ ᠤᠨ ᠬᠢᠯᠢ ᠪᠣᠯᠬᠣᠷ ᠮᠣᠶᠠᠪ ᠤᠨ ᠭᠠᠵᠠᠷ ᠨᠤᠲᠤᠭ ᠲᠤ ᠬᠥᠯ ᠲᠠᠯᠪᠢᠭᠰᠠᠨ ᠦᠭᠡᠢ᠃ 19 ᠢᠰᠷᠧᠯ ᠾᠧᠱᠪᠣᠨ ᠤᠷᠤᠭᠤ ᠠᠮᠣᠷᠢᠴᠤᠳ ᠤᠨ ᠬᠠᠭᠠᠨ ᠰᠢᠬᠣᠨ ᠳᠤ ᠡᠯᠴᠢᠳ ᠢᠯᠡᠭᠡᠨ᠄ 〈ᠲᠠᠨ ᠤ ᠨᠤᠲᠤᠭ ᠢᠶᠠᠷ ᠳᠠᠮᠵᠢᠨ ᠨᠤᠲᠤᠭ ᠤᠷᠤᠭᠤ ᠪᠠᠨ ᠶᠠᠪᠤᠬᠤ ᠶᠢ ᠮᠢᠨᠢ ᠵᠥᠪᠰᠢᠶᠡᠷᠡᠨ᠎ᠡ ᠤᠤ︖〉 ᠬᠡᠮᠡᠨ ᠬᠡᠯᠡᠭᠦᠯᠦᠭᠰᠡᠨ ᠪᠣᠯᠪᠠᠴᠤ 20 ᠰᠢᠬᠣᠨ ᠢᠰᠷᠧᠯ ᠢ ᠢᠲᠡᠭᠡᠭᠰᠡᠨ ᠦᠭᠡᠢ᠂ ᠲᠡᠷᠡ ᠪᠡᠷ ᠨᠤᠲᠤᠭ ᠢᠶᠠᠷ ᠨᠢ ᠥᠩᠭᠡᠷᠡᠬᠦ ᠶᠢ ᠵᠥᠪᠰᠢᠶᠡᠷᠡᠬᠦ ᠪᠠᠢᠲᠤᠭᠠᠢ᠂ ᠠᠷᠠᠳ ᠣᠯᠠᠨ ᠢᠶᠠᠨ ᠳᠠᠢᠴᠢᠯᠠᠨ ᠶᠠᠬᠠᠽ ᠲᠤ ᠬᠤᠸᠠᠷᠠᠩᠨᠠᠨ ᠢᠰᠷᠧᠯ ᠤᠨ ᠡᠰᠡᠷᠭᠦ ᠳᠠᠢᠨ ᠳᠡᠭᠳᠡᠭᠡᠭᠰᠡᠨ ᠪᠢᠯᠡ᠃ 21 ᠢᠰᠷᠧᠯ ᠤᠨ ᠪᠤᠷᠬᠠᠨ ᠶᠣᠬᠣᠸᠠ ᠰᠢᠬᠣᠨ ᠪᠣᠯᠣᠨ ᠲᠡᠭᠦᠨ ᠦ ᠪᠦᠬᠦ ᠠᠷᠠᠳ ᠲᠦᠮᠡᠨ ᠢ ᠢᠰᠷᠧᠯ ᠤᠨ ᠭᠠᠷ ᠲᠤ ᠲᠤᠰᠢᠶᠠᠭᠰᠠᠨ ᠪᠣᠯᠬᠣᠷ ᠢᠰᠷᠧᠯ ᠲᠡᠳᠡᠨ ᠢ ᠪᠤᠲᠠ ᠴᠣᠬᠢᠨ ᠠᠮᠣᠷᠢᠴᠤᠳ ᠤᠨ ᠣᠷᠣᠰᠢᠨ ᠰᠠᠭᠤᠵᠤ ᠪᠠᠢᠭᠰᠠᠨ ᠪᠦᠬᠦ ᠨᠤᠲᠤᠭ ᠢ ᠡᠵᠡᠯᠡᠨ ᠠᠪᠤᠭᠰᠠᠨ ᠪᠠᠢᠨ᠎ᠠ᠃ 22 ᠡᠢᠨ ᠬᠦ ᠢᠰᠷᠧᠯ ᠠᠷᠨᠣᠨ ᠠᠴᠠ ᠶᠠᠪᠣᠺ ᠬᠦᠷᠲᠡᠯ᠎ᠡ᠂ ᠮᠥᠨ ᠴᠥᠯ ᠡᠴᠡ ᠶᠣᠷᠳᠠᠨ ᠬᠦᠷᠲᠡᠯᠡᠬᠢ ᠠᠮᠣᠷᠢᠴᠤᠳ ᠤᠨ ᠪᠦᠬᠦ ᠭᠠᠵᠠᠷ ᠨᠤᠲᠤᠭ ᠢ ᠡᠵᠠᠯᠠᠨ ᠠᠪᠤᠭᠰᠠᠨ ᠶᠤᠮ᠃ 23 ᠢᠰᠷᠧᠯ ᠤᠨ ᠪᠤᠷᠬᠠᠨ ᠶᠣᠬᠣᠸᠠ ᠥᠪᠡᠷ ᠦᠨ ᠢᠶᠠᠨ ᠠᠷᠠᠳ ᠲᠦᠮᠡᠨ ᠢᠰᠷᠧᠯ ᠤᠨ ᠡᠮᠦᠨ᠎ᠡ ᠡᠴᠡ ᠠᠮᠣᠷᠢᠴᠤᠳ ᠢ ᠵᠠᠢᠯᠠᠭᠤᠯᠵᠤ ᠥᠭᠭᠥᠭᠰᠡᠨ ᠠᠲᠠᠯ᠎ᠠ ᠲᠠ ᠪᠢᠳᠡᠨ ᠢ ᠵᠠᠢᠯᠠᠭᠤᠯᠬᠤ ᠭᠡᠬᠦ ᠨᠢ ᠤᠤ︖ 24 ᠲᠠᠨ ᠤ ᠪᠤᠷᠬᠠᠨ ᠺᠧᠮᠣᠱ ᠤᠨ ᠢᠶᠠᠨ ᠡᠵᠡᠮᠰᠢᠭᠦᠯᠬᠦ ᠭᠡᠰᠡᠨ ᠢ ᠯᠠ ᠲᠠ ᠡᠵᠡᠮᠰᠢᠬᠦ ᠦᠭᠡᠢ ᠤᠤ︖ ᠡᠭᠦᠨ ᠲᠡᠢ ᠠᠳᠠᠯᠢ ᠪᠠᠷ ᠮᠠᠨ ᠤ ᠪᠤᠷᠬᠠᠨ ᠶᠣᠬᠣᠸᠠ ᠶᠢᠨ ᠪᠢᠳᠡᠨ ᠦ ᠡᠮᠦᠨ᠎ᠡ ᠡᠴᠡ ᠵᠠᠢᠯᠠᠭᠤᠯᠤᠭᠰᠠᠨ ᠪᠦᠬᠦᠨ ᠦ ᠬᠢ ᠶᠢ ᠪᠢᠳᠡ ᠡᠵᠡᠮᠰᠢᠬᠦ ᠪᠣᠯᠣᠨ᠎ᠠ᠃ 25 ᠲᠠ ᠮᠣᠶᠠᠪ ᠤᠨ ᠬᠠᠭᠠᠨ ᠽᠢᠫᠣᠷ ᠤᠨ ᠬᠥᠪᠡᠭᠦᠨ ᠪᠠᠯᠠᠺ ᠠᠴᠠ ᠠᠭᠤᠤ ᠶᠤᠮ ᠤᠤ︖ ᠪᠠᠯᠠᠺ ᠢᠰᠷᠧᠯ ᠲᠠᠢ ᠮᠠᠷᠭᠤᠯᠳᠤᠬᠤ ᠪᠤᠶᠤ ᠲᠡᠮᠡᠴᠡᠬᠦ ᠵᠢᠷᠦᠬᠡ ᠲᠠᠢ ᠪᠠᠢᠭᠰᠠᠨ ᠤᠤ︖ 26 ᠢᠰᠷᠧᠯ ᠾᠧᠱᠪᠣᠨ᠂ ᠠᠷᠣᠶᠧᠷ ᠪᠣᠯᠣᠨ ᠡᠷᠭᠢᠨ ᠲᠣᠭᠣᠷᠢᠨ ᠤ ᠬᠢᠨᠢ ᠲᠣᠰᠬᠣᠨ ᠨᠤᠭᠤᠳ ᠲᠤ᠂ ᠮᠥᠨ ᠠᠷᠨᠣᠨ ᠤ ᠬᠥᠪᠡᠭᠡᠨ ᠳᠠᠬᠢ ᠬᠠᠮᠤᠭ ᠲᠣᠰᠬᠣᠨ ᠳᠤ ᠨᠤᠲᠤᠭᠯᠠᠨ ᠰᠠᠭᠤᠵᠤ ᠭᠤᠷᠪᠠᠨ ᠵᠠᠭᠤᠨ ᠵᠢᠯ ᠪᠣᠯᠣᠭᠰᠠᠨ ᠬᠢᠷᠢ ᠨᠢ ᠡᠨᠡ ᠬᠤᠭᠤᠴᠠᠭᠠᠨ ᠳᠤ ᠲᠠ ᠨᠠᠷ ᠶᠠᠭᠠᠬᠢᠭᠠᠳ ᠪᠤᠴᠠᠭᠠᠵᠤ ᠠᠪᠤᠨ᠎ᠠ ᠭᠡᠰᠡᠨ ᠦᠭᠡᠢ ᠶᠤᠮ ᠪᠤᠢ︖ 27 ᠡᠢᠮᠦ ᠡᠴᠡ ᠪᠢ ᠲᠠᠨ ᠳᠤ ᠶᠠᠮᠠᠷ ᠴᠤ ᠪᠤᠷᠤᠭᠤ ᠬᠡᠷᠡᠭ ᠬᠢᠭᠡ ᠦᠭᠡᠢ᠃ ᠬᠠᠷᠢᠨ ᠲᠠ ᠳᠠᠢᠨ ᠥᠳᠥᠭᠡᠭᠰᠡᠨ ᠢᠶᠡᠷ ᠢᠶᠠᠨ ᠨᠠᠳᠠ ᠳᠤ ᠪᠤᠷᠤᠭᠤ ᠵᠦᠢᠯ ᠬᠢᠵᠦ ᠪᠠᠢᠨ᠎ᠠ᠃ ᠰᠢᠭᠦᠭᠴᠢ ᠶᠣᠬᠣᠸᠠ ᠥᠨᠥᠳᠥᠷ ᠢᠰᠷᠧᠯᠴᠦᠳ ᠪᠣᠯᠣᠨ ᠠᠮᠣᠨᠴᠤᠳ ᠤᠨ ᠬᠣᠭᠣᠷᠣᠨᠳᠣᠬᠢ ᠮᠠᠷᠭᠤᠭᠠᠨ ᠢ ᠰᠢᠭᠦᠬᠦ ᠪᠣᠯᠲᠤᠭᠠᠢ》 ᠭᠡᠵᠡᠢ᠃ 28 ᠬᠠᠷᠢᠨ ᠠᠮᠣᠨᠴᠤᠳ ᠤᠨ ᠬᠠᠭᠠᠨ ᠶᠧᠹᠲ᠋ᠠ ᠶᠢᠨ ᠢᠯᠡᠭᠡᠭᠰᠡᠨ ᠦᠭᠡ ᠶᠢ ᠣᠢᠰᠢᠶᠠᠭᠰᠠᠨ ᠦᠭᠡᠢ᠃
ᠶᠧᠹᠲ᠋ᠠ ᠶᠢᠨ ᠲᠠᠩ᠋ᠭᠠᠷᠢᠭ ᠬᠢᠭᠡᠳ ᠲᠠᠬᠢᠯ
29 ᠶᠣᠬᠣᠸᠠ ᠶᠢᠨ ᠰᠦᠨᠡᠰᠦ ᠶᠧᠹᠲ᠋ᠠ ᠶᠢᠨ ᠳᠡᠭᠡᠷ᠎ᠡ ᠪᠠᠭᠤᠭᠰᠠᠨ ᠪᠠᠢᠯ᠎ᠠ᠃ ᠶᠧᠹᠲ᠋ᠠ ᠭᠢᠯᠧᠶᠠᠳ᠋ ᠪᠣᠯᠣᠨ ᠮᠠᠨᠠᠰᠧ ᠪᠠᠷ ᠥᠩᠭᠡᠷᠡᠨ ᠭᠠᠷᠴᠤ᠂ ᠭᠢᠯᠧᠶᠠᠳ᠋ ᠤᠨ ᠮᠢᠽᠫᠠ ᠳᠤ ᠢᠷᠡᠭᠰᠡᠨ ᠦ ᠳᠠᠷᠠᠭ᠎ᠠ᠂ ᠲᠡᠨᠳᠡ ᠡᠴᠡ ᠴᠠᠰᠢ ᠠᠮᠣᠨᠴᠤᠳ ᠤᠷᠤᠭᠤ ᠮᠣᠷᠳᠠᠪᠠ᠃ 30 ᠶᠧᠹᠲ᠋ᠠ ᠶᠣᠬᠣᠸᠠ ᠳᠤ ᠲᠠᠩ᠋ᠭᠠᠷᠢᠭᠯᠠᠨ᠄ 《ᠬᠡᠷᠪᠡ ᠲᠠ ᠦᠨᠡᠬᠡᠷ ᠠᠮᠣᠨᠴᠤᠳ ᠢ ᠮᠢᠨᠦ ᠭᠠᠷ ᠲᠤ ᠲᠤᠰᠢᠶᠠᠪᠠᠯ 31 ᠪᠢ ᠠᠮᠣᠨᠴᠤᠳ ᠯᠤᠭ᠎ᠠ ᠶᠢᠨ ᠳᠠᠢᠨ ᠠᠴᠠ ᠠᠮᠤᠷ ᠮᠡᠨᠳᠦ ᠪᠤᠴᠠᠵᠤ ᠢᠷᠡᠬᠦ ᠦᠶ᠎ᠡ ᠳᠡᠭᠡᠨ ᠭᠡᠷ ᠦᠨ ᠮᠢᠨᠢ ᠬᠠᠭᠠᠯᠭ᠎ᠠ ᠪᠠᠷ ᠨᠠᠮᠠᠶᠢ ᠤᠭᠲᠤᠨ ᠭᠠᠷᠴᠤ ᠢᠷᠡᠬᠦ ᠨᠢᠭᠡᠨ ᠢ ᠶᠣᠬᠣᠸᠠ ᠶᠢᠨ ᠬᠢ ᠪᠣᠯᠭᠠᠨ ᠰᠢᠲᠠᠭᠠᠯᠭᠠᠲᠤ ᠲᠠᠬᠢᠯ ᠢᠶᠠᠷ ᠡᠷᠭᠦᠨ᠎ᠡ》 ᠭᠡᠪᠡ᠃ 32 ᠢᠩᠭᠢᠭᠡᠳ ᠶᠧᠹᠲ᠋ᠠ ᠠᠮᠣᠨᠴᠤᠳ ᠲᠠᠢ ᠲᠤᠯᠤᠯᠳᠤᠬᠤ ᠪᠠᠷ ᠤᠷᠤᠭᠰᠢᠯᠠᠬᠤ ᠳᠤ᠂ ᠶᠣᠬᠣᠸᠠ ᠲᠡᠳᠡᠨ ᠢ ᠶᠧᠹᠲ᠋ᠠ ᠶᠢᠨ ᠭᠠᠷ ᠲᠤ ᠲᠤᠰᠢᠶᠠᠯ᠎ᠠ᠃ 33 ᠶᠧᠹᠲ᠋ᠠ ᠲᠡᠳᠡᠨ ᠢ ᠠᠷᠣᠶᠧᠷ ᠡᠴᠡ ᠮᠢᠨᠢᠲ ᠬᠦᠷᠲᠡᠯ᠎ᠡ ᠬᠣᠷᠢᠨ ᠲᠣᠰᠬᠣᠨ ᠢ ᠪᠤᠲᠠ ᠴᠣᠬᠢᠵᠤ᠂ ᠴᠠᠰᠢ ᠨᠢ ᠠᠪᠧᠯ ᠺᠧᠷᠠᠮᠢᠮ ᠬᠦᠷᠲᠡᠯ᠎ᠡ ᠬᠦᠨᠳᠦ ᠴᠣᠬᠢᠯᠲᠠ ᠥᠭᠭᠥᠭᠰᠡᠨ ᠳᠦ᠂ ᠠᠮᠣᠨᠴᠤᠳ ᠢᠰᠷᠧᠯᠴᠦᠳ ᠲᠦ ᠪᠠᠭᠤᠵᠤ ᠥᠭᠭᠥᠭᠰᠡᠨ ᠪᠠᠢᠯ᠎ᠠ᠃
34 ᠶᠧᠹᠲ᠋ᠠ ᠮᠢᠽᠫᠠ ᠳᠠᠬᠢ ᠭᠡᠷ ᠲᠡᠭᠡᠨ ᠢᠷᠡᠲᠡᠯ᠎ᠡ ᠥᠬᠢᠨ ᠨᠢ ᠲᠡᠭᠦᠨ ᠢ ᠤᠭᠲᠤᠬᠤ ᠪᠠᠷ ᠬᠡᠩᠭᠡᠷᠭᠡ ᠳᠡᠯᠡᠳᠦᠨ ᠪᠥᠵᠢᠭᠯᠡᠵᠦ ᠭᠠᠷᠴᠤ ᠢᠷᠡᠪᠡ︕ ᠲᠡᠷᠡ ᠪᠣᠯ ᠲᠡᠭᠦᠨ ᠦ ᠴᠣᠷ ᠤᠨ ᠭᠠᠭᠴᠠ ᠬᠡᠦᠬᠡᠳ ᠪᠥᠭᠡᠳ ᠲᠡᠭᠦᠨ ᠡᠴᠡ ᠥᠭᠡᠷ᠎ᠡ ᠬᠥᠪᠡᠭᠦᠨ ᠴᠤ᠂ ᠥᠬᠢᠨ ᠴᠤ ᠪᠠᠢᠭᠰᠠᠨ ᠦᠭᠡᠢ᠃ 35 ᠶᠧᠹᠲ᠋ᠠ ᠥᠬᠢᠨ ᠢᠶᠠᠨ ᠬᠠᠷᠠᠭᠠᠳ ᠬᠤᠪᠴᠠᠰᠤ ᠪᠠᠨ ᠤᠷᠠᠵᠤ ᠲᠠᠰᠤᠳᠠᠨ᠄ 《ᠠᠢ᠂ ᠥᠬᠢᠨ ᠮᠢᠨᠢ︕ ᠴᠢ ᠦᠨᠡᠬᠡᠷ ᠮᠢᠨᠦ ᠰᠡᠳᠬᠢᠯ ᠢ ᠤᠷᠠᠵᠠᠢ᠂ ᠴᠢ ᠨᠠᠮᠠᠶᠢ ᠦᠨᠡᠬᠡᠷ ᠰᠢᠨᠠᠯᠭᠠᠵᠤ ᠪᠠᠢᠨ᠎ᠠ᠃ ᠪᠢ ᠶᠣᠬᠣᠸᠠ ᠳᠤ ᠠᠮᠠ ᠠᠯᠳᠠᠭᠰᠠᠨ ᠪᠣᠯᠬᠣᠷ ᠪᠤᠴᠠᠭᠠᠬᠤ ᠠᠷᠭ᠎ᠠ ᠦᠭᠡᠢ ᠪᠣᠯᠣᠯ᠎ᠠ》 ᠭᠡᠪᠡ᠃ 36 ᠥᠬᠢᠨ ᠡᠴᠢᠭᠡ ᠳᠡᠭᠡᠨ᠄ 《ᠠᠪᠤ ᠮᠢᠨᠢ᠂ ᠲᠠ ᠶᠣᠬᠣᠸᠠ ᠶᠢᠨ ᠡᠮᠦᠨ᠎ᠡ ᠠᠮᠠ ᠠᠯᠳᠠᠭᠰᠠᠨ ᠲᠤᠯᠠ ᠠᠮᠠᠯᠠᠭᠰᠠᠨ ᠶᠣᠰᠣᠭᠠᠷ ᠢᠶᠠᠨ ᠨᠠᠳᠠ ᠳᠤ ᠦᠢᠯᠡᠳᠦᠭᠡᠷᠡᠢ᠃ ᠶᠣᠬᠣᠸᠠ ᠨᠢᠭᠡᠨᠲᠡ ᠲᠠᠨ ᠤ ᠳᠠᠢᠰᠤᠨ ᠠᠮᠣᠨᠴᠤᠳ ᠠᠴᠠ ᠥᠰᠢᠶ᠎ᠡ ᠶᠢ ᠴᠢᠨᠢ ᠠᠪᠴᠤ ᠥᠭᠭᠥᠭᠰᠡᠨ ᠪᠢᠰᠢ ᠤᠤ︖》 ᠭᠡᠵᠡᠢ᠃ 37 ᠥᠬᠢᠨ ᠡᠴᠢᠭᠡ ᠳᠡᠭᠡᠨ᠄ 《ᠨᠢᠭᠡ ᠵᠦᠢᠯ ᠢ ᠵᠥᠪᠰᠢᠶᠡᠷᠡᠭᠡᠴᠢ᠃ ᠨᠠᠳᠠ ᠳᠤ ᠬᠣᠶᠠᠷ ᠰᠠᠷ᠎ᠠ ᠶᠢᠨ ᠬᠤᠭᠤᠴᠠᠭ᠎ᠠ ᠥᠭᠭᠥᠨ᠎ᠡ ᠤᠤ︖ ᠪᠢ ᠨᠠᠢᠵᠢ ᠥᠬᠢᠳ ᠲᠠᠢ ᠪᠠᠨ ᠠᠭᠤᠯᠠ ᠪᠠᠷ ᠶᠠᠪᠤᠵᠤ᠂ ᠣᠩ᠋ᠭᠣᠨ ᠪᠠᠢᠳᠠᠯ ᠢᠶᠠᠷ ᠢᠶᠠᠨ ᠡᠴᠦᠰᠯᠡᠬᠦ ᠶᠢᠨ ᠤᠴᠢᠷ ᠲᠤ ᠭᠠᠰᠢᠭᠤᠳᠠᠶ᠎ᠠ》 ᠭᠡᠬᠦ ᠳᠦ᠂ 38 ᠶᠧᠹᠲ᠋ᠠ᠄ 《ᠶᠠᠪᠤᠭᠲᠤᠨ》 ᠭᠡᠳ ᠥᠬᠢᠨ ᠢᠶᠠᠨ ᠬᠣᠶᠠᠷ ᠰᠠᠷ᠎ᠠ ᠶᠠᠪᠤᠭᠤᠯᠪᠠ᠃ ᠥᠬᠢᠨ ᠨᠢ ᠨᠠᠢᠵᠢ ᠥᠬᠢᠳ ᠲᠠᠢ ᠪᠠᠨ ᠬᠠᠮᠲᠤ ᠶᠠᠪᠤᠵᠤ᠂ ᠣᠩ᠋ᠭᠣᠨ ᠪᠠᠢᠳᠠᠯ ᠢᠶᠠᠷ ᠢᠶᠠᠨ ᠡᠴᠦᠰᠯᠡᠬᠦ ᠶᠢᠨ ᠤᠴᠢᠷ ᠲᠤ ᠠᠭᠤᠯᠠᠨ ᠳᠡᠭᠡᠷ᠎ᠡ ᠭᠠᠰᠢᠭᠤᠳᠠᠭᠠᠳ 39 ᠬᠣᠶᠠᠷ ᠰᠠᠷ᠎ᠠ ᠪᠣᠯᠣᠭᠰᠠᠨ ᠤ ᠳᠠᠷᠠᠭ᠎ᠠ ᠡᠴᠢᠭᠡ ᠳᠡᠭᠡᠨ ᠪᠤᠴᠠᠵᠤ ᠢᠷᠡᠭᠰᠡᠨ ᠪᠠᠢᠨ᠎ᠠ᠃ ᠡᠴᠢᠭᠡ ᠨᠢ ᠲᠠᠩ᠋ᠭᠠᠷᠢᠭᠯᠠᠭᠰᠠᠨ ᠶᠣᠰᠣᠭᠠᠷ ᠢᠶᠠᠨ ᠲᠡᠭᠦᠨ ᠳᠦ ᠦᠢᠯᠡᠳᠦᠭᠰᠡᠨ ᠪᠥᠭᠡᠳ ᠲᠡᠷᠡ ᠥᠬᠢᠨ ᠡᠷ᠎ᠡ ᠬᠥᠮᠦᠨ ᠲᠡᠢ ᠡᠩᠭᠡᠷ ᠵᠥᠷᠢᠭᠦᠯᠡᠭᠡ ᠦᠭᠡᠢ᠃ ᠡᠭᠦᠨ ᠡᠴᠡ ᠪᠣᠯᠣᠭᠠᠳ ᠢᠰᠷᠧᠯ ᠳᠤ ᠨᠢᠭᠡᠨ ᠵᠠᠩᠰᠢᠯ ᠪᠤᠢ ᠪᠣᠯᠵᠠᠢ᠃ 40 ᠲᠤᠬᠠᠢᠯᠠᠪᠠᠯ ᠢᠰᠷᠧᠯ ᠤᠨ ᠥᠬᠢᠳ ᠵᠢᠯ ᠪᠦᠷᠢ ᠲᠡᠨᠳᠡ ᠣᠴᠢᠵᠤ ᠭᠢᠯᠧᠶᠠᠳ᠋ ᠬᠥᠮᠦᠨ ᠶᠧᠹᠲ᠋ᠠ ᠶᠢᠨ ᠥᠬᠢᠨ ᠢ ᠳᠥᠷᠪᠡᠨ ᠡᠳᠦᠷ ᠳᠤᠷᠠᠰᠬᠠᠳᠠᠭ ᠪᠣᠯᠣᠭᠰᠠᠨ ᠶᠤᠮ᠃