ᠰᠢᠭᠦᠭᠴᠢᠳ ᠠᠷᠪᠠᠨ ᠳᠣᠯᠣᠭ᠎ᠠ
ᠮᠢᠺᠠ ᠶᠢᠨ ᠰᠢᠲᠦᠭᠡᠨ
1 ᠡᠹᠷᠠᠢᠮ ᠤᠨ ᠠᠭᠤᠯᠠᠷᠬᠠᠭ ᠨᠤᠲᠤᠭ ᠲᠤ ᠮᠢᠺᠠ ᠭᠡᠳᠡᠭ ᠬᠥᠮᠦᠨ ᠪᠠᠢᠵᠠᠢ᠃ 2 ᠲᠡᠷᠡ ᠡᠬᠡ ᠳᠡᠭᠡᠨ᠄ 《ᠲᠠᠨ ᠤ ᠮᠢᠩ᠋ᠭ᠎ᠠ ᠨᠢᠭᠡ ᠵᠠᠭᠤᠨ ᠮᠥᠩᠭᠥᠨ ᠵᠣᠭᠣᠰ ᠢᠶᠠᠨ ᠠᠯᠳᠠᠴᠢᠬᠠᠭᠠᠳ ᠬᠠᠷᠢᠶᠠᠯ ᠲᠠᠯᠪᠢᠵᠤ ᠪᠠᠢᠬᠤ ᠶᠢ ᠪᠢ ᠰᠣᠨᠣᠰᠣᠭᠰᠠᠨ᠃ ᠬᠠᠷᠠᠭᠠᠴᠢ᠂ ᠮᠥᠩᠭᠥ ᠴᠢᠨᠢ ᠨᠠᠳᠠ ᠳᠤ ᠪᠤᠢ᠂ ᠪᠢ ᠠᠪᠴᠢᠬᠠᠭᠰᠠᠨ ᠶᠤᠮ》 ᠭᠡᠬᠦ ᠳᠦ᠂ ᠡᠬᠡ ᠨᠢ᠄ 《ᠶᠣᠬᠣᠸᠠ ᠮᠢᠨᠦ ᠬᠦᠦ ᠶᠢ ᠢᠪᠡᠭᠡᠬᠦ ᠪᠣᠯᠲᠤᠭᠠᠢ》 ᠭᠡᠪᠡ᠃ 3 ᠲᠡᠷᠡ ᠡᠬᠡ ᠳᠡᠭᠡᠨ ᠮᠢᠩ᠋ᠭ᠎ᠠ ᠨᠢᠭᠡ ᠵᠠᠭᠤᠨ ᠮᠥᠩᠭᠥᠨ ᠵᠣᠭᠣᠰ ᠢ ᠨᠢ ᠪᠤᠴᠠᠭᠠᠬᠤ ᠳᠤ᠂ ᠡᠬᠡ ᠨᠢ᠄ 《ᠡᠳᠡᠭᠡᠷ ᠮᠥᠩᠭᠥ ᠶᠢ ᠪᠢ ᠲᠤᠰᠠᠭᠠᠷᠯᠠᠵᠤ᠂ ᠬᠦᠦ ᠴᠢᠨᠦᠬᠢ ᠪᠠᠨ ᠲᠥᠯᠥᠭᠡ ᠶᠣᠬᠣᠸᠠ ᠳᠤ ᠥᠪᠡᠷ ᠦᠨ ᠭᠠᠷ ᠢᠶᠠᠷ ᠢᠶᠠᠨ ᠡᠷᠭᠦᠭᠡᠳ ᠰᠡᠢᠯᠦᠮᠡᠯ ᠪᠠ ᠴᠢᠳᠬᠤᠮᠠᠯ ᠰᠢᠲᠦᠭᠡᠨ ᠢ ᠪᠦᠲᠦᠭᠡᠯᠭᠡᠶᠡ᠃ ᠡᠢᠮᠦ ᠡᠴᠡ ᠡᠳᠡᠭᠡᠷ ᠢ ᠣᠳᠣ ᠴᠢᠮ᠎ᠠ ᠳᠤ ᠡᠷᠭᠢᠭᠦᠯᠵᠦ ᠥᠭᠭᠥᠶ᠎ᠡ》 ᠭᠡᠪᠡ᠃ 4 ᠲᠡᠢᠨ ᠬᠦ ᠲᠡᠷᠡ ᠪᠡᠷ ᠡᠬᠡ ᠳᠡᠭᠡᠨ ᠮᠥᠩᠭᠥ ᠶᠢ ᠪᠤᠴᠠᠭᠠᠵᠤ ᠥᠭᠬᠦ ᠳᠦ᠂ ᠡᠬᠡ ᠨᠢ ᠬᠣᠶᠠᠷ ᠵᠠᠭᠤᠨ ᠮᠥᠩᠭᠥᠨ ᠵᠣᠭᠣᠰ ᠠᠪᠴᠤ᠂ ᠮᠥᠩᠭᠥᠨ ᠦ ᠳᠠᠷᠬᠠᠨ ᠳᠤ ᠥᠭᠪᠡ᠃ ᠳᠠᠷᠬᠠᠨ ᠲᠡᠭᠦᠨ ᠢᠶᠡᠷ ᠨᠢ ᠰᠡᠢᠯᠦᠮᠡᠯ ᠪᠠ ᠴᠢᠳᠬᠤᠮᠠᠯ ᠰᠢᠲᠦᠭᠡᠨ ᠬᠢᠵᠦ ᠥᠭᠭᠥᠭᠰᠡᠨ ᠳᠦ᠂ ᠲᠡᠷᠡ ᠰᠢᠲᠦᠭᠡᠨ ᠨᠦᠭᠦᠳ ᠮᠢᠺᠠ ᠶᠢᠨ ᠭᠡᠷ ᠲᠦ ᠪᠠᠢᠬᠤ ᠪᠣᠯᠪᠠ᠃ 5 ᠮᠢᠺᠠ ᠭᠡᠭᠴᠢ ᠡᠨᠡ ᠬᠥᠮᠦᠨ ᠳᠦ ᠬᠤᠪᠢ ᠶᠢᠨ ᠳᠤᠭᠠᠩ ᠴᠤ ᠪᠠᠢᠪᠠ᠃ ᠲᠡᠷᠡ ᠪᠡᠷ ᠡᠹᠣᠳ ᠪᠣᠯᠣᠨ ᠭᠡᠷ ᠦᠨ ᠰᠢᠲᠦᠭᠡᠨ ᠨᠦᠭᠦᠳ ᠴᠤ ᠬᠢᠭᠰᠡᠨ ᠪᠥᠭᠡᠳ ᠬᠥᠪᠡᠭᠦᠳ ᠦᠨ ᠢᠶᠠᠨ ᠨᠢᠭᠡ ᠶᠢ ᠲᠠᠬᠢᠯᠴᠢ ᠪᠠᠷ ᠲᠣᠮᠢᠯᠠᠪᠠ᠃ 6 ᠲᠡᠷᠡ ᠡᠳᠦᠷ ᠤᠳ ᠢᠶᠠᠷ ᠢᠰᠷᠧᠯ ᠳᠤ ᠬᠠᠭᠠᠨ ᠪᠠᠢᠭᠰᠠᠨ ᠦᠭᠡᠢ᠃ ᠬᠥᠮᠦᠨ ᠪᠦᠷᠢ ᠥᠪᠡᠷ ᠦᠨ ᠢᠶᠠᠨ ᠨᠢᠳᠦᠨ ᠳᠦ ᠵᠥᠪ ᠭᠡᠵᠦ ᠦᠵᠡᠭᠰᠡᠨ ᠢᠶᠡᠨ ᠦᠢᠯᠡᠳᠴᠦ ᠪᠠᠢᠯ᠎ᠠ᠃
7 ᠶᠦᠳᠠ ᠣᠪᠣᠭ ᠤᠨ ᠬᠢᠨ ᠤ ᠳᠤᠮᠳᠠ᠂ ᠶᠦᠳᠠ ᠶᠢᠨ ᠪᠧᠲ᠋ᠯᠧᠾᠧᠮ ᠳᠤ ᠰᠠᠭᠤᠵᠤ ᠪᠠᠢᠭᠰᠠᠨ ᠨᠢᠭᠡᠨ ᠯᠧᠸᠢ ᠵᠠᠯᠠᠭᠤ ᠪᠠᠢᠵᠠᠢ᠃ 8 ᠲᠡᠷᠡ ᠪᠡᠷ ᠶᠦᠳᠠ ᠶᠢᠨ ᠪᠧᠲ᠋ᠯᠧᠾᠧᠮ ᠡᠴᠡ ᠭᠠᠷᠴᠤ᠂ ᠰᠠᠭᠤᠷᠢᠰᠢᠬᠤ ᠭᠠᠵᠠᠷ ᠬᠠᠢᠵᠤ ᠶᠠᠪᠤᠬᠤ ᠵᠠᠮ ᠳᠠᠭᠠᠨ ᠡᠹᠷᠠᠢᠮ ᠤᠨ ᠠᠭᠤᠯᠠᠷᠬᠠᠭ ᠨᠤᠲᠤᠭ ᠲᠤ ᠮᠢᠺᠠ ᠶᠢᠨ ᠭᠡᠷ ᠲᠦ ᠢᠷᠡᠭᠰᠡᠨ ᠪᠠᠢᠯ᠎ᠠ᠃ 9 ᠮᠢᠺᠠ ᠲᠡᠭᠦᠨ ᠡᠴᠡ᠄ 《ᠲᠠ ᠬᠠᠮᠢᠭ᠎ᠠ ᠠᠴᠠ ᠢᠷᠡᠪᠡ︖》 ᠭᠡᠬᠦ ᠳᠦ᠂ ᠲᠡᠷᠡ᠄ 《ᠪᠢ ᠶᠦᠳᠠ ᠶᠢᠨ ᠪᠧᠲ᠋ᠯᠧᠾᠧᠮ ᠡᠴᠡ ᠢᠷᠡᠭᠰᠡᠨ ᠯᠧᠸᠢ ᠬᠥᠮᠦᠨ ᠪᠠᠢᠨ᠎ᠠ᠂ ᠰᠠᠭᠤᠬᠤ ᠭᠠᠵᠠᠷ ᠬᠠᠢᠵᠤ ᠶᠠᠪᠤᠨ᠎ᠠ》 ᠭᠡᠵᠡᠢ᠃ 10 ᠮᠢᠺᠠ ᠲᠡᠭᠦᠨ ᠳᠦ᠄ 《ᠲᠠ ᠮᠢᠨᠦ ᠡᠴᠢᠭᠡ᠂ ᠮᠢᠨᠦ ᠲᠠᠬᠢᠯᠴᠢ ᠪᠣᠯᠣᠭᠠᠳ ᠨᠠᠳᠠ ᠲᠠᠢ ᠬᠠᠮᠲᠤ ᠰᠠᠭᠤᠵᠤ ᠪᠣᠯᠣᠨ᠎ᠠ᠃ ᠪᠢ ᠲᠠᠨ ᠳᠤ ᠵᠢᠯ ᠪᠦᠷᠢ ᠠᠷᠪᠠᠨ ᠮᠥᠩᠭᠥᠨ ᠵᠣᠭᠣᠰ ᠥᠭᠴᠦ᠂ ᠬᠤᠪᠴᠠᠰᠤ ᠪᠠ ᠬᠦᠨᠡᠰᠦ ᠪᠡᠷ ᠬᠠᠩ᠋ᠭᠠᠨ᠎ᠠ》 ᠭᠡᠰᠡᠨ ᠳᠦ᠂ ᠲᠡᠷᠡ ᠯᠧᠸᠢ ᠬᠥᠮᠦᠨ ᠭᠡᠷ ᠲᠤᠨᠢ ᠣᠷᠣᠵᠠᠢ᠃ 11 ᠲᠡᠢᠨ ᠬᠦ ᠯᠧᠸᠢ ᠵᠠᠯᠠᠭᠤ ᠮᠢᠺᠠ ᠲᠠᠢ ᠬᠠᠮᠲᠤ ᠠᠮᠢᠳᠤᠷᠠᠬᠤ ᠪᠠᠷ ᠪᠣᠯᠵᠤ᠂ ᠬᠥᠪᠡᠭᠦᠳ ᠦᠨ ᠬᠢᠨᠢ ᠨᠢᠭᠡ ᠰᠢᠭ ᠪᠠᠢᠬᠤ ᠪᠣᠯᠪᠠ᠃ 12 ᠮᠢᠺᠠ ᠯᠧᠸᠢ ᠵᠠᠯᠠᠭᠤ ᠶᠢ ᠲᠠᠬᠢᠯᠴᠢ ᠪᠠᠷ ᠲᠣᠮᠢᠯᠠᠭᠰᠠᠨ ᠳᠤ᠂ ᠲᠡᠷᠡ ᠮᠢᠺᠠ ᠶᠢᠨ ᠭᠡᠷ ᠲᠦ ᠰᠠᠭᠤᠬᠤ ᠪᠣᠯᠪᠠ᠃ 13 ᠲᠡᠭᠡᠭᠡᠳ ᠮᠢᠺᠠ᠄ 《ᠪᠢ ᠯᠧᠸᠢ ᠲᠠᠬᠢᠯᠴᠢ ᠲᠠᠢ ᠪᠣᠯᠬᠣᠷ ᠶᠣᠬᠣᠸᠠ ᠨᠠᠳᠠ ᠳᠤ ᠰᠠᠢᠨ ᠰᠠᠢᠬᠠᠨ ᠬᠠᠨᠳᠤᠨ᠎ᠠ ᠭᠡᠳᠡᠭ ᠢ ᠪᠢ ᠣᠳᠣ ᠮᠡᠳᠡᠵᠦ ᠪᠠᠢᠨ᠎ᠠ》 ᠭᠡᠵᠦ ᠬᠡᠯᠡᠪᠡ᠃