ᠰᠢᠭᠦᠭᠴᠢᠳ ᠠᠷᠪᠠᠨ ᠵᠢᠷᠭᠤᠭ᠎ᠠ
ᠰᠠᠮᠰᠣᠨ ᠬᠢᠭᠡᠳ ᠳ᠋ᠧᠯᠢᠯᠠ
1 ᠰᠠᠮᠰᠣᠨ ᠭᠠᠽᠠ ᠳᠤ ᠬᠦᠷᠦᠭᠡᠳ᠂ ᠲᠡᠨᠳᠡ ᠪᠠᠢᠭᠰᠠᠨ ᠨᠢᠭᠡᠨ ᠶᠠᠩ᠋ᠬᠠᠨ ᠡᠮ᠎ᠡ ᠶᠢ ᠣᠯᠵᠤ ᠬᠠᠷᠠᠭᠠᠳ ᠲᠡᠭᠦᠨ ᠳᠡᠭᠡᠷ᠎ᠡ ᠣᠷᠣᠪᠠ᠃ 2 ᠰᠠᠮᠰᠣᠨ ᠤ ᠢᠷᠡᠭᠰᠡᠨ ᠨᠢ ᠭᠠᠽᠠ ᠶᠢᠨ ᠬᠢᠨ ᠳᠤ ᠮᠡᠳᠡᠭᠳᠡᠭᠰᠡᠨ ᠳᠦ᠂ ᠲᠡᠳᠡ ᠲᠡᠷᠡ ᠭᠠᠵᠠᠷ ᠢ ᠪᠦᠰᠡᠯᠡᠵᠦ᠂ ᠬᠣᠲᠠ ᠶᠢᠨ ᠬᠠᠭᠠᠯᠭᠠᠨ ᠳᠤ ᠰᠥᠨᠢᠵᠢᠨ ᠨᠢᠭᠤᠭᠳᠠᠨ ᠲᠡᠭᠦᠨ ᠢ ᠬᠦᠯᠢᠶᠡᠪᠡ᠃ ᠲᠡᠳᠡ᠄ 《ᠦᠷ ᠴᠠᠢᠬᠤ ᠳᠤ ᠠᠯᠠᠶ᠎ᠠ》 ᠬᠡᠮᠡᠨ ᠰᠥᠨᠢᠵᠢᠨ ᠨᠠᠮ ᠭᠦᠮ ᠪᠠᠢᠭᠰᠠᠭᠠᠷ ᠪᠠᠢᠵᠠᠢ᠃ 3 ᠰᠠᠮᠰᠣᠨ ᠰᠥᠨᠢ ᠳᠤᠮᠳᠠ ᠬᠦᠷᠲᠡᠯ᠎ᠡ ᠲᠡᠨᠳᠡ ᠬᠡᠪᠲᠡᠭᠡᠳ ᠪᠠᠢᠪᠠ᠃ ᠭᠡᠪᠡᠴᠦ ᠰᠥᠨᠢ ᠳᠥᠯᠢ ᠪᠠᠷ ᠪᠣᠰᠴᠤ᠂ ᠬᠣᠲᠠ ᠶᠢᠨ ᠬᠠᠭᠠᠯᠭ᠎ᠠ ᠶᠢ ᠬᠣᠶᠠᠷ ᠬᠠᠲᠠᠪᠴᠢ᠂ ᠴᠠᠭᠤᠷᠭ᠎ᠠ ᠲᠠᠢ ᠨᠢ ᠬᠠᠮᠲᠤ ᠰᠤᠭᠤᠯᠵᠤ ᠠᠪᠤᠨ ᠮᠥᠷᠥᠯᠡᠭᠡᠳ ᠾᠧᠪᠷᠣᠨ ᠤ ᠬᠠᠷᠠᠯᠳᠤᠭᠠᠬᠢ ᠠᠭᠤᠯᠠ ᠶᠢᠨ ᠣᠷᠣᠢ ᠳᠤ ᠡᠭᠦᠷᠴᠦ ᠠᠪᠠᠴᠢᠵᠠᠢ᠃
4 ᠲᠡᠭᠦᠨ ᠦ ᠳᠠᠷᠠᠭ᠎ᠠ ᠰᠠᠮᠰᠣᠨ ᠰᠣᠷᠧᠺ ᠤᠨ ᠬᠥᠨᠳᠡᠢ ᠳᠦ ᠠᠮᠢᠳᠤᠷᠠᠳᠠᠭ ᠳ᠋ᠧᠯᠢᠯᠠ 19 ᠬᠡᠮᠡᠬᠦ ᠡᠮᠡᠭᠲᠡᠢ ᠳᠦ ᠳᠤᠷᠠᠯᠠᠭᠰᠠᠨ ᠪᠠᠢᠨ᠎ᠠ᠃ 5 ᠹᠢᠯᠢᠰᠲ ᠤᠨ ᠨᠣᠶᠠᠳ ᠲᠡᠷᠡ ᠡᠮᠡᠭᠲᠡᠢ ᠳᠦ ᠣᠴᠢᠵᠤ᠂ ᠲᠡᠭᠦᠨ ᠳᠦ᠄ 《ᠰᠠᠮᠰᠣᠨ ᠢ ᠢᠳᠬᠠᠨ᠂ ᠲᠡᠭᠦᠨ ᠦ ᠠᠤᠭ᠎ᠠ ᠬᠦᠴᠦ ᠶᠠᠭᠤᠨ ᠠᠴᠠ ᠭᠠᠷᠳᠠᠭ ᠢ᠂ ᠪᠠᠰᠠ ᠲᠡᠭᠦᠨ ᠢ ᠶᠠᠭᠠᠬᠢᠪᠠᠯ ᠡᠷᠬᠡᠰᠢᠶᠡᠵᠦ᠂ ᠬᠦᠯᠢᠵᠦ᠂ ᠵᠣᠪᠠᠭᠠᠵᠤ ᠴᠢᠳᠠᠬᠤ ᠶᠢ ᠣᠯᠵᠤ ᠮᠡᠳᠡ᠃ ᠲᠡᠭᠡᠪᠡᠯ ᠪᠢᠳᠡ ᠬᠥᠮᠦᠨ ᠪᠦᠷᠢ ᠴᠢᠮ᠎ᠠ ᠳᠤ ᠮᠢᠩ᠋ᠭ᠎ᠠ ᠨᠢᠭᠡ ᠵᠠᠭᠤᠨ ᠮᠥᠩᠭᠥᠨ ᠵᠣᠭᠣᠰ 20 ᠥᠭᠭᠥᠨ᠎ᠡ》 ᠭᠡᠪᠡ᠃ 6 ᠳ᠋ᠧᠯᠢᠯᠠ ᠰᠠᠮᠰᠣᠨ ᠳᠤ᠄ 《ᠨᠠᠳᠠ ᠳᠤ ᠬᠡᠯᠡᠵᠦ ᠥᠭᠭᠥᠭᠡᠴᠢ᠂ ᠴᠢᠨᠦ ᠠᠤᠭ᠎ᠠ ᠬᠦᠴᠦ ᠶᠠᠭᠤᠨ ᠠᠴᠠ ᠭᠠᠷᠳᠠᠭ ᠪᠤᠢ︖ ᠴᠢᠮᠠᠶᠢ ᠶᠠᠭᠠᠬᠢᠪᠠᠯ ᠬᠦᠯᠢᠵᠦ ᠵᠣᠪᠠᠭᠠᠵᠤ ᠴᠢᠳᠠᠬᠤ ᠪᠤᠢ︖》 ᠬᠡᠮᠡᠨ ᠭᠤᠶᠤᠭᠰᠠᠨ ᠳᠤ᠂ 7 ᠰᠠᠮᠰᠣᠨ ᠲᠡᠭᠦᠨ ᠳᠦ᠄ 《ᠨᠠᠮᠠᠶᠢ ᠬᠠᠲᠠᠭ᠎ᠠ ᠦᠭᠡᠢ ᠰᠢᠨᠡᠬᠡᠨ ᠳᠣᠯᠣᠭᠠᠨ ᠬᠥᠪᠴᠢ ᠪᠠᠷ ᠬᠦᠯᠢᠪᠡᠯ ᠪᠢ ᠳᠣᠷᠣᠢ ᠪᠣᠯᠵᠤ᠂ ᠪᠤᠰᠤᠳ ᠬᠥᠮᠦᠨ ᠲᠡᠢ ᠨᠢᠭᠡ ᠯᠠ ᠠᠳᠠᠯᠢ ᠪᠣᠯᠣᠨ᠎ᠠ》 ᠭᠡᠪᠡ᠃ 8 ᠹᠢᠯᠢᠰᠲ ᠤᠨ ᠨᠣᠶᠠᠳ ᠬᠠᠲᠠᠭ᠎ᠠ ᠦᠭᠡᠢ ᠰᠢᠨᠡᠬᠡᠨ ᠳᠣᠯᠣᠭᠠᠨ ᠬᠥᠪᠴᠢ ᠠᠪᠴᠢᠷᠠᠭᠰᠠᠨ ᠳᠤ᠂ ᠥᠨᠥᠬᠢ ᠡᠮᠡᠭᠲᠡᠢ ᠲᠡᠭᠦᠨ ᠢᠶᠡᠷ ᠰᠠᠮᠰᠣᠨ ᠢ ᠬᠦᠯᠢᠪᠡ᠃ 9 ᠬᠡᠳᠦᠨ ᠡᠷ᠎ᠡ ᠥᠷᠥᠭᠡᠨ ᠳᠦᠨᠢ ᠨᠢᠭᠤᠭᠳᠠᠵᠤ ᠪᠠᠢᠯ᠎ᠠ᠃ ᠡᠮᠡᠭᠲᠡᠢ᠄ 《ᠰᠠᠮᠰᠣᠨ᠂ ᠹᠢᠯᠢᠰᠲ᠋ᠴᠦᠳ ᠢᠷᠡᠭᠰᠡᠨ》 ᠬᠡᠮᠡᠨ ᠪᠠᠷᠬᠢᠷᠠᠪᠠ᠃ ᠭᠡᠪᠡᠴᠦ ᠰᠠᠮᠰᠣᠨ ᠭᠠᠯ ᠳᠤ ᠬᠦᠷᠦᠭᠰᠡᠨ ᠬᠥᠪᠴᠢ ᠲᠠᠰᠤᠷᠠᠳᠠᠭ ᠤᠨ ᠠᠳᠠᠯᠢ ᠲᠡᠷᠡ ᠬᠥᠪᠴᠢ ᠶᠢ ᠲᠠᠰᠤᠯᠤᠭᠰᠠᠨ ᠤ ᠤᠴᠢᠷ ᠲᠡᠭᠦᠨ ᠦ ᠴᠢᠳᠠᠯ ᠤᠨ ᠨᠢᠭᠤᠴᠠ ᠮᠡᠳᠡᠭᠳᠡᠭᠰᠡᠨ ᠦᠭᠡᠢ᠃
10 ᠳ᠋ᠧᠯᠢᠯᠠ ᠰᠠᠮᠰᠣᠨ ᠳᠤ᠄ 《ᠴᠢ ᠨᠠᠮᠠᠶᠢ ᠮᠡᠬᠡᠯᠡᠭᠰᠡᠨ᠂ ᠨᠠᠳᠠ ᠳᠤ ᠬᠤᠳᠠᠯ ᠬᠡᠯᠡᠭᠰᠡᠨ ᠶᠤᠮ ᠪᠠᠢᠨ᠎ᠠ᠃ ᠣᠳᠣ ᠬᠡᠯᠡᠭᠡᠴᠢ ᠳᠠ᠂ ᠴᠢᠮᠠᠶᠢ ᠶᠠᠭᠠᠬᠢᠪᠠᠯ ᠬᠦᠯᠢᠵᠦ ᠪᠣᠯᠬᠤ ᠪᠤᠢ︖》 ᠭᠡᠰᠡᠨ ᠳᠦ᠂ 11 ᠰᠠᠮᠰᠣᠨ᠄ 《ᠬᠡᠷᠡᠭᠯᠡᠵᠦ ᠪᠠᠢᠭ᠎ᠠ ᠦᠭᠡᠢ ᠰᠢᠨ᠎ᠡ ᠣᠯᠣᠰᠣ ᠪᠠᠷ ᠨᠠᠮᠠᠶᠢ ᠴᠢᠩᠭ᠍᠎ᠠ ᠬᠦᠯᠢᠪᠡᠯ ᠪᠢ ᠳᠣᠷᠣᠢ ᠪᠣᠯᠵᠤ᠂ ᠪᠤᠰᠤᠳ ᠬᠥᠮᠦᠨ ᠲᠡᠢ ᠨᠢᠭᠡ ᠯᠠ ᠠᠳᠠᠯᠢ ᠪᠣᠯᠣᠨ᠎ᠠ》 ᠭᠡᠪᠡ᠃ 12 ᠳ᠋ᠧᠯᠢᠯᠠ ᠰᠢᠨ᠎ᠡ ᠣᠯᠣᠰᠣ ᠠᠪᠴᠤ᠂ ᠲᠡᠭᠦᠨ ᠢ ᠬᠦᠯᠢᠪᠡ᠃ ᠬᠡᠳᠦᠨ ᠡᠷ᠎ᠡ ᠥᠷᠥᠭᠡᠨ ᠳᠦᠨᠢ ᠨᠢᠭᠤᠭᠳᠠᠵᠤ ᠪᠠᠢᠯ᠎ᠠ᠃ ᠡᠮᠡᠭᠲᠡᠢ᠄ 《ᠰᠠᠮᠰᠣᠨ᠂ ᠹᠢᠯᠢᠰᠲ᠋ᠴᠦᠳ ᠢᠷᠡᠭᠰᠡᠨ》 ᠬᠡᠮᠡᠨ ᠪᠠᠷᠬᠢᠷᠠᠪᠠ᠃ ᠭᠡᠪᠡᠴᠦ ᠰᠠᠮᠰᠣᠨ ᠲᠡᠷᠡ ᠣᠯᠣᠰᠣ ᠶᠢ ᠤᠲᠠᠰᠤ ᠮᠡᠲᠦ ᠲᠠᠰᠤᠯᠤᠨ ᠭᠠᠷ ᠠᠴᠠ ᠪᠠᠨ ᠤᠨᠠᠭᠠᠪᠠ᠃
13 ᠳ᠋ᠧᠯᠢᠯᠠ ᠰᠠᠮᠰᠣᠨ ᠳᠤ᠄ 《ᠣᠳᠣ ᠬᠦᠷᠲᠡᠯ᠎ᠡ ᠴᠢ ᠨᠠᠮᠠᠶᠢ ᠳᠣᠭᠣᠭᠢᠯᠠᠵᠤ᠂ ᠨᠠᠳᠠ ᠳᠤ ᠬᠤᠳᠠᠯ ᠶᠠᠷᠢᠭᠰᠠᠭᠠᠷ ᠪᠠᠢᠨ᠎ᠠ᠃ ᠨᠠᠳᠠ ᠳᠤ ᠬᠡᠯᠡᠭᠡᠴᠢ᠂ ᠴᠢᠮᠠᠶᠢ ᠶᠠᠭᠠᠬᠢᠪᠠᠯ ᠬᠦᠯᠢᠵᠦ ᠪᠣᠯᠬᠤ ᠪᠤᠢ︖》 ᠭᠡᠬᠦ ᠳᠦ᠂ ᠰᠠᠮᠰᠣᠨ᠄ 《ᠴᠢ ᠮᠢᠨᠦ ᠲᠣᠯᠣᠭᠠᠢ ᠶᠢᠨ ᠳᠣᠯᠣᠭᠠᠨ ᠲᠤᠭ ᠦᠰᠦ ᠶᠢ ᠨᠡᠬᠡᠮᠡᠯ ᠦᠨ ᠤᠲᠠᠰᠤ ᠲᠠᠢ ᠬᠠᠮᠲᠤ ᠨᠡᠬᠡᠵᠦ 21 ᠬᠠᠳᠠᠭᠠᠰᠤ ᠪᠠᠷ ᠬᠠᠳᠠᠪᠠᠯ ᠪᠣᠯᠴᠢᠬᠠᠨ᠎ᠠ》 ᠭᠡᠵᠡᠢ᠃ 14 ᠲᠡᠭᠦᠨ ᠢ ᠤᠨᠲᠠᠵᠤ ᠪᠠᠢᠬᠤ ᠳᠤ᠂ ᠳ᠋ᠧᠯᠢᠯᠠ ᠲᠡᠭᠦᠨ ᠦ ᠦᠰᠦᠨ ᠡᠴᠡ ᠳᠣᠯᠣᠭᠠᠨ ᠲᠤᠭ ᠦᠰᠦ ᠶᠢ ᠨᠡᠬᠡᠮᠡᠯ ᠦᠨ ᠤᠲᠠᠰᠤ ᠲᠠᠢ ᠬᠠᠮᠲᠤ ᠨᠡᠬᠡᠵᠦ᠂ ᠲᠡᠷᠡ ᠦᠰᠦ ᠶᠢ ᠨᠢ ᠬᠠᠳᠠᠭᠠᠰᠤ ᠪᠠᠷ ᠬᠠᠳᠠᠭᠠᠳ᠄ 《ᠰᠠᠮᠰᠣᠨ᠂ ᠴᠢᠮ᠎ᠠ ᠳᠡᠭᠡᠷ᠎ᠡ ᠹᠢᠯᠢᠰᠲ᠋ᠴᠦᠳ ᠢᠷᠡᠭᠰᠡᠨ ᠪᠠᠢᠨ᠎ᠠ》 ᠭᠡᠵᠦ ᠪᠠᠷᠬᠢᠷᠠᠪᠠ᠃ ᠭᠡᠪᠡᠴᠦ ᠨᠣᠢᠷ ᠠᠴᠠ ᠪᠠᠨ ᠰᠡᠷᠢᠭᠰᠡᠨ ᠰᠠᠮᠰᠣᠨ ᠬᠠᠳᠠᠭᠠᠰᠤ ᠶᠢ ᠨᠡᠬᠡᠮᠡᠯ ᠲᠡᠢ ᠨᠢ ᠤᠭᠵᠠ ᠲᠠᠲᠠᠵᠠᠢ᠃
15 ᠨᠥᠭᠥᠭᠡ ᠡᠮᠡᠭᠲᠡᠢ ᠰᠠᠮᠰᠣᠨ ᠳᠤ᠄ 《ᠵᠢᠷᠦᠬᠡ ᠰᠡᠳᠬᠢᠯ ᠴᠢᠨᠢ ᠨᠠᠳᠠ ᠲᠠᠢ ᠬᠠᠮᠲᠤ ᠪᠠᠢᠬᠤ ᠦᠭᠡᠢ ᠠᠲᠠᠯ᠎ᠠ ᠴᠢ ᠨᠠᠳᠠ ᠳᠤ ᠬᠠᠢᠷᠠᠲᠠᠢ ᠭᠡᠵᠦ ᠬᠡᠷᠬᠢᠨ ᠬᠡᠯᠡᠵᠦ ᠴᠢᠳᠠᠨ᠎ᠠ ᠪᠤᠢ︖ ᠴᠢ ᠨᠠᠮᠠᠶᠢ ᠭᠤᠷᠪᠠᠨᠲᠠ ᠮᠡᠬᠡᠯᠡᠭᠰᠡᠨ᠂ ᠬᠠᠷᠢᠨ ᠴᠢᠨᠦ ᠠᠤᠭ᠎ᠠ ᠬᠦᠴᠦ ᠴᠢᠳᠠᠯ ᠶᠠᠭᠤᠨ ᠠᠴᠠ ᠭᠠᠷᠳᠠᠭ ᠢ ᠨᠠᠳᠠ ᠳᠤ ᠪᠠᠰᠠᠯᠠ ᠬᠡᠯᠡᠭᠡ ᠦᠭᠡᠢ》 ᠬᠡᠮᠡᠪᠡ᠃ 16 ᠲᠡᠷᠡ ᠡᠮᠡᠭᠲᠡᠢ ᠡᠳᠦᠷ ᠪᠦᠷᠢ ᠲᠡᠭᠦᠨ ᠢ ᠦᠭᠡ ᠪᠡᠷ ᠢᠶᠠᠨ ᠰᠢᠬᠠᠮᠳᠠᠭᠤᠯᠤᠨ ᠳᠡᠩᠰᠡᠯᠭᠡᠭᠡᠳ ᠪᠠᠢᠬᠤ ᠲᠤᠯᠠ ᠲᠡᠷᠡ ᠦᠬᠦᠲᠡᠯ᠎ᠡ ᠴᠢᠬᠤᠯᠳᠠᠵᠤ᠂ 17 ᠲᠡᠭᠦᠨ ᠳᠦ ᠪᠦᠬᠦᠨ ᠢᠶᠡᠨ ᠬᠡᠯᠡᠵᠦ ᠥᠭᠪᠡ᠃ ᠲᠡᠷᠡ᠄ 《ᠮᠢᠨᠦ ᠲᠣᠯᠣᠭᠠᠢ ᠳᠤ ᠲᠣᠩ᠋ᠭᠣᠷᠠᠭ ᠬᠦᠷᠭᠡᠭᠰᠡᠨ ᠤᠳᠠᠭ᠎ᠠ ᠦᠭᠡᠢ᠃ ᠤᠴᠢᠷ ᠨᠢ ᠪᠢ ᠡᠬᠡ ᠶᠢᠨ ᠬᠡᠪᠡᠯᠢ ᠳᠤ ᠪᠠᠢᠬᠤ ᠠᠴᠠ ᠪᠠᠨ ᠪᠤᠷᠬᠠᠨ ᠤ ᠨᠠᠽᠢᠷ ᠬᠥᠮᠦᠨ ᠶᠤᠮ᠃ ᠮᠢᠨᠦ ᠦᠰᠦ ᠶᠢ ᠬᠤᠰᠤᠪᠠᠯ ᠬᠦᠴᠦ ᠴᠢᠳᠠᠯ ᠮᠢᠨᠢ ᠨᠠᠳᠠ ᠠᠴᠠ ᠵᠠᠢᠯᠠᠵᠤ᠂ ᠪᠢ ᠳᠣᠷᠣᠢ ᠪᠣᠯᠵᠤ ᠪᠦᠬᠦ ᠬᠥᠮᠦᠨ ᠲᠡᠢ ᠠᠳᠠᠯᠢᠬᠠᠨ ᠪᠣᠯᠣᠨ᠎ᠠ》 ᠭᠡᠪᠡ᠃
18 ᠰᠠᠮᠰᠣᠨ ᠪᠦᠬᠦᠨ ᠢᠶᠡᠨ ᠬᠡᠯᠡᠵᠦ ᠥᠭᠭᠥᠭᠰᠡᠨ ᠢ ᠳ᠋ᠧᠯᠢᠯᠠ ᠮᠡᠳᠡᠭᠡᠳ ᠹᠢᠯᠢᠰᠲ ᠤᠨ ᠨᠣᠶᠠᠳ ᠲᠤ ᠬᠡᠯᠡ ᠶᠠᠪᠤᠭᠤᠯᠵᠤ᠄ 《ᠳᠠᠬᠢᠨ ᠨᠢᠭᠡ ᠤᠳᠠᠭ᠎ᠠ ᠬᠦᠷᠦᠭᠡᠳ ᠢᠷ᠎ᠡ᠃ ᠰᠠᠮᠰᠣᠨ ᠨᠠᠳᠠ ᠳᠤ ᠪᠦᠬᠦᠨ ᠢᠶᠡᠨ ᠬᠡᠯᠡᠵᠦ ᠥᠭᠭᠥᠭᠰᠡᠨ》 ᠭᠡᠬᠦ ᠳᠦ᠂ ᠹᠢᠯᠢᠰᠲ ᠤᠨ ᠨᠣᠶᠠᠳ ᠭᠠᠷ ᠲᠠᠭᠠᠨ ᠮᠥᠩᠭᠥ ᠪᠠᠷᠢᠨ ᠲᠡᠭᠦᠨ ᠥᠭᠡᠳᠡ ᠢᠷᠡᠪᠡ᠃ 19 ᠥᠨᠥᠬᠢ ᠡᠮᠡᠭᠲᠡᠢ ᠰᠠᠮᠰᠣᠨ ᠢ ᠬᠣᠶᠠᠷ ᠡᠪᠦᠳᠦᠭ ᠳᠡᠭᠡᠷ᠎ᠡ ᠪᠡᠨ ᠤᠨᠲᠠᠭᠤᠯᠵᠤ᠂ ᠨᠢᠭᠡᠨ ᠡᠷ᠎ᠡ ᠢ ᠳᠠᠭᠤᠳᠠᠨ ᠰᠠᠮᠰᠣᠨ ᠤ ᠲᠣᠯᠣᠭᠠᠢ ᠶᠢᠨ ᠳᠣᠯᠣᠭᠠᠨ ᠲᠤᠭ ᠦᠰᠦ ᠶᠢ ᠬᠤᠰᠤᠭᠤᠯᠤᠭᠠᠳ ᠲᠡᠭᠦᠨ ᠢ ᠵᠣᠪᠠᠭᠠᠵᠤ ᠦᠵᠡᠭᠰᠡᠨ ᠳᠦ᠂ ᠬᠦᠴᠦ ᠴᠢᠳᠠᠯ ᠨᠢ ᠠᠯᠠᠭ᠎ᠠ ᠪᠣᠯᠣᠭᠰᠠᠨ ᠪᠠᠢᠪᠠ᠃ 20 ᠡᠮᠡᠭᠲᠡᠢ᠄ 《ᠰᠠᠮᠰᠣᠨ᠂ ᠹᠢᠯᠢᠰᠲ᠋ᠴᠦᠳ ᠢᠷᠡᠭᠰᠡᠨ》 ᠭᠡᠵᠦ ᠪᠠᠷᠬᠢᠷᠠᠪᠠ᠃ ᠰᠠᠮᠰᠣᠨ ᠨᠣᠢᠷ ᠠᠴᠠ ᠪᠠᠨ ᠰᠡᠷᠢᠵᠦ᠄ 《ᠡᠮᠦᠨᠡᠬᠢ ᠰᠢᠭ ᠢᠶᠠᠨ ᠭᠠᠷᠴᠤ ᠣᠴᠢᠭᠠᠳ ᠪᠡᠶ᠎ᠡ ᠪᠡᠨ ᠰᠡᠭᠰᠦᠷᠦᠶᠡ》 ᠭᠡᠰᠡᠨ ᠪᠣᠯᠪᠠᠴᠤ ᠶᠣᠬᠣᠸᠠ ᠶᠢᠨ ᠥᠪᠡᠷ ᠡᠴᠡ ᠨᠢ ᠰᠠᠯᠤᠭᠰᠠᠨ ᠢ ᠮᠡᠳᠡᠭᠰᠡᠨ ᠦᠭᠡᠢ᠃ 21 ᠹᠢᠯᠢᠰᠲ᠋ᠴᠦᠳ ᠲᠡᠭᠦᠨ ᠢ ᠪᠠᠷᠢᠵᠤ᠂ ᠨᠢᠳᠦ ᠶᠢ ᠨᠢ ᠤᠬᠤᠵᠤ ᠠᠪᠤᠭᠠᠳ ᠭᠠᠽᠠ ᠳᠤ ᠠᠪᠠᠴᠢᠵᠤ᠂ ᠬᠦᠷᠡᠯ ᠭᠢᠨᠵᠢ ᠪᠠᠷ ᠳᠥᠩᠭᠡᠯᠡᠨ ᠱᠣᠷᠣᠩ ᠳᠤ ᠪᠤᠭᠤᠳᠠᠢ ᠲᠡᠭᠡᠷᠮᠡᠳᠡᠭᠦᠯᠳᠡᠭ ᠪᠣᠯᠪᠠ᠃ 22 ᠬᠠᠷᠢᠨ ᠲᠣᠯᠣᠭᠠᠢ ᠶᠢᠨ ᠦᠰᠦ ᠨᠢ ᠬᠤᠰᠤᠭᠤᠯᠤᠭᠰᠠᠨ ᠠᠴᠠ ᠪᠠᠨ ᠬᠣᠢᠰᠢ ᠳᠠᠬᠢᠨ ᠤᠷᠭᠤᠵᠤ ᠡᠬᠢᠯᠡᠪᠡ᠃
23 ᠹᠢᠯᠢᠰᠲ ᠤᠨ ᠨᠣᠶᠠᠳ ᠴᠤᠭᠯᠠᠷᠠᠭᠠᠳ ᠥᠪᠡᠷᠰᠡᠳ ᠦᠨ ᠪᠤᠷᠬᠠᠨ ᠳ᠋ᠠᠭᠣᠨ ᠳᠠᠭᠠᠨ ᠶᠡᠬᠡ ᠲᠠᠬᠢᠯ ᠡᠷᠭᠦᠨ ᠴᠡᠩᠭᠡᠯᠳᠦᠵᠦ᠄ 《ᠮᠠᠨ ᠤ ᠳᠠᠢᠰᠤᠨ ᠰᠠᠮᠰᠣᠨ ᠢ ᠮᠠᠨ ᠤ ᠪᠤᠷᠬᠠᠨ ᠭᠠᠷ ᠲᠤ ᠮᠢᠨᠢ ᠲᠤᠰᠢᠶᠠᠭᠰᠠᠨ》 ᠭᠡᠵᠡᠭᠡᠪᠡ᠃ 24 ᠠᠷᠠᠳ ᠣᠯᠠᠨ ᠨᠢ ᠴᠤ ᠰᠠᠮᠰᠣᠨ ᠢ ᠬᠠᠷᠠᠭᠠᠳ ᠥᠪᠡᠷᠰᠡᠳ ᠦᠨ ᠢᠶᠠᠨ ᠪᠤᠷᠬᠠᠨ ᠢ ᠮᠠᠭᠲᠠᠨ᠄ 《ᠮᠠᠨ ᠤ ᠨᠤᠲᠤᠭ ᠢ ᠰᠦᠢᠷᠡᠭᠦᠯᠦᠭᠰᠡᠨ ᠮᠠᠨ ᠤ ᠦᠢ ᠣᠯᠠᠨ ᠢ ᠰᠥᠨᠥᠭᠡᠭᠰᠡᠨ ᠮᠠᠨ ᠤ ᠳᠠᠢᠰᠤᠨ ᠢ ᠮᠠᠨ ᠤ ᠪᠤᠷᠬᠠᠨ ᠭᠠᠷ ᠲᠤ ᠮᠢᠨᠢ ᠲᠤᠰᠢᠶᠠᠭᠰᠠᠨ》 ᠭᠡᠵᠡᠭᠡᠪᠡ᠃
25 ᠲᠡᠳᠡᠨ ᠦ ᠰᠡᠳᠬᠢᠯ ᠬᠥᠭᠡᠷᠬᠦ ᠳᠦ᠂ ᠲᠡᠳᠡ᠄ 《ᠰᠠᠮᠰᠣᠨ ᠢ ᠳᠠᠭᠤᠳᠠᠵᠤ ᠠᠪᠴᠢᠷᠠ᠂ ᠲᠡᠷᠡ ᠪᠢᠳᠡᠨ ᠢ ᠬᠥᠭᠵᠢᠭᠡᠭ》 ᠬᠡᠮᠡᠨ ᠬᠠᠰᠬᠢᠷᠴᠠᠭᠠᠪᠠ᠃ ᠬᠥᠮᠦᠰ ᠰᠠᠮᠰᠣᠨ ᠢ ᠱᠣᠷᠣᠩ ᠠᠴᠠ ᠳᠠᠭᠤᠳᠠᠨ ᠠᠪᠴᠢᠷᠠᠬᠤ ᠳᠤ᠂ ᠲᠡᠷᠡ ᠲᠡᠳᠡᠨ ᠢ ᠬᠥᠭᠵᠢᠭᠡᠵᠦ ᠪᠠᠢᠪᠠ᠃ ᠲᠡᠳᠡ ᠰᠠᠮᠰᠣᠨ ᠢ ᠪᠠᠭᠠᠨ᠎ᠠ ᠨᠤᠭᠤᠳ ᠤᠨ ᠬᠣᠭᠣᠷᠣᠨᠳᠣ ᠵᠣᠭᠰᠣᠭᠠᠬᠤ ᠳᠤ᠂ 26 ᠰᠠᠮᠰᠣᠨ ᠭᠠᠷ ᠢ ᠨᠢ ᠪᠠᠷᠢᠵᠤ ᠪᠤᠢ ᠵᠠᠯᠠᠭᠤ ᠳᠤ᠄ 《ᠭᠠᠷ ᠢᠶᠠᠨ ᠳᠤᠭᠠᠩ ᠤᠨ ᠲᠤᠯᠭᠠᠭᠤᠷᠢ ᠳᠤ ᠬᠦᠷᠭᠡᠵᠦ ᠲᠦᠰᠢᠬᠦ ᠶᠢ ᠮᠢᠨᠢ ᠵᠥᠪᠰᠢᠶᠡᠷᠡᠭᠡᠴᠢ》 ᠭᠡᠪᠡ᠃ 27 ᠳᠤᠭᠠᠩ ᠳᠤ ᠡᠷᠡᠭᠲᠡᠢ ᠡᠮᠡᠭᠲᠡᠢ ᠣᠯᠠᠨ ᠬᠥᠮᠦᠨ ᠴᠤᠭᠯᠠᠷᠠᠭᠰᠠᠨ ᠪᠠᠢᠵᠠᠢ᠃ ᠹᠢᠯᠢᠰᠲ ᠤᠨ ᠨᠣᠶᠠᠳ ᠪᠦᠭᠦᠳᠡᠭᠡᠷ ᠲᠡᠨᠳᠡ ᠪᠠᠢᠭᠰᠠᠨ ᠪᠥᠭᠡᠳ ᠳᠡᠭᠡᠪᠦᠷ ᠳᠡᠭᠡᠷ᠎ᠡ ᠨᠢ ᠡᠷᠡᠭᠲᠡᠢ ᠡᠮᠡᠭᠲᠡᠢ ᠭᠤᠷᠪᠠᠨ ᠮᠢᠩ᠋ᠭ᠎ᠠ ᠰᠢᠬᠠᠮ ᠬᠥᠮᠦᠨ ᠰᠠᠮᠰᠣᠨ ᠤ ᠬᠡᠷᠬᠢᠨ ᠬᠥᠭᠵᠢᠭᠡᠬᠦ ᠶᠢ ᠬᠠᠷᠠᠵᠤ ᠪᠠᠢᠯ᠎ᠠ᠃
28 ᠰᠠᠮᠰᠣᠨ ᠶᠣᠬᠣᠸᠠ ᠤᠷᠤᠭᠤ ᠬᠠᠰᠬᠢᠷᠤᠨ ᠭᠤᠶᠤᠵᠤ᠄ 《ᠡᠵᠡᠨ ᠶᠣᠬᠣᠸᠠ᠂ ᠨᠠᠮᠠᠶᠢ ᠰᠠᠨᠠᠨ ᠰᠣᠶᠣᠷᠬᠠᠭᠠᠴᠢ᠃ ᠪᠤᠷᠬᠠᠨ ᠮᠢᠨᠢ᠂ ᠭᠠᠭᠴᠠ ᠡᠨᠡ ᠤᠳᠠᠭ᠎ᠠ ᠯᠠ ᠨᠠᠳᠠ ᠳᠤ ᠬᠦᠴᠦ ᠥᠭᠭᠥᠭᠡᠴᠢ᠃ ᠪᠢ ᠹᠢᠯᠢᠰᠲ᠋ᠴᠦᠳ ᠡᠴᠡ ᠬᠣᠶᠠᠷ ᠨᠢᠳᠦᠨ ᠦ ᠪᠠᠨ ᠥᠰᠢᠶ᠎ᠡ ᠶᠢ ᠨᠢᠭᠡ ᠯᠠ ᠳᠡᠭᠡᠷ᠎ᠡ ᠠᠪᠤᠶ᠎ᠠ》 ᠭᠡᠪᠡ᠃ 29 ᠰᠠᠮᠰᠣᠨ ᠳᠤᠭᠠᠩ ᠢ ᠲᠤᠯᠵᠤ ᠪᠠᠢᠭᠰᠠᠨ ᠭᠣᠣᠯ ᠤᠨ ᠬᠣᠶᠠᠷ ᠲᠤᠯᠭᠠᠭᠤᠷᠢ ᠳᠤ ᠭᠠᠷ ᠢᠶᠠᠨ ᠬᠦᠷᠭᠡᠵᠦ ᠨᠢᠭᠡ ᠶᠢ ᠨᠢ ᠪᠠᠷᠠᠭᠤᠨ ᠭᠠᠷ ᠢᠶᠠᠷ ᠢᠶᠠᠨ᠂ ᠨᠥᠭᠥᠭᠡ ᠶᠢ ᠨᠢ ᠵᠡᠭᠦᠨ ᠭᠠᠷ ᠢᠶᠠᠷ ᠢᠶᠠᠨ ᠲᠦᠯᠬᠢᠪᠡ᠃ 30 ᠰᠠᠮᠰᠣᠨ᠄ 《ᠪᠢ ᠹᠢᠯᠢᠰᠲ᠋ᠴᠦᠳ ᠲᠡᠢ ᠬᠠᠮᠲᠤ ᠦᠬᠦᠶ᠎ᠡ》 ᠬᠡᠮᠡᠨ ᠬᠠᠮᠤᠭ ᠴᠢᠳᠠᠯ ᠢᠶᠠᠨ ᠭᠠᠷᠭᠠᠭᠰᠠᠨ ᠳᠤ᠂ ᠳᠣᠲᠣᠷ᠎ᠠ ᠨᠢ ᠪᠠᠢᠭᠰᠠᠨ ᠨᠣᠶᠠᠳ ᠪᠣᠯᠣᠨ ᠪᠦᠬᠦ ᠠᠷᠠᠳ ᠣᠯᠠᠨ ᠤ ᠳᠡᠭᠡᠷ᠎ᠡ ᠳᠤᠭᠠᠩ ᠨᠤᠷᠠᠨ ᠤᠨᠠᠪᠠ᠃ ᠡᠢᠨ ᠬᠦ ᠰᠠᠮᠰᠣᠨ ᠤ ᠦᠬᠦᠬᠦ ᠳᠡᠭᠡᠨ ᠠᠯᠠᠭᠰᠠᠨ ᠬᠥᠮᠦᠨ ᠨᠢ ᠲᠡᠭᠦᠨ ᠦ ᠠᠮᠢᠳᠤ ᠪᠠᠢᠬᠤ ᠳᠠᠭᠠᠨ ᠠᠯᠠᠭᠰᠠᠨ ᠠᠴᠠ ᠴᠤ ᠣᠯᠠᠨ ᠪᠣᠯᠪᠠ᠃ 31 ᠲᠡᠭᠦᠨ ᠦ ᠠᠬ᠎ᠠ ᠳᠡᠭᠦᠦᠰ ᠪᠦᠬᠦ ᠭᠡᠷ ᠦᠨ ᠬᠢᠨ ᠲᠠᠢ ᠪᠠᠨ ᠪᠠᠭᠤᠨ ᠢᠷᠡᠵᠦ᠂ ᠲᠡᠭᠦᠨ ᠢ ᠠᠪᠤᠭᠠᠳ ᠥᠭᠰᠥᠨ ᠣᠴᠢᠵᠤ᠂ ᠽᠣᠷᠠ ᠪᠣᠯᠣᠨ ᠡᠱᠲ᠋ᠠᠶᠣᠯ ᠤᠨ ᠬᠣᠭᠣᠷᠣᠨᠳᠣ ᠪᠠᠢᠳᠠᠭ ᠡᠴᠢᠭᠡ ᠮᠠᠨᠣᠶ᠎ᠠ ᠶᠢᠨ ᠬᠢᠨᠢ ᠪᠤᠯᠠᠰᠢᠨ ᠳᠤ ᠣᠷᠣᠰᠢᠭᠤᠯᠪᠠ᠃ ᠰᠠᠮᠰᠣᠨ ᠢᠰᠷᠧᠯ ᠢ ᠬᠣᠷᠢᠨ ᠵᠢᠯ ᠤᠳᠤᠷᠢᠳᠤᠭᠰᠠᠨ ᠠᠵᠢ᠃