ᠰᠢᠭᠦᠭᠴᠢᠳ ᠠᠷᠪᠠ ᠶᠢᠰᠦ
ᠪᠢᠨᠶᠠᠮᠢᠨ ᠳᠤ ᠪᠣᠯᠣᠭᠰᠠᠨ ᠪᠤᠯᠠᠢ ᠶᠠᠪᠤᠳᠠᠯ
1 ᠢᠰᠷᠧᠯ ᠬᠠᠭᠠᠨ ᠦᠭᠡᠢ ᠪᠠᠢᠬᠤ ᠲᠡᠷᠡ ᠡᠳᠦᠷ ᠤᠳ ᠲᠤ ᠨᠢᠭᠡᠨ ᠯᠧᠸᠢ ᠬᠥᠮᠦᠨ ᠡᠹᠷᠠᠢᠮ ᠤᠨ ᠠᠭᠤᠯᠠᠰ ᠤᠨ ᠪᠤᠢᠳᠠ ᠭᠠᠵᠠᠷ ᠲᠤ ᠨᠤᠲᠤᠭᠯᠠᠳᠠᠭ ᠪᠠᠢᠵᠠᠢ᠃ ᠲᠡᠷᠡ ᠬᠥᠮᠦᠨ ᠶᠦᠳᠠ ᠶᠢᠨ ᠪᠧᠲ᠋ᠯᠧᠾᠧᠮ ᠡᠴᠡ ᠲᠠᠲᠠᠪᠤᠷᠢ ᠡᠮ᠎ᠡ ᠠᠪᠤᠭᠰᠠᠨ ᠪᠠᠢᠪᠠ᠃ 2 ᠲᠠᠲᠠᠪᠤᠷᠢ ᠡᠮ᠎ᠡ ᠨᠢ ᠲᠡᠭᠦᠨ ᠳᠦ ᠠᠭᠤᠷᠯᠠᠨ 23 ᠂ ᠲᠡᠭᠦᠨ ᠢ ᠣᠷᠬᠢᠭᠠᠳ ᠶᠦᠳᠠ ᠶᠢᠨ ᠪᠧᠲ᠋ᠯᠧᠾᠧᠮ ᠳᠠᠬᠢ ᠡᠴᠢᠭᠡ ᠶᠢᠨ ᠢᠶᠠᠨ ᠭᠡᠷ ᠲᠦ ᠣᠴᠢᠵᠤ᠂ ᠲᠡᠨᠳᠡ ᠳᠥᠷᠪᠡᠨ ᠰᠠᠷ᠎ᠠ ᠪᠣᠯᠪᠠ᠃ 3 ᠨᠥᠬᠥᠷ ᠨᠢ ᠲᠡᠭᠦᠨ ᠢ ᠢᠳᠬᠠᠵᠤ ᠪᠤᠴᠠᠭᠠᠨ ᠠᠪᠴᠢᠷᠠᠬᠤ ᠪᠠᠷ ᠵᠠᠷᠤᠴᠠ ᠪᠠᠨ ᠳᠠᠭᠠᠭᠤᠯᠤᠨ ᠬᠣᠶᠠᠷ ᠡᠯᠵᠢᠭᠡ ᠪᠡᠷ ᠠᠷᠤ ᠠᠴᠠ ᠨᠢ ᠬᠦᠷᠴᠦ ᠣᠴᠢᠬᠤ ᠳᠤ᠂ ᠪᠦᠰᠡᠭᠦᠢ ᠲᠡᠭᠦᠨ ᠢ ᠡᠴᠢᠭᠡ ᠶᠢᠨ ᠢᠶᠠᠨ ᠭᠡᠷ ᠲᠦ ᠣᠷᠣᠭᠤᠯᠪᠠ᠃ ᠪᠦᠰᠡᠭᠦᠢ ᠶᠢᠨ ᠡᠴᠢᠭᠡ ᠲᠡᠭᠦᠨ ᠢ ᠬᠠᠷᠠᠭᠠᠳ ᠪᠠᠶᠠᠷᠯᠠᠵᠤ ᠤᠭᠲᠤᠨ ᠠᠪᠤᠪᠠ᠃ 4 ᠲᠡᠭᠦᠨ ᠦ ᠬᠠᠳᠠᠮ ᠡᠴᠢᠭᠡ᠂ ᠲᠤᠬᠠᠢᠯᠠᠪᠠᠯ ᠪᠦᠰᠡᠭᠦᠢ ᠶᠢᠨ ᠡᠴᠢᠭᠡ ᠲᠡᠭᠦᠨ ᠢ ᠰᠠᠭᠠᠲᠠᠭᠤᠯᠤᠭᠰᠠᠭᠠᠷ᠂ ᠲᠡᠷᠡ ᠢᠳᠡᠵᠦ ᠤᠤᠭᠤᠵᠤ ᠤᠨᠲᠠᠵᠤ᠂ ᠲᠡᠳᠡᠨ ᠦ ᠳᠦ ᠭᠤᠷᠪᠠ ᠬᠣᠨᠣᠭ ᠰᠠᠭᠤᠵᠠᠢ᠃ 5 ᠳᠥᠷᠪᠡᠳᠡᠬᠢ ᠡᠳᠦᠷ ᠨᠢ ᠲᠡᠳᠡ ᠥᠷᠯᠥᠭᠡ ᠡᠷᠲᠡᠯᠡᠨ ᠪᠣᠰᠪᠠ᠃ ᠲᠡᠷᠡ ᠡᠷ᠎ᠡ ᠶᠠᠪᠤᠬᠤ ᠪᠠᠷ ᠬᠥᠳᠡᠯᠬᠦ ᠳᠦ᠂ ᠪᠦᠰᠡᠭᠦᠢ ᠶᠢᠨ ᠡᠴᠢᠭᠡ ᠬᠦᠷᠭᠡᠨ ᠳᠡᠭᠡᠨ᠄ 《ᠵᠢᠭᠠᠬᠠᠨ ᠬᠣᠭᠣᠯᠠ ᠢᠳᠡᠵᠦ᠂ ᠲᠠᠮᠢᠷ ᠢᠶᠠᠨ ᠰᠡᠯᠪᠢᠭᠰᠡᠨ ᠦ ᠳᠠᠷᠠᠭ᠎ᠠ ᠶᠠᠪᠤᠭᠠᠷᠠᠢ》 ᠭᠡᠪᠡ᠃ 6 ᠢᠩᠭᠢᠭᠡᠳ ᠬᠣᠶᠠᠭᠤᠯᠠ ᠪᠠᠨ ᠲᠡᠨᠳᠡ ᠰᠠᠭᠤᠵᠤ᠂ ᠬᠠᠮᠲᠤ ᠳᠠᠭᠠᠨ ᠢᠳᠡᠵᠦ ᠤᠤᠭᠤᠵᠠᠭᠠᠭᠰᠠᠨ ᠤ ᠳᠠᠷᠠᠭ᠎ᠠ᠂ ᠪᠦᠰᠡᠭᠦᠢ ᠶᠢᠨ ᠡᠴᠢᠭᠡ ᠲᠡᠭᠦᠨ ᠳᠦ᠄ 《ᠣᠳᠣ ᠳᠠᠬᠢᠭᠠᠳ ᠨᠢᠭᠡ ᠬᠣᠨᠣᠵᠤ᠂ ᠰᠡᠳᠬᠢᠯ ᠢᠶᠠᠨ ᠰᠡᠷᠭᠦᠭᠡᠭᠡᠴᠢ ᠡ》 ᠭᠡᠯᠡ᠃ 7 ᠥᠨᠥᠬᠢ ᠡᠷ᠎ᠡ ᠶᠠᠪᠤᠬᠤ ᠪᠠᠷ ᠬᠥᠳᠡᠯᠦᠭᠰᠡᠨ ᠪᠣᠯᠪᠠᠴᠤ ᠬᠠᠳᠠᠮ ᠡᠴᠢᠭᠡ ᠨᠢ ᠲᠡᠢᠨ ᠬᠦ ᠱᠠᠯᠠᠭᠠᠳ ᠪᠠᠢᠬᠤ ᠪᠣᠯᠬᠣᠷ ᠲᠡᠷᠡ ᠲᠡᠨᠳᠡ ᠳᠠᠬᠢᠨ ᠨᠢᠭᠡ ᠬᠣᠨᠣᠬᠤ ᠪᠣᠯᠪᠠ᠃ 8 ᠲᠠᠪᠤᠳᠠᠬᠢ ᠡᠳᠦᠷ ᠨᠢ ᠲᠡᠷᠡ ᠶᠠᠪᠤᠬᠤ ᠪᠠᠷ ᠥᠷᠯᠥᠭᠡ ᠡᠷᠲᠡᠯᠡᠨ ᠪᠣᠰᠣᠭᠰᠠᠨ ᠳᠤ᠂ ᠪᠦᠰᠡᠭᠦᠢ ᠶᠢᠨ ᠡᠴᠢᠭᠡ᠄ 《ᠲᠠᠮᠢᠷ ᠢᠶᠠᠨ ᠰᠡᠯᠪᠢᠵᠦ ᠣᠷᠣᠢ ᠪᠣᠯᠲᠠᠯ᠎ᠠ ᠪᠠᠢᠵᠠᠨᠠᠭᠠᠴᠢ》 ᠭᠡᠬᠦ ᠳᠦ᠂ ᠲᠡᠳᠡ ᠬᠣᠶᠠᠭᠤᠯᠠ ᠪᠠᠨ ᠴᠤᠭ ᠬᠣᠭᠣᠯᠠᠯᠠᠪᠠ᠃ 9 ᠥᠨᠥᠬᠢ ᠡᠷ᠎ᠡ ᠲᠠᠲᠠᠪᠤᠷᠢ ᠡᠮ᠎ᠡ ᠪᠣᠯᠣᠨ ᠵᠠᠷᠤᠴᠠ ᠶᠢᠨ ᠢᠶᠠᠨ ᠬᠠᠮᠲᠤ ᠶᠠᠪᠤᠬᠤ ᠪᠠᠷ ᠬᠥᠳᠡᠯᠬᠦ ᠳᠦ᠂ ᠲᠡᠭᠦᠨ ᠦ ᠬᠠᠳᠠᠮ ᠡᠴᠢᠭᠡ᠂ ᠪᠦᠰᠡᠭᠦᠢ ᠶᠢᠨ ᠡᠴᠢᠭᠡ ᠲᠡᠭᠦᠨ ᠳᠦ᠄ 《ᠬᠠᠷ᠎ᠠ᠂ ᠨᠠᠷᠠ ᠬᠡᠯᠪᠡᠢᠵᠦ ᠣᠷᠣᠢ ᠪᠣᠯᠣᠯ᠎ᠠ᠂ ᠳᠠᠬᠢᠭᠠᠳ ᠨᠢᠭᠡ ᠬᠣᠨᠣᠴᠢᠬᠠ᠃ ᠬᠠᠷ᠎ᠠ᠂ ᠡᠳᠦᠷ ᠥᠩᠭᠡᠷᠡᠵᠦ ᠪᠠᠢᠨ᠎ᠠ ᠰᠢᠦ᠃ ᠡ᠊ᠨᠳᠡ ᠬᠣᠨᠣᠵᠤ᠂ ᠰᠡᠳᠬᠢᠯ ᠢᠶᠠᠨ ᠰᠡᠷᠭᠦᠭᠡ᠃ ᠲᠡᠭᠡᠭᠡᠳ ᠮᠠᠷᠭᠠᠰᠢ ᠡᠷᠲᠡᠯᠡᠨ ᠵᠠᠮ ᠳᠠᠭᠠᠨ ᠭᠠᠷᠴᠤ᠂ ᠭᠡᠷ ᠤᠷᠤᠭᠤ ᠪᠠᠨ ᠬᠠᠷᠢᠭᠠᠷᠠᠢ》 ᠭᠡᠪᠡ᠃
10 ᠬᠠᠷᠢᠨ ᠥᠨᠥᠬᠢ ᠡᠷ᠎ᠡ ᠳᠠᠬᠢᠨ ᠬᠣᠨᠣᠬᠤ ᠦᠭᠡᠢ ᠪᠠᠷ ᠪᠣᠯᠪᠠ᠃ ᠲᠡᠷᠡ ᠮᠣᠷᠳᠠᠨ ᠶᠧᠪᠦ᠋ᠰ᠂ ᠲᠤᠬᠠᠢᠯᠠᠪᠠᠯ ᠶᠧᠷᠦ᠋ᠰᠠᠯᠧᠮ ᠤᠨ ᠬᠠᠷᠠᠯᠳᠤᠭ᠎ᠠ ᠬᠦᠷᠪᠡ᠃ ᠡᠮᠡᠭᠡᠯᠯᠡᠭᠰᠡᠨ ᠬᠣᠶᠠᠷ ᠡᠯᠵᠢᠭᠡ ᠪᠣᠯᠣᠨ ᠲᠠᠲᠠᠪᠤᠷᠢ ᠡᠮ᠎ᠡ ᠨᠢ ᠲᠡᠭᠦᠨ ᠲᠡᠢ ᠬᠠᠮᠲᠤ ᠪᠠᠢᠯ᠎ᠠ᠃ 11 ᠲᠡᠳᠡ ᠶᠧᠪᠦ᠋ᠰ ᠤᠨ ᠣᠢᠷᠠᠯᠴᠠᠭ᠎ᠠ ᠪᠠᠢᠬᠤ ᠦᠶ᠎ᠡ ᠳᠦ ᠨᠠᠷᠠ ᠤᠨᠠᠬᠤ ᠣᠢᠷᠠᠲᠤᠪᠠ᠃ ᠵᠠᠷᠤᠴᠠ ᠨᠢ ᠡᠵᠡᠨ ᠳᠡᠭᠡᠨ᠄ 《ᠵᠠ᠂ ᠶᠧᠪᠦ᠋ᠰᠴᠦᠳ ᠦᠨ ᠡᠨᠡ ᠬᠣᠲᠠ ᠳᠤ ᠣᠷᠣᠵᠤ᠂ ᠨᠢᠭᠡ ᠬᠣᠨᠣᠶ᠎ᠠ》 ᠭᠡᠬᠦ ᠳᠦ᠂ 12 ᠡᠵᠡᠨ ᠨᠢ ᠲᠡᠭᠦᠨ ᠳᠦ᠄ 《ᠦᠭᠡᠢ᠂ ᠪᠢᠳᠡ ᠬᠠᠷᠢ ᠬᠥᠮᠦᠰ ᠦᠨ ᠬᠣᠲᠠ ᠳᠤ ᠣᠷᠣᠬᠤ ᠦᠭᠡᠢ᠃ ᠲᠡᠳᠡ ᠢᠰᠷᠧᠯ ᠬᠥᠮᠦᠨ ᠪᠢᠰᠢ᠂ ᠪᠢᠳᠡ ᠭᠢᠪᠧᠶ᠎ᠠ ᠬᠦᠷᠲᠡᠯ᠎ᠡ ᠶᠠᠪᠤᠶ᠎ᠠ》 ᠭᠡᠵᠡᠢ᠃ 13 ᠲᠡᠷᠡ ᠵᠠᠷᠤᠴᠠ ᠳᠠᠭᠠᠨ᠄ 《ᠵᠠ᠂ ᠭᠢᠪᠧᠶ᠎ᠠ᠂ ᠡᠰᠡᠪᠡᠯ ᠷᠠᠮᠠ ᠶᠢᠨ ᠠᠯᠢ ᠨᠢᠭᠡ ᠤᠷᠤᠭᠤ ᠨᠢ ᠣᠴᠢᠵᠤ᠂ ᠲᠡᠨᠳᠡ ᠬᠣᠨᠣᠶ᠎ᠠ》 ᠭᠡᠪᠡ᠃ 14 ᠢᠩᠭᠢᠭᠡᠳ ᠲᠡᠳᠡ ᠴᠠᠭᠠᠰᠢᠯᠠᠨ ᠶᠠᠪᠤᠭᠰᠠᠭᠠᠷ ᠪᠢᠨᠶᠠᠮᠢᠨ ᠤ ᠬᠠᠷᠢᠶ᠎ᠠ ᠭᠢᠪᠧᠶ᠎ᠠ ᠳᠤ ᠳᠥᠭᠥᠵᠦ ᠪᠠᠢᠬᠤ ᠳᠤ ᠨᠠᠷᠠ ᠰᠢᠩ᠋ᠭᠡᠵᠡᠢ᠃ 15 ᠲᠡᠳᠡ ᠭᠢᠪᠧᠶ᠎ᠠ ᠳᠤ ᠬᠣᠨᠣᠬᠤ ᠪᠠᠷ ᠵᠠᠮ ᠠᠴᠠ ᠪᠠᠨ ᠮᠤᠷᠤᠢᠵᠤ ᠲᠡᠨᠳᠡ ᠣᠴᠢᠭᠠᠳ᠂ ᠬᠣᠲᠠ ᠶᠢᠨ ᠵᠠᠳᠠᠭᠠᠢ ᠲᠠᠯᠠᠪᠠᠢ ᠳᠡᠭᠡᠷ᠎ᠡ ᠰᠠᠭᠤᠭᠰᠠᠨ ᠪᠣᠯᠪᠠᠴᠤ ᠲᠡᠳᠡᠨ ᠢ ᠬᠦᠯᠢᠶᠡᠨ ᠠᠪᠴᠤ ᠭᠡᠷ ᠲᠡᠭᠡᠨ ᠬᠣᠨᠣᠭᠤᠯᠬᠤ ᠬᠥᠮᠦᠨ ᠪᠠᠢᠭᠰᠠᠨ ᠦᠭᠡᠢ᠃
16 ᠲᠡᠭᠡᠲᠡᠯ᠎ᠡ ᠦᠳᠡᠰᠢ ᠪᠣᠯᠵᠤ ᠨᠢᠭᠡ ᠡᠪᠦᠭᠡᠨ ᠲᠠᠷᠢᠶᠠᠨ ᠠᠵᠢᠯ ᠠᠴᠠ ᠪᠠᠨ ᠢᠷᠡᠵᠦ ᠪᠠᠢᠯ᠎ᠠ᠃ ᠡᠨᠡ ᠬᠥᠮᠦᠨ ᠡᠹᠷᠠᠢᠮ ᠤᠨ ᠠᠭᠤᠯᠠᠷᠬᠠᠭ ᠨᠤᠲᠤᠭ ᠤᠨ ᠬᠥᠮᠦᠨ ᠪᠣᠯᠪᠠᠴᠤ ᠭᠢᠪᠧᠶ᠎ᠠ ᠳᠤ ᠠᠮᠢᠳᠤᠷᠠᠳᠠᠭ ᠪᠠᠢᠵᠠᠢ᠃ ᠲᠡᠨᠳᠡᠬᠢ ᠶᠢᠨ ᠪᠤᠰᠤᠳ ᠬᠥᠮᠦᠰ ᠪᠣᠯ ᠪᠢᠨᠶᠠᠮᠢᠨᠴᠤᠳ ᠶᠤᠮ᠃ 17 ᠲᠡᠷᠡ ᠡᠪᠦᠭᠡᠨ ᠨᠢᠳᠦ ᠡᠷᠭᠦᠨ᠂ ᠬᠣᠲᠠ ᠶᠢᠨ ᠵᠠᠳᠠᠭᠠᠢ ᠲᠠᠯᠠᠪᠠᠢ ᠳᠠᠬᠢ ᠠᠶᠠᠨᠴᠢᠨ ᠢ ᠣᠯᠵᠤ ᠬᠠᠷᠠᠭᠠᠳ ᠲᠡᠭᠦᠨ ᠡᠴᠡ᠄ 《ᠲᠠ ᠬᠠᠮᠢᠭ᠎ᠠ ᠠᠴᠠ ᠢᠷᠡᠵᠦ᠂ ᠬᠠᠮᠢᠭᠠᠰᠢ ᠪᠠᠨ ᠶᠠᠪᠤᠵᠤ ᠪᠠᠢᠨ᠎ᠠ ᠪᠤᠢ︖》 ᠭᠡᠵᠦ ᠠᠰᠠᠭᠤᠪᠠ᠃ 18 ᠥᠨᠥᠬᠢ ᠡᠷ᠎ᠡ ᠲᠡᠭᠦᠨ ᠳᠦ᠄ 《ᠪᠢᠳᠡ ᠶᠦᠳᠠ ᠶᠢᠨ ᠪᠧᠲ᠋ᠯᠧᠾᠧᠮ ᠡᠴᠡ ᠭᠠᠷᠴᠤ ᠡᠹᠷᠠᠢᠮ ᠤᠨ ᠠᠭᠤᠯᠠᠷᠬᠠᠭ ᠨᠤᠲᠤᠭ ᠥᠭᠡᠳᠡ ᠶᠠᠪᠤᠵᠤ ᠪᠠᠢᠭ᠎ᠠ ᠶᠤᠮ᠃ ᠪᠢ ᠲᠡᠨᠳᠡᠬᠢ ᠶᠢᠨ ᠪᠤᠢᠳᠠ ᠭᠠᠵᠠᠷ ᠲᠤ ᠠᠮᠢᠳᠤᠷᠠᠳᠠᠭ ᠪᠥᠭᠡᠳ ᠶᠦᠳᠠ ᠶᠢᠨ ᠪᠧᠲ᠋ᠯᠧᠾᠧᠮ ᠳᠤ ᠣᠴᠢᠭᠠᠳ ᠣᠳᠣ ᠶᠣᠬᠣᠸᠠ ᠶᠢᠨ ᠥᠷᠭᠥᠭᠡ ᠤᠷᠤᠭᠤ ᠶᠠᠪᠤᠵᠤ ᠪᠠᠢᠨ᠎ᠠ᠃ ᠬᠠᠷᠢᠨ ᠨᠠᠮᠠᠶᠢ ᠭᠡᠷ ᠲᠡᠭᠡᠨ ᠬᠦᠯᠢᠶᠡᠨ ᠠᠪᠬᠤ ᠬᠥᠮᠦᠨ ᠪᠠᠢᠬᠤ ᠦᠭᠡᠢ ᠪᠠᠢᠨ᠎ᠠ᠃ 19 ᠪᠢᠳᠡᠨ ᠳᠦ ᠡᠯᠵᠢᠭᠡᠨ ᠳᠡᠭᠡᠨ ᠥᠭᠬᠦ ᠰᠦᠷᠡᠯ ᠴᠤ᠂ ᠲᠡᠵᠢᠭᠡᠯ ᠴᠤ ᠪᠤᠢ᠂ ᠪᠠᠰᠠ ᠥᠪᠡᠷ ᠦᠨ ᠪᠣᠯᠣᠨ ᠡᠬᠡᠨᠡᠷ ᠦᠨ᠂ ᠵᠠᠷᠤᠴᠠ ᠶᠢᠨ ᠮᠢᠨᠢ ᠬᠣᠭᠣᠯᠠ ᠤᠮᠳᠠ ᠴᠤ ᠪᠠᠢᠨ᠎ᠠ᠃ ᠳᠤᠲᠠᠬᠤ ᠶᠠᠭᠤᠮ᠎ᠠ ᠠᠯᠠᠭ᠎ᠠ》 ᠭᠡᠬᠦ ᠳᠦ᠂ 20 ᠡᠪᠦᠭᠡᠨ᠄ 《ᠲᠠ ᠨᠠᠷ ᠰᠠᠨᠠᠭ᠎ᠠ ᠠᠮᠤᠷ ᠪᠠᠢᠭᠠᠷᠠᠢ᠃ ᠲᠠ ᠨᠠᠷ ᠤᠨ ᠪᠦᠬᠦ ᠬᠡᠷᠡᠭᠴᠡᠭᠡ ᠶᠢ ᠪᠢ ᠬᠠᠩ᠋ᠭᠠᠶᠠ᠃ ᠬᠠᠷᠢᠨ ᠵᠠᠳᠠᠭᠠᠢ ᠲᠠᠯᠠᠪᠠᠢ ᠳᠤ ᠰᠥᠨᠢ ᠶᠢ ᠥᠩᠭᠡᠷᠡᠭᠦᠯᠵᠦ ᠪᠣᠯᠬᠤ ᠦᠭᠡᠢ》 ᠭᠡᠪᠡ᠃ 21 ᠢᠩᠭᠢᠭᠡᠳ ᠡᠪᠦᠭᠡᠨ ᠲᠡᠳᠡᠨ ᠢ ᠭᠡᠷ ᠲᠡᠭᠡᠨ ᠣᠷᠣᠭᠤᠯᠵᠤ᠂ ᠡᠯᠵᠢᠭᠡᠨ ᠳᠦᠨᠢ ᠲᠡᠵᠢᠭᠡᠯ ᠥᠭᠪᠡ᠃ ᠲᠡᠳᠡ ᠬᠥᠯ ᠢᠶᠡᠨ ᠤᠬᠢᠶᠠᠭᠠᠳ ᠢᠳᠡᠵᠦ ᠤᠤᠭᠤᠵᠠᠭᠠᠯᠠ᠃
22 ᠡᠢᠨ ᠬᠦ ᠲᠡᠳᠡᠨ ᠦ ᠰᠡᠳᠬᠢᠯ ᠰᠡᠷᠭᠦᠵᠦ ᠪᠠᠢᠬᠤ ᠳᠤ᠂ ᠲᠡᠷᠡ ᠬᠣᠲᠠ ᠶᠢᠨ ᠪᠦᠲᠦᠯ ᠦᠭᠡᠢ ᠡᠲᠡᠭᠡᠳ ᠪᠠᠢᠰᠢᠩ ᠢ ᠨᠢ ᠪᠦᠰᠡᠯᠡᠨ᠂ ᠬᠠᠭᠠᠯᠭ᠎ᠠ ᠶᠢ ᠨᠢ ᠪᠠᠯᠪᠠᠯᠠ︕ ᠲᠡᠳᠡ ᠭᠡᠷ ᠦᠨ ᠡᠵᠡᠨ ᠡᠪᠦᠭᠡᠨ ᠳᠦ᠄ 《ᠲᠠᠨ ᠤ ᠭᠡᠷ ᠲᠦ ᠢᠷᠡᠭᠰᠡᠨ ᠲᠡᠷᠡ ᠡᠷ᠎ᠡ ᠶᠢ ᠭᠠᠷᠭᠠᠵᠤ ᠥᠭ᠃ ᠪᠢᠳᠡ ᠲᠡᠭᠦᠨ ᠲᠡᠢ ᠬᠤᠷᠢᠴᠠᠶᠠ》 ᠭᠡᠵᠡᠭᠡᠪᠡ᠃ 23 ᠭᠡᠷ ᠦᠨ ᠡᠵᠡᠨ ᠡᠷ᠎ᠡ ᠲᠡᠳᠡᠨ ᠤᠷᠤᠭᠤ ᠭᠠᠷᠴᠤ᠄ 《ᠪᠣᠯᠬᠤ ᠦᠭᠡᠢ᠂ ᠠᠬ᠎ᠠ ᠳᠡᠭᠦᠦᠰ ᠮᠢᠨᠢ᠂ ᠮᠠᠭᠤ ᠶᠠᠭᠤᠮ᠎ᠠ ᠪᠦᠦ ᠦᠢᠯᠡᠳ᠃ ᠡᠨᠡ ᠬᠥᠮᠦᠨ ᠮᠢᠨᠦ ᠭᠡᠷ ᠲᠦ ᠢᠷᠡᠭᠰᠡᠨ ᠬᠣᠢᠨ᠎ᠠ ᠲᠡᠭᠦᠨ ᠳᠦ ᠡᠢᠮᠦ ᠪᠤᠵᠠᠷ ᠰᠢᠪᠰᠢᠭ ᠪᠦᠦ ᠦᠢᠯᠡᠳ᠃ 24 ᠬᠠᠷ᠎ᠠ᠂ ᠡ᠊ᠨᠳᠡ ᠮᠢᠨᠦ ᠣᠩ᠋ᠭᠣᠨ ᠥᠬᠢᠨ ᠪᠣᠯᠣᠨ ᠲᠡᠷᠡ ᠬᠥᠮᠦᠨ ᠦ ᠲᠠᠲᠠᠪᠤᠷᠢ ᠡᠮ᠎ᠡ ᠪᠠᠢᠨ᠎ᠠ᠃ ᠪᠢ ᠲᠡᠳᠡᠨ ᠢ ᠭᠠᠷᠭᠠᠶ᠎ᠠ᠃ ᠲᠠ ᠨᠠᠷ ᠲᠡᠳᠡᠨ ᠢ ᠭᠠᠷ ᠲᠠᠭᠠᠨ ᠠᠪᠴᠤ᠂ ᠬᠦᠰᠡᠭᠰᠡᠨ ᠵᠦᠢᠯ ᠢᠶᠠᠨ ᠦᠢᠯᠡᠳᠦᠭᠲᠦᠨ᠃ ᠬᠠᠷᠢᠨ ᠲᠡᠷᠡ ᠬᠥᠮᠦᠨ ᠳᠦ ᠡᠢᠮᠦ ᠪᠤᠵᠠᠷ ᠰᠢᠪᠰᠢᠭ ᠢ ᠪᠦᠦ ᠦᠢᠯᠡᠳ》 ᠭᠡᠵᠦ ᠬᠡᠯᠡᠪᠡ᠃ 25 ᠭᠡᠪᠡᠴᠦ ᠲᠡᠳᠡᠭᠡᠷ ᠡᠷ᠎ᠡ ᠲᠡᠭᠦᠨ ᠦ ᠬᠢ ᠶᠢ ᠰᠣᠨᠣᠰᠬᠤ ᠳᠤᠷ᠎ᠠ ᠦᠭᠡᠢ ᠪᠠᠢᠯ᠎ᠠ᠃ ᠡᠢᠮᠦ ᠡᠴᠡ ᠥᠨᠥᠬᠢ ᠬᠥᠮᠦᠨ ᠲᠠᠲᠠᠪᠤᠷᠢ ᠡᠮ᠎ᠡ ᠪᠡᠨ ᠪᠠᠷᠢᠵᠤ ᠭᠠᠳᠠᠭᠰᠢ ᠪᠠᠨ ᠭᠠᠷᠭᠠᠭᠰᠠᠨ ᠳᠤ᠂ ᠲᠡᠳᠡ ᠲᠡᠭᠦᠨ ᠢ ᠰᠥᠨᠢᠵᠢᠨ ᠬᠦᠴᠦᠷᠬᠡᠭᠯᠡᠵᠦ᠂ ᠬᠠᠷᠭᠢᠰᠯᠠᠵᠤ᠂ ᠦᠷ ᠴᠠᠢᠬᠤ ᠦᠶ᠎ᠡ ᠳᠦ ᠲᠡᠭᠦᠨ ᠢ ᠶᠠᠪᠤᠭᠤᠯᠪᠠ᠃ 26 ᠦᠷ ᠴᠠᠢᠬᠤ ᠳᠤ᠂ ᠥᠨᠥᠬᠢ ᠡᠮᠡᠭᠲᠡᠢ ᠡᠵᠡᠨ ᠦ ᠪᠠᠨ ᠪᠠᠢᠭ᠎ᠠ ᠭᠡᠷ ᠦᠨ ᠡᠭᠦᠳᠡᠨ ᠳᠦ ᠢᠷᠡᠵᠦ ᠤᠨᠠᠭᠠᠳ ᠭᠡᠭᠡ ᠣᠷᠣᠲᠠᠯ᠎ᠠ ᠲᠡᠨᠳᠡ ᠪᠡᠨ ᠪᠠᠢᠪᠠ᠃
27 ᠥᠷᠯᠥᠭᠡ ᠡᠵᠡᠨ ᠨᠢ ᠪᠣᠰᠴᠤ᠂ ᠬᠠᠭᠠᠯᠭ᠎ᠠ ᠶᠢ ᠨᠡᠭᠡᠭᠡᠨ ᠵᠠᠮ ᠳᠠᠭᠠᠨ ᠭᠠᠷᠬᠤ ᠭᠡᠲᠡᠯ᠎ᠡ ᠲᠠᠲᠠᠪᠤᠷᠢ ᠡᠮ᠎ᠡ ᠨᠢ ᠭᠡᠷ ᠦᠨ ᠡᠭᠦᠳᠡᠨ ᠳᠦ ᠬᠣᠶᠠᠷ ᠭᠠᠷ ᠢᠶᠠᠨ ᠪᠣᠱᠣᠭᠠᠨ ᠳᠡᠭᠡᠷ᠎ᠡ ᠲᠠᠯᠪᠢᠴᠢᠬᠠᠭᠰᠠᠨ ᠤᠨᠠᠭᠠᠳ ᠪᠠᠢᠪᠠ︕ 28 ᠲᠡᠷᠡ ᠬᠥᠮᠦᠨ᠄ 《ᠪᠣᠰ ᠡ᠂ ᠶᠠᠪᠤᠶ᠎ᠠ》 ᠭᠡᠰᠡᠨ ᠴᠤ ᠬᠠᠷᠢᠭᠤ ᠦᠭᠡᠢ ᠪᠠᠢᠯ᠎ᠠ᠃ ᠲᠡᠭᠡᠭᠡᠳ ᠲᠡᠷᠡ ᠬᠥᠮᠦᠨ ᠨᠥᠭᠥᠭᠡ ᠡᠮᠡᠭᠲᠡᠢ ᠶᠢ ᠡᠯᠵᠢᠭᠡᠨ ᠳᠡᠭᠡᠷ᠎ᠡ ᠪᠡᠨ ᠠᠪᠤᠭᠠᠳ ᠬᠥᠳᠡᠯᠵᠦ᠂ ᠨᠤᠲᠤᠭ ᠥᠭᠡᠳᠡ ᠪᠡᠨ ᠶᠠᠪᠤᠪᠠ᠃ 29 ᠲᠡᠷᠡ ᠭᠡᠷ ᠲᠡᠭᠡᠨ ᠣᠷᠣᠭᠠᠳ ᠬᠢᠲᠤᠭ᠎ᠠ ᠠᠪᠴᠤ᠂ ᠲᠠᠲᠠᠪᠤᠷᠢ ᠡᠮ᠎ᠡ ᠪᠡᠨ ᠦᠶ᠎ᠡ ᠦᠶ᠎ᠡ ᠪᠡᠷ ᠨᠢ ᠠᠷᠪᠠᠨ ᠬᠣᠶᠠᠷ ᠬᠡᠰᠡᠭ ᠪᠣᠯᠭᠠᠨ ᠲᠤᠶᠠᠴᠢᠵᠤ᠂ ᠢᠰᠷᠧᠯ ᠤᠨ ᠨᠤᠲᠤᠭ ᠳᠠᠶᠠᠭᠠᠷ ᠢᠯᠡᠭᠡᠪᠡ᠃ 30 ᠦᠵᠡᠭᠰᠡᠨ ᠪᠣᠯᠭᠠᠨ᠄ 《ᠶᠧᠵᠢᠫᠲ ᠡᠴᠡ ᠭᠠᠷᠤᠭᠰᠠᠨ ᠡᠳᠦᠷ ᠡᠴᠡ ᠥᠨᠥᠳᠥᠷ ᠪᠣᠯᠲᠠᠯ᠎ᠠ ᠢᠰᠷᠧᠯᠴᠦᠳ ᠦᠨ ᠳᠤᠮᠳᠠ ᠡᠢᠮᠦ ᠬᠡᠷᠡᠭ ᠭᠠᠷᠤᠭᠰᠠᠨ ᠦᠭᠡᠢ᠂ ᠦᠵᠡᠭᠳᠡᠭᠰᠡᠨ ᠴᠤ ᠦᠭᠡᠢ᠃ ᠰᠠᠨᠠᠭ᠎ᠠ ᠲᠠᠯᠪᠢᠵᠤ᠂ ᠵᠥᠪᠯᠡᠯᠳᠦᠨ ᠶᠠᠷᠢᠯᠴᠠᠵᠠᠭᠠᠶᠠ》 ᠭᠡᠯᠴᠡᠪᠡ᠃