ᠰᠢᠭᠦᠭᠴᠢᠳ ᠳᠥᠷᠪᠡ
ᠳ᠋ᠧᠪᠣᠷᠠ ᠪᠣᠯᠣᠨ ᠪᠠᠷᠠᠺ
1 ᠶᠧᠾᠦ᠋ᠳ᠋ ᠥᠭᠡᠳᠡ ᠪᠣᠯᠣᠭᠰᠠᠨ ᠤ ᠳᠠᠷᠠᠭ᠎ᠠ᠂ ᠢᠰᠷᠧᠯᠴᠦᠳ ᠶᠣᠬᠣᠸᠠ ᠶᠢᠨ ᠮᠡᠯᠮᠡᠢ ᠶᠢᠨ ᠡᠮᠦᠨ᠎ᠡ ᠳᠠᠬᠢᠨ ᠮᠠᠭᠤ ᠶᠢ ᠦᠢᠯᠡᠳᠦᠭᠰᠡᠨ ᠳᠦ᠂ 2 ᠶᠣᠬᠣᠸᠠ ᠲᠡᠳᠡᠨ ᠢ ᠬᠠᠽᠣᠷ ᠲᠤ ᠬᠠᠭᠠᠨᠴᠢᠯᠠᠵᠤ ᠪᠤᠢ ᠺᠠᠨᠠᠨ ᠤ ᠬᠠᠭᠠᠨ ᠶᠠᠪᠢᠨ ᠤ ᠭᠠᠷ ᠲᠤ ᠲᠤᠰᠢᠶᠠᠪᠠ᠃ ᠶᠠᠪᠢᠨ ᠤ ᠴᠡᠷᠢᠭ ᠤᠨ ᠵᠠᠩᠵᠤᠨ ᠢ ᠰᠢᠰᠧᠷᠠ ᠭᠡᠳᠡᠭ᠂ ᠲᠡᠷᠡ ᠬᠠᠷᠢᠴᠤᠳ ᠤᠨ ᠨᠤᠲᠤᠭ ᠬᠠᠷᠣᠱᠧᠲ ᠲᠤ ᠰᠠᠭᠤᠵᠤ ᠪᠠᠢᠪᠠ᠃ 3 ᠲᠡᠭᠦᠨ ᠳᠦ ᠶᠢᠰᠦᠨ ᠵᠠᠭᠤᠨ ᠲᠡᠮᠦᠷ ᠲᠡᠷᠭᠡ ᠲᠠᠢ ᠪᠠᠢᠳᠠᠭ ᠪᠠ ᠬᠣᠷᠢᠨ ᠵᠢᠯ ᠤᠨ ᠲᠤᠷᠰᠢ ᠢᠰᠷᠧᠯᠴᠦᠳ ᠢ ᠬᠠᠷᠭᠢᠰᠯᠠᠨ ᠳᠠᠷᠤᠯᠠᠭᠰᠠᠨ ᠤᠴᠢᠷ ᠠᠴᠠ ᠢᠰᠷᠧᠯᠴᠦᠳ ᠶᠣᠬᠣᠸᠠ ᠤᠷᠤᠭᠤ ᠬᠠᠰᠬᠢᠷᠤᠭᠰᠠᠨ ᠪᠠᠢᠯ᠎ᠠ᠃
4 ᠲᠡᠷᠡ ᠦᠶ᠎ᠡ ᠳᠦ ᠢᠰᠷᠧᠯ ᠤᠨ ᠰᠢᠭᠦᠭᠴᠢ ᠨᠢ ᠯᠠᠫᠢᠳᠣᠲ ᠤᠨ ᠡᠬᠡᠨᠡᠷ ᠡᠰᠢ ᠦᠵᠡᠭᠦᠯᠦᠭᠴᠢ ᠡᠮᠡᠭᠲᠡᠢ ᠳ᠋ᠧᠪᠣᠷᠠ ᠪᠠᠢᠯ᠎ᠠ᠃ 5 ᠲᠡᠷᠡ ᠡᠮᠡᠭᠲᠡᠢ ᠡᠹᠷᠠᠢᠮ ᠤᠨ ᠠᠭᠤᠯᠠᠷᠬᠠᠭ ᠨᠤᠲᠤᠭ ᠤᠨ ᠷᠠᠮᠠ ᠪᠣᠯᠣᠨ ᠪᠧᠲ᠋ᠧᠯ ᠤᠨ ᠬᠣᠭᠣᠷᠣᠨᠳᠣ ᠪᠤᠢ ᠳ᠋ᠧᠪᠣᠷᠠ ᠶᠢᠨ ᠬᠢᠯᠭᠠᠰᠤᠲᠤ ᠮᠣᠳᠣᠨ ᠤ ᠳᠣᠣᠷ᠎ᠠ ᠰᠠᠭᠤᠳᠠᠭ ᠪᠠᠢᠭᠰᠠᠨ ᠪᠥᠭᠡᠳ ᠢᠰᠷᠧᠯᠴᠦᠳ ᠲᠡᠭᠦᠨ ᠳᠡᠭᠡᠷ᠎ᠡ ᠣᠴᠢᠵᠤ ᠰᠢᠭᠦᠯᠭᠡᠳᠡᠭ ᠪᠠᠢᠪᠠ᠃ 6 ᠨᠢᠭᠡᠨ ᠡᠳᠦᠷ ᠳ᠋ᠧᠪᠣᠷᠠ ᠨᠠᠹᠲ᠋ᠠᠯᠢ ᠶᠢᠨ ᠺᠧᠳᠧᠱ ᠲᠤ ᠪᠠᠢᠭ᠎ᠠ ᠠᠪᠢᠨᠣᠶᠠᠮ ᠤᠨ ᠬᠥᠪᠡᠭᠦᠨ ᠪᠠᠷᠠᠺ ᠲᠤ ᠦᠭᠡ ᠢᠯᠡᠭᠡᠨ᠂ ᠲᠡᠭᠦᠨ ᠢ ᠳᠠᠭᠤᠳᠠᠭᠤᠯᠵᠤ᠄ 《ᠢᠰᠷᠧᠯ ᠤᠨ ᠪᠤᠷᠬᠠᠨ ᠶᠣᠬᠣᠸᠠ ᠲᠠᠨ ᠳᠤ ᠲᠤᠰᠢᠶᠠᠬᠤ ᠳᠠᠭᠠᠨ᠄ 〈ᠴᠢ ᠨᠠᠹᠲ᠋ᠠᠯᠢᠴᠤᠳ ᠪᠣᠯᠣᠨ ᠽᠧᠪᠦ᠋ᠯᠣᠨᠴᠤᠳ ᠠᠴᠠ ᠲᠦᠮᠡᠨ ᠬᠥᠮᠦᠨ ᠠᠪᠴᠤ᠂ ᠲᠡᠳᠡᠨ ᠢ ᠳᠠᠭᠠᠭᠤᠯᠤᠨ ᠲᠠᠪᠣᠷ ᠠᠭᠤᠯᠠᠨ ᠳᠤ ᠭᠠᠷ᠃ 7 ᠪᠢ ᠶᠠᠪᠢᠨ ᠤ ᠴᠡᠷᠢᠭ ᠤᠨ ᠵᠠᠩᠵᠤᠨ ᠰᠢᠰᠧᠷᠠ ᠶᠢ ᠲᠡᠷᠭᠡ ᠨᠦᠭᠦᠳ ᠲᠡᠢ ᠨᠢ᠂ ᠮᠥᠨ ᠴᠡᠷᠢᠭ ᠲᠠᠢ ᠨᠢ ᠺᠢᠱᠣᠨ ᠭᠣᠣᠯ ᠤᠷᠤᠭᠤ ᠠᠪᠴᠢᠷᠠᠵᠤ᠂ ᠴᠢᠨᠦ ᠭᠠᠷ ᠲᠤ ᠲᠤᠰᠢᠶᠠᠶ᠎ᠠ〉 ᠭᠡᠰᠡᠨ》 ᠭᠡᠪᠡ᠃ 8 ᠪᠠᠷᠠᠺ ᠲᠡᠭᠦᠨ ᠳᠦ᠄ 《ᠬᠡᠷᠪᠡ ᠲᠠ ᠨᠠᠳᠠ ᠲᠠᠢ ᠬᠠᠮᠲᠤ ᠶᠠᠪᠤᠪᠠᠯ᠂ ᠪᠢ ᠶᠠᠪᠤᠨ᠎ᠠ᠃ ᠲᠠ ᠨᠠᠳᠠ ᠲᠠᠢ ᠬᠠᠮᠲᠤ ᠶᠠᠪᠤᠬᠤ ᠦᠭᠡᠢ ᠪᠣᠯ ᠪᠢ ᠶᠠᠪᠤᠬᠤ ᠦᠭᠡᠢ》 ᠭᠡᠰᠡᠨ ᠳᠦ᠂ 9 ᠳ᠋ᠧᠪᠣᠷᠠ᠄ 《ᠪᠢ ᠯᠠᠪᠲᠠᠢ ᠲᠠᠨ ᠲᠠᠢ ᠬᠠᠮᠲᠤ ᠶᠠᠪᠤᠨ᠎ᠠ᠂ ᠬᠠᠷᠢᠨ ᠲᠠ ᠡᠨᠡ ᠠᠶᠠᠨ ᠳᠤ ᠠᠯᠳᠠᠷ ᠬᠦᠨᠳᠦ ᠶᠢ ᠣᠯᠬᠤ ᠦᠭᠡᠢ᠂ ᠶᠣᠬᠣᠸᠠ ᠰᠢᠰᠧᠷᠠ ᠶᠢ ᠨᠢᠭᠡᠨ ᠡᠮᠡᠭᠲᠡᠢ ᠶᠢᠨ ᠭᠠᠷ ᠲᠤ ᠣᠷᠣᠭᠤᠯᠬᠤ ᠪᠣᠯᠣᠨ᠎ᠠ︕》 ᠭᠡᠪᠡ᠃ ᠲᠡᠢᠨ ᠬᠦ ᠳ᠋ᠧᠪᠣᠷᠠ ᠪᠠᠷᠠᠺ ᠲᠠᠢ ᠬᠠᠮᠲᠤ ᠺᠧᠳᠧᠱ ᠤᠷᠤᠭᠤ ᠶᠠᠪᠤᠵᠠᠢ᠃ 10 ᠪᠠᠷᠠᠺ ᠽᠧᠪᠦ᠋ᠯᠣᠨᠴᠤᠳ ᠪᠣᠯᠣᠨ ᠨᠠᠹᠲ᠋ᠠᠯᠢᠴᠤᠳ ᠢ ᠳᠠᠭᠤᠳᠠᠨ ᠺᠧᠳᠧᠱ ᠲᠤ ᠴᠤᠭᠯᠠᠭᠤᠯᠬᠤ ᠳᠤ᠂ ᠲᠦᠮᠡᠨ ᠬᠥᠮᠦᠨ ᠲᠡᠭᠦᠨ ᠢ ᠳᠠᠭᠠᠭᠰᠠᠨ ᠪᠥᠭᠡᠳ ᠳ᠋ᠧᠪᠣᠷᠠ ᠴᠤ ᠲᠡᠭᠦᠨ ᠲᠡᠢ ᠬᠠᠮᠲᠤ ᠶᠠᠪᠤᠪᠠ᠃
11 ᠲᠡᠷᠡ ᠦᠶ᠎ᠡ ᠳᠦ ᠺᠧᠨ ᠬᠥᠮᠦᠨ᠂ ᠮᠣᠰᠧ ᠶᠢᠨ ᠬᠠᠳᠠᠮ ᠡᠴᠢᠭᠡ ᠬᠣᠪᠠᠪ ᠤᠨ ᠬᠣᠢᠴᠢ ᠪᠣᠯᠬᠤ ᠾᠧᠪᠧᠷ ᠪᠤᠰᠤᠳ ᠺᠧᠨᠴᠦᠳ ᠡᠴᠡ ᠰᠠᠯᠵᠤ᠂ ᠺᠧᠳᠧᠱ ᠤᠨ ᠣᠢᠷᠠᠯᠴᠠᠭ᠎ᠠ ᠬᠦᠷᠴᠦ ᠽᠠᠨᠠᠨᠢᠮ ᠳᠠᠬᠢ ᠴᠠᠷᠠᠰᠤᠨ ᠮᠣᠳᠣᠨ ᠤ ᠳᠡᠷᠭᠡᠳᠡ ᠮᠠᠢᠬᠠᠨ ᠢᠶᠠᠨ ᠪᠣᠰᠬᠠᠭᠰᠠᠨ ᠪᠠᠢᠯ᠎ᠠ᠃
12 ᠬᠥᠮᠦᠰ ᠰᠢᠰᠧᠷᠠ ᠳᠤ ᠠᠪᠢᠨᠣᠶᠠᠮ ᠤᠨ ᠬᠥᠪᠡᠭᠦᠨ ᠪᠠᠷᠠᠺ ᠤᠨ ᠲᠠᠪᠣᠷ ᠠᠭᠤᠯᠠᠨ ᠳᠤ ᠭᠠᠷᠤᠭᠰᠠᠨ ᠢ ᠮᠡᠳᠡᠭᠳᠡᠭᠰᠡᠨ ᠳᠦ᠂ 13 ᠰᠢᠰᠧᠷᠠ ᠶᠢᠰᠦᠨ ᠵᠠᠭᠤᠨ ᠲᠡᠮᠦᠷ ᠲᠡᠷᠭᠡ ᠪᠡᠨ ᠠᠪᠴᠤ᠂ ᠬᠠᠷᠢᠶ᠎ᠠ ᠴᠡᠷᠢᠭ ᠢᠶᠠᠨ ᠴᠤᠭᠯᠠᠭᠤᠯᠤᠨ ᠬᠠᠷᠢᠴᠤᠳ ᠤᠨ ᠨᠤᠲᠤᠭ ᠬᠠᠷᠣᠱᠧᠲ ᠠᠴᠠ ᠪᠠᠨ ᠺᠢᠱᠣᠨ ᠭᠣᠣᠯ ᠤᠷᠤᠭᠤ ᠬᠥᠳᠡᠯᠪᠡ᠃ 14 ᠳ᠋ᠧᠪᠣᠷᠠ ᠪᠠᠷᠠᠺ ᠲᠤ᠄ 《ᠶᠠᠪᠤ︕ ᠶᠣᠬᠣᠸᠠ ᠥᠨᠥᠳᠥᠷ ᠰᠢᠰᠧᠷᠠ ᠶᠢ ᠲᠠᠨ ᠤ ᠭᠠᠷ ᠲᠤ ᠲᠤᠰᠢᠶᠠᠭᠰᠠᠨ᠃ ᠶᠣᠬᠣᠸᠠ ᠴᠢᠨᠦ ᠡᠮᠦᠨ᠎ᠡ ᠶᠠᠪᠤᠭᠰᠠᠨ ᠰᠢᠦ︕》 ᠭᠡᠪᠡ᠃ ᠢᠩᠭᠢᠭᠡᠳ ᠪᠠᠷᠠᠺ ᠲᠦᠮᠡᠨ ᠬᠥᠮᠦᠨ ᠳᠠᠭᠠᠭᠤᠯᠤᠨ ᠲᠠᠪᠣᠷ ᠠᠭᠤᠯᠠᠨ ᠠᠴᠠ ᠪᠠᠭᠤᠯ᠎ᠠ᠃ 15 ᠶᠣᠬᠣᠸᠠ ᠪᠠᠷᠠᠺ ᠤᠨ ᠡᠮᠦᠨ᠎ᠡ ᠰᠢᠰᠧᠷᠠ ᠪᠣᠯᠣᠨ ᠲᠡᠭᠦᠨ ᠦ ᠪᠦᠬᠦ ᠲᠡᠷᠭᠡ᠂ ᠪᠦᠬᠦ ᠴᠡᠷᠢᠭ ᠢ ᠢᠯᠳᠦᠨ ᠦ ᠢᠷ ᠢᠶᠠᠷ ᠰᠦᠢᠷᠡᠭᠦᠯᠦᠭᠰᠡᠨ ᠳᠦ᠂ ᠰᠢᠰᠧᠷᠠ ᠲᠡᠷᠭᠡᠨ ᠡᠴᠡ ᠪᠡᠨ ᠪᠠᠭᠤᠵᠤ᠂ ᠶᠠᠪᠠᠭᠠᠨ ᠢᠶᠠᠷ ᠵᠢᠭᠤᠲᠠᠪᠠ᠃ 16 ᠪᠠᠷᠠᠺ ᠲᠡᠭᠦᠨ ᠦ ᠲᠡᠷᠭᠡ ᠨᠦᠭᠦᠳ ᠪᠣᠯᠣᠨ ᠴᠡᠷᠢᠭ ᠤᠳ ᠢ ᠬᠠᠷᠢᠴᠤᠳ ᠤᠨ ᠨᠤᠲᠤᠭ ᠬᠠᠷᠣᠱᠧᠲ ᠬᠦᠷᠲᠡᠯ᠎ᠡ ᠬᠥᠭᠡᠭᠡᠨ᠂ ᠰᠢᠰᠧᠷᠠ ᠶᠢᠨ ᠴᠡᠷᠢᠭ ᠤᠳ ᠠᠴᠠ ᠨᠢᠭᠡ ᠶᠢ ᠨᠢ ᠴᠤ ᠦᠯᠡᠳᠡᠭᠡᠯ ᠦᠭᠡᠢ ᠪᠦᠬᠦᠨ ᠢ ᠢᠯᠳᠦᠨ ᠦ ᠢᠷ ᠢᠶᠠᠷ ᠰᠥᠨᠥᠭᠡᠭᠰᠡᠨ ᠪᠠᠢᠨ᠎ᠠ᠃
17 ᠬᠠᠷᠢᠨ ᠰᠢᠰᠧᠷᠠ ᠶᠠᠪᠠᠭᠠᠨ ᠵᠢᠭᠤᠲᠠᠭᠰᠠᠭᠠᠷ ᠺᠧᠨ ᠬᠥᠮᠦᠨ ᠾᠧᠪᠧᠷ ᠤᠨ ᠡᠬᠡᠨᠡᠷ ᠶᠠᠶᠧᠯ ᠤᠨ ᠮᠠᠢᠬᠠᠨ ᠳᠤ ᠬᠦᠷᠪᠡ᠃ ᠤᠤᠯ ᠨᠢ ᠬᠠᠽᠣᠷ ᠤᠨ ᠬᠠᠭᠠᠨ ᠶᠠᠪᠢᠨ ᠪᠣᠯᠣᠨ ᠺᠧᠨ ᠬᠥᠮᠦᠨ ᠾᠧᠪᠧᠷ ᠤᠨ ᠭᠡᠷ ᠪᠦᠯᠢ ᠬᠣᠭᠣᠷᠣᠨᠳᠣ ᠪᠠᠨ ᠡᠪ ᠲᠡᠢ ᠪᠠᠢᠪᠠ᠃ 18 ᠶᠠᠶᠧᠯ ᠰᠢᠰᠧᠷᠠ ᠶᠢ ᠤᠭᠲᠤᠬᠤ ᠪᠠᠷ ᠭᠠᠷᠴᠤ ᠢᠷᠡᠭᠡᠳ᠂ ᠲᠡᠭᠦᠨ ᠳᠦ᠄ 《ᠲᠠᠪᠠᠲᠠᠢ ᠮᠣᠷᠢᠯᠠᠨ᠎ᠠ ᠤᠤ︖ ᠡᠵᠡᠨᠲᠡᠨ ᠮᠢᠨᠢ᠃ ᠮᠠᠨ ᠤ ᠳᠤ ᠣᠷᠣᠵᠤ ᠬᠠᠢᠷᠠᠯᠠ᠂ ᠪᠦᠦ ᠠᠶᠤ》 ᠭᠡᠪᠡ᠃ ᠰᠢᠰᠧᠷᠠ ᠲᠡᠭᠦᠨ ᠦ ᠮᠠᠢᠬᠠᠨ ᠳᠤ ᠣᠷᠣᠭᠰᠠᠨ ᠳᠤ᠂ ᠶᠠᠶᠧᠯ ᠲᠡᠭᠦᠨ ᠢ ᠬᠥᠨᠵᠢᠯᠡ ᠪᠡᠷ ᠬᠤᠴᠢᠪᠠ᠃ 19 ᠰᠢᠰᠧᠷᠠ᠄ 《ᠪᠢ ᠴᠠᠩ᠋ᠭᠠᠵᠤ ᠪᠠᠢᠨ᠎ᠠ᠂ ᠵᠢᠭᠠᠬᠠᠨ ᠤᠰᠤ ᠥᠭᠭᠥᠭᠡᠴᠢ》 ᠭᠡᠰᠡᠨ ᠳᠦ᠂ ᠶᠠᠶᠧᠯ ᠰᠦ᠋ ᠲᠠᠢ ᠠᠷᠠᠰᠤᠨ ᠲᠤᠯᠤᠮ ᠢ ᠣᠩ᠋ᠭᠣᠢᠯᠭᠠᠵᠤ ᠤᠤᠭᠤᠯᠭᠠᠭᠠᠳ᠂ ᠳᠠᠬᠢᠨ ᠲᠡᠭᠦᠨ ᠢ ᠬᠤᠴᠢᠪᠠ᠃ 20 ᠰᠢᠰᠧᠷᠠ ᠲᠡᠭᠦᠨ ᠳᠦ᠄ 《ᠮᠠᠢᠬᠠᠨ ᠤ ᠡᠭᠦᠳᠡᠨ ᠳᠦ ᠵᠣᠭᠰᠣᠭᠠᠳ ᠪᠠᠢᠭᠠᠷᠠᠢ᠂ ᠬᠡᠷᠪᠡ ᠬᠡᠨ ᠨᠢᠭᠡ ᠨᠢ ᠢᠷᠡᠵᠦ᠄ 〈ᠡ᠊ᠨᠳᠡ ᠬᠥᠮᠦᠨ ᠪᠠᠢᠨ᠎ᠠ ᠤᠤ︖〉 ᠭᠡᠵᠦ ᠠᠰᠠᠭᠤᠪᠠᠯ᠂ 〈ᠪᠠᠢᠬᠤ ᠦᠭᠡᠢ〉 ᠭᠡᠵᠦ ᠬᠡᠯᠡᠭᠡᠷᠡᠢ》 ᠭᠡᠪᠡ᠃ 21 ᠬᠠᠷᠢᠨ ᠾᠧᠪᠧᠷ ᠤᠨ ᠡᠬᠡᠨᠡᠷ ᠶᠠᠶᠧᠯ ᠮᠠᠢᠬᠠᠨ ᠤ ᠭᠠᠳᠠᠰᠤ ᠶᠢ ᠠᠪᠴᠤ᠂ ᠭᠠᠷ ᠲᠠᠭᠠᠨ ᠠᠯᠤᠬ᠎ᠠ ᠪᠠᠷᠢᠨ ᠰᠢᠰᠧᠷᠠ ᠤᠷᠤᠭᠤ ᠰᠡᠮᠬᠡᠨ ᠳᠥᠭᠥᠵᠦ ᠣᠴᠢᠭᠠᠳ ᠴᠢᠮᠠᠷᠬᠠᠢ ᠤᠷᠤᠭᠤ ᠨᠢ ᠭᠠᠳᠠᠰᠤ ᠪᠠᠨ ᠰᠢᠭᠠᠵᠤ᠂ ᠭᠠᠵᠠᠷ ᠲᠤ ᠵᠣᠭᠣᠪᠠ᠃ ᠰᠢᠰᠧᠷᠠ ᠶᠠᠳᠠᠷᠠᠭᠠᠳ ᠪᠥᠭᠡ ᠤᠨᠲᠠᠵᠤ ᠪᠠᠢᠬᠤ ᠳᠠᠭᠠᠨ ᠡᠢᠨ ᠬᠦ ᠨᠠᠰᠤ ᠪᠠᠷᠠᠵᠠᠢ᠃ 22 ᠲᠡᠭᠡᠲᠡᠯ᠎ᠡ ᠪᠠᠷᠠᠺ ᠰᠢᠰᠧᠷᠠ ᠶᠢ ᠮᠥᠰᠬᠢᠨ ᠢᠷᠡᠵᠦ ᠪᠠᠢᠯ᠎ᠠ︕ ᠶᠠᠶᠧᠯ ᠲᠡᠭᠦᠨ ᠢ ᠤᠭᠲᠤᠨ ᠭᠠᠷᠴᠤ ᠢᠷᠡᠭᠡᠳ᠄ 《ᠨᠠᠰᠢ ᠢᠷ᠎ᠡ᠂ ᠲᠠᠨ ᠤ ᠬᠠᠢᠵᠤ ᠪᠠᠢᠭ᠎ᠠ ᠬᠥᠮᠦᠨ ᠢ ᠬᠠᠷᠠᠭᠤᠯᠤᠶ᠎ᠠ》 ᠭᠡᠪᠡ᠃ ᠪᠠᠷᠠᠺ ᠮᠠᠢᠬᠠᠨ ᠳᠤᠨᠢ ᠣᠷᠣᠵᠤ ᠦᠵᠡᠬᠦ ᠳᠦ᠂ ᠰᠢᠰᠧᠷᠠ ᠴᠢᠮᠠᠷᠬᠠᠢ ᠳᠠᠭᠠᠨ ᠮᠠᠢᠬᠠᠨ ᠤ ᠭᠠᠳᠠᠰᠤ ᠵᠣᠭᠤᠯᠭᠠᠨ ᠦᠬᠦᠭᠰᠡᠨ ᠬᠡᠪᠲᠡᠵᠦ ᠪᠠᠢᠯ᠎ᠠ᠃
23 ᠡᠢᠨ ᠬᠦ ᠪᠤᠷᠬᠠᠨ ᠲᠡᠷᠡ ᠡᠳᠦᠷ ᠢᠰᠷᠧᠯᠴᠦᠳ ᠦᠨ ᠡᠮᠦᠨ᠎ᠡ ᠺᠠᠨᠠᠨ ᠤ ᠬᠠᠭᠠᠨ ᠶᠠᠪᠢᠨ ᠢ ᠨᠣᠮᠣᠬᠠᠳᠬᠠᠪᠠ᠃ 24 ᠢᠰᠷᠧᠯᠴᠦᠳ ᠦᠨ ᠭᠠᠷ ᠺᠠᠨᠠᠨ ᠤ ᠬᠠᠭᠠᠨ ᠶᠠᠪᠢᠨ ᠤ ᠡᠰᠡᠷᠭᠦ ᠬᠦᠴᠦᠷᠬᠡᠭᠵᠢᠭᠰᠡᠭᠡᠷ ᠡᠴᠦᠰ ᠲᠤᠨᠢ ᠺᠠᠨᠠᠨ ᠤ ᠬᠠᠭᠠᠨ ᠶᠠᠪᠢᠨ ᠢ ᠤᠰᠠᠳᠬᠠᠭᠰᠠᠨ ᠪᠠᠢᠨ᠎ᠠ᠃