ᠰᠢᠭᠦᠭᠴᠢᠳ ᠠᠷᠪᠠᠨ ᠨᠠᠢ᠌ᠮᠠ
ᠳ᠋ᠠᠨᠴᠤᠳ ᠭᠠᠵᠠᠷ ᠪᠠ ᠰᠢᠲᠦᠭᠡᠨ ᠢ ᠨᠢ ᠪᠤᠯᠢᠶᠠᠪᠠ
1 ᠲᠡᠷᠡ ᠡᠳᠦᠷ ᠤᠳ ᠢᠶᠠᠷ ᠢᠰᠷᠧᠯ ᠳᠤ ᠬᠠᠭᠠᠨ ᠪᠠᠢᠭᠰᠠᠨ ᠦᠭᠡᠢ᠃ ᠲᠡᠷᠡ ᠡᠳᠦᠷ ᠤᠳ ᠢᠶᠠᠷ ᠳ᠋ᠠᠨ ᠣᠪᠣᠭ ᠤᠨ ᠬᠢᠨ ᠰᠠᠭᠤᠷᠢᠰᠢᠬᠤ ᠥᠪ ᠨᠤᠲᠤᠭ ᠢᠶᠠᠨ ᠬᠠᠢᠭᠰᠠᠭᠠᠷ ᠪᠠᠢᠪᠠ᠃ ᠤᠴᠢᠷ ᠨᠢ ᠲᠡᠷᠡ ᠡᠳᠦᠷ ᠪᠣᠯᠲᠠᠯ᠎ᠠ ᠲᠡᠳᠡ ᠢᠰᠷᠧᠯ ᠤᠨ ᠣᠪᠣᠭ ᠤᠳ ᠤᠨ ᠢᠶᠠᠨ ᠳᠤᠮᠳᠠ ᠥᠪ ᠨᠤᠲᠤᠭ ᠢᠶᠠᠨ ᠭᠠᠷ ᠲᠠᠭᠠᠨ ᠣᠷᠣᠭᠤᠯᠤᠭ᠎ᠠ ᠦᠭᠡᠢ ᠪᠠᠢᠪᠠ᠃ 2 ᠡᠢᠮᠦ ᠡᠴᠡ ᠳ᠋ᠠᠨᠴᠤᠳ ᠽᠣᠷᠠ ᠪᠣᠯᠣᠨ ᠡᠱᠲ᠋ᠠᠶᠣᠯ ᠳᠠᠬᠢ ᠠᠢᠮᠠᠭ ᠤᠨ ᠢᠶᠠᠨ ᠲᠠᠪᠤᠨ ᠳᠠᠢᠴᠢᠨ ᠳᠤ᠄ 《ᠶᠠᠪᠤᠵᠤ᠂ ᠭᠠᠵᠠᠷ ᠢ ᠲᠠᠩᠨᠠᠭᠲᠤᠨ》 ᠭᠡᠳ ᠲᠠᠩᠨᠠᠭᠤᠯᠵᠤ᠂ ᠰᠤᠳᠤᠯᠤᠭᠤᠯᠬᠤ ᠪᠠᠷ ᠲᠡᠳᠡᠨ ᠢ ᠶᠠᠪᠤᠭᠤᠯᠪᠠ᠃ ᠲᠡᠳᠡ ᠡᠹᠷᠠᠢᠮ ᠤᠨ ᠠᠭᠤᠯᠠᠷᠬᠠᠭ ᠨᠤᠲᠤᠭ ᠲᠤ ᠣᠷᠣᠭᠠᠳ ᠮᠢᠺᠠ ᠶᠢᠨ ᠭᠡᠷ ᠲᠦ ᠬᠦᠷᠴᠦ ᠲᠡᠨᠳᠡ ᠬᠣᠨᠣᠭᠯᠠᠪᠠ᠃ 3 ᠲᠡᠳᠡ ᠮᠢᠺᠠ ᠶᠢᠨ ᠭᠡᠷ ᠲᠦ ᠪᠠᠢᠬᠤ ᠳᠠᠭᠠᠨ ᠨᠥᠭᠥᠭᠡ ᠯᠧᠸᠢ ᠵᠠᠯᠠᠭᠤ ᠶᠢᠨ ᠠᠶᠠᠯᠭᠤ ᠶᠢ ᠲᠠᠨᠢᠭᠠᠳ᠂ ᠲᠡᠭᠦᠨ ᠳᠦ ᠳᠥᠭᠥᠨ ᠣᠴᠢᠵᠤ᠄ 《ᠬᠡᠨ ᠲᠠᠨ ᠢ ᠡ᠊ᠨᠳᠡ ᠠᠪᠴᠢᠷᠠᠪᠠ︖ ᠲᠠ ᠡ᠊ᠨᠳᠡ ᠶᠠᠭᠤ ᠬᠢᠵᠦ ᠪᠠᠢᠭ᠎ᠠ ᠶᠤᠮ ᠪᠤᠢ︖ ᠶᠠᠭᠤᠨ ᠤ ᠤᠴᠢᠷ ᠠᠴᠠ ᠡ᠊ᠨᠳᠡ ᠪᠠᠢᠵᠤ ᠪᠠᠢᠭ᠎ᠠ ᠶᠤᠮ ᠪᠤᠢ︖》 ᠭᠡᠵᠡᠭᠡᠪᠡ᠃ 4 ᠲᠡᠷᠡ ᠮᠢᠺᠠ ᠶᠢᠨ ᠥᠪᠡᠷ ᠲᠤᠨᠢ ᠬᠢᠭᠰᠡᠨ ᠡᠢᠮᠦ ᠲᠡᠢᠮᠦ ᠵᠦᠢᠯ ᠢ ᠥᠴᠢᠵᠦ᠄ 《ᠲᠡᠷᠡ ᠨᠠᠮᠠᠶᠢ ᠬᠥᠯᠥᠰᠥᠯᠡᠵᠦ ᠥᠪᠡᠷ ᠦᠨ ᠢᠶᠠᠨ ᠲᠠᠬᠢᠯᠴᠢ ᠪᠣᠯᠭᠠᠭᠰᠠᠨ ᠶᠤᠮ》 ᠭᠡᠰᠡᠨ ᠳᠦ᠂ 5 ᠲᠡᠳᠡ᠄ 《ᠪᠤᠷᠬᠠᠨ ᠠᠴᠠ ᠠᠰᠠᠭᠤᠭᠠᠴᠢ᠂ ᠠᠶᠠᠨ ᠵᠠᠮ ᠤᠨ ᠮᠢᠨᠢ ᠥᠯᠵᠡᠢ ᠲᠡᠢ ᠪᠠᠢᠬᠤ ᠡᠰᠡᠬᠦ ᠶᠢ ᠪᠢᠳᠡ ᠮᠡᠳᠡᠮᠡᠷ ᠪᠠᠢᠨ᠎ᠠ》 ᠭᠡᠪᠡ᠃ 6 ᠲᠠᠬᠢᠯᠴᠢ ᠬᠠᠷᠢᠭᠤ ᠳᠤᠨᠢ᠄ 《ᠠᠮᠤᠷ ᠲᠠᠢᠪᠤᠩ ᠶᠠᠪᠤᠭᠲᠤᠨ᠃ ᠲᠠ ᠨᠠᠷ ᠤᠨ ᠠᠶᠠᠨ ᠵᠠᠮ ᠳᠤ ᠶᠣᠬᠣᠸᠠ ᠬᠠᠮᠲᠤ ᠪᠠᠢᠬᠤ ᠪᠣᠯᠣᠨ᠎ᠠ》 ᠭᠡᠪᠡ᠃
7 ᠲᠠᠪᠤᠨ ᠡᠷ᠎ᠡ ᠴᠠᠭᠠᠰᠢᠯᠠᠨ᠂ ᠯᠠᠢᠱ ᠲᠤ ᠬᠦᠷᠴᠦ ᠦᠵᠡᠬᠦ ᠳᠦ᠂ ᠲᠡᠨᠳᠡᠬᠢ ᠶᠢᠨ ᠠᠷᠠᠳ ᠣᠯᠠᠨ ᠰᠢᠢᠳᠣᠨᠴᠤᠳ ᠲᠠᠢ ᠠᠳᠠᠯᠢ ᠠᠶᠤᠯ ᠲᠦᠭᠰᠢᠭᠦᠷᠢ ᠦᠭᠡᠢ ᠲᠠᠢᠪᠤᠩ ᠠᠮᠢᠳᠤᠷᠠᠵᠤ ᠪᠠᠢᠯ᠎ᠠ᠃ ᠲᠡᠷᠡ ᠨᠤᠲᠤᠭ ᠲᠤ ᠡᠳ᠋ ᠶᠠᠭᠤᠮ᠎ᠠ ᠳᠤᠲᠠᠭᠳᠠᠬᠤ ᠦᠭᠡᠢ᠂ ᠡᠷᠬᠡ ᠪᠠᠷᠢᠭᠴᠢ ᠦᠭᠡᠢ᠂ ᠲᠡᠳᠡ ᠪᠤᠰᠤᠳ ᠲᠠᠢ ᠬᠠᠷᠢᠯᠴᠠᠳᠠᠭ ᠦᠭᠡᠢ ᠪᠥᠭᠡᠳ ᠰᠢᠢᠳᠣᠨᠴᠤᠳ ᠠᠴᠠ ᠴᠤ ᠬᠣᠯᠠ ᠰᠠᠭᠤᠳᠠᠭ ᠪᠠᠢᠪᠠ᠃ 8 ᠲᠤᠷᠰᠢᠭᠤᠯ ᠤᠳ ᠽᠣᠷᠠ ᠪᠣᠯᠣᠨ ᠡᠱᠲ᠋ᠠᠶᠣᠯ ᠳᠤ ᠪᠤᠴᠠᠵᠤ ᠢᠷᠡᠬᠦ ᠳᠦ᠂ ᠠᠬ᠎ᠠ ᠳᠡᠭᠦᠦᠰ ᠨᠢ᠄ 《ᠲᠠ ᠨᠠᠷ ᠶᠠᠭᠤ ᠣᠯᠵᠤ ᠮᠡᠳᠡᠪᠡ︖》 ᠭᠡᠰᠡᠨ ᠳᠦ᠂ 9 ᠲᠡᠳᠡ᠄ 《ᠪᠣᠰᠴᠠᠭ᠎ᠠ᠂ ᠲᠡᠳᠡᠨ ᠤᠷᠤᠭᠤ ᠳᠣᠪᠲᠣᠯᠵᠠᠭᠠᠶᠠ᠃ ᠪᠢᠳᠡᠨ ᠦ ᠦᠵᠡᠭᠰᠡᠨ ᠲᠡᠷᠡ ᠭᠠᠵᠠᠷ ᠲᠤᠩ ᠰᠠᠢᠬᠠᠨ ᠡ︕ ᠲᠠ ᠨᠠᠷ ᠬᠥᠳᠡᠯᠬᠦ ᠦᠭᠡᠢ ᠪᠠᠢᠵᠤ ᠪᠣᠯᠬᠤ ᠦᠭᠡᠢ᠂ ᠠᠯᠭᠤᠷᠯᠠᠯ ᠦᠭᠡᠢ ᠶᠠᠪᠤᠵᠤ ᠬᠦᠷᠦᠭᠡᠳ ᠲᠡᠷᠡ ᠨᠤᠲᠤᠭ ᠢ ᠡᠵᠡᠮᠰᠢᠶ᠎ᠡ᠃ 10 ᠲᠡᠨᠳᠡ ᠣᠴᠢᠪᠠᠯ ᠲᠠ ᠨᠠᠷ ᠲᠦᠭᠰᠢᠭᠦᠷᠢ ᠦᠭᠡᠢ ᠰᠠᠭᠤᠵᠤ ᠪᠠᠢᠭ᠎ᠠ ᠬᠥᠮᠦᠰ ᠪᠣᠯᠣᠨ ᠠᠭᠤᠳᠠᠮ ᠲᠠᠯ᠎ᠠ ᠶᠢ ᠬᠠᠷᠠᠬᠤ ᠪᠣᠯᠣᠨ᠎ᠠ᠃ ᠪᠤᠷᠬᠠᠨ ᠦᠨᠡᠬᠡᠷ ᠭᠠᠵᠠᠷ ᠳᠡᠭᠡᠷᠡᠬᠢ ᠶᠠᠮᠠᠷ ᠴᠤ ᠡᠳ᠋ ᠶᠠᠭᠤᠮ᠎ᠠ ᠪᠠᠷ ᠳᠤᠲᠠᠭᠳᠠᠬᠤ ᠦᠭᠡᠢ ᠲᠡᠷᠡ ᠨᠤᠲᠤᠭ ᠢ ᠮᠠᠨ ᠤ ᠭᠠᠷ ᠲᠤ ᠥᠭᠭᠥᠭᠰᠡᠨ ᠪᠠᠢᠨ᠎ᠠ︕》 ᠭᠡᠪᠡ᠃
11 ᠢᠩᠭᠢᠭᠡᠳ ᠳ᠋ᠠᠨᠴᠤᠳ ᠤᠨ ᠤᠷᠤᠭ ᠠᠴᠠ ᠵᠢᠷᠭᠤᠭᠠᠨ ᠵᠠᠭᠤᠨ ᠬᠥᠮᠦᠨ ᠵᠡᠪᠰᠡᠭᠯᠡᠵᠦ ᠽᠣᠷᠠ ᠪᠠ ᠡᠱᠲ᠋ᠠᠶᠣᠯ ᠠᠴᠠ ᠮᠣᠷᠳᠠᠪᠠ᠃ 12 ᠲᠡᠳᠡ ᠶᠠᠪᠤᠬᠤ ᠵᠠᠮ ᠳᠠᠭᠠᠨ ᠶᠦᠳᠠ ᠶᠢᠨ ᠺᠢᠷᠢᠶᠠᠲ ᠶᠧᠶᠠᠷᠢᠮ ᠤᠨ ᠣᠢᠷ᠎ᠠ ᠬᠤᠸᠠᠷᠠᠩᠨᠠᠪᠠ᠃ ᠡᠭᠦᠨ ᠦ ᠤᠴᠢᠷ ᠢᠶᠠᠷ ᠲᠡᠷᠡ ᠭᠠᠵᠠᠷ ᠣᠳᠣ ᠪᠣᠯᠲᠠᠯ᠎ᠠ ᠮᠠᠬᠠᠨᠧᠳᠠᠨ 22 ᠭᠡᠵᠦ ᠨᠡᠷᠡᠯᠡᠭᠳᠡᠭᠰᠡᠭᠡᠷ ᠪᠠᠢᠨ᠎ᠠ᠃ ᠲᠡᠷᠡ ᠨᠢ ᠺᠢᠷᠢᠶᠠᠲ ᠶᠧᠶᠠᠷᠢᠮ ᠤᠨ ᠪᠠᠷᠠᠭᠤᠨ ᠲᠠᠯ᠎ᠠ ᠳᠤ ᠪᠤᠢ᠃ 13 ᠲᠡᠳᠡ ᠲᠡᠷᠡᠭᠦᠷ ᠥᠩᠭᠡᠷᠡᠨ᠂ ᠡᠹᠷᠠᠢᠮ ᠤᠨ ᠠᠭᠤᠯᠠᠷᠬᠠᠭ ᠨᠤᠲᠤᠭ ᠲᠤ ᠣᠷᠣᠭᠠᠳ ᠮᠢᠺᠠ ᠶᠢᠨ ᠭᠡᠷ ᠲᠦ ᠬᠦᠷᠪᠡ᠃
14 ᠯᠠᠢᠱ ᠨᠤᠲᠤᠭ ᠢ ᠲᠠᠩᠨᠠᠭᠰᠠᠨ ᠨᠥᠭᠥᠭᠡ ᠲᠠᠪᠤᠨ ᠬᠥᠮᠦᠨ ᠠᠬ᠎ᠠ ᠳᠡᠭᠦᠦᠰ ᠲᠡᠭᠡᠨ᠄ 《ᠡᠨᠡ ᠭᠡᠷ ᠲᠦ ᠡᠹᠣᠳ᠂ ᠭᠡᠷ ᠦᠨ ᠰᠢᠲᠦᠭᠡᠨ ᠨᠦᠭᠦᠳ᠂ ᠰᠡᠢᠯᠦᠮᠡᠯ ᠪᠠ ᠴᠢᠳᠬᠤᠮᠠᠯ ᠰᠢᠲᠦᠭᠡᠨ ᠴᠤ ᠪᠠᠢᠭ᠎ᠠ ᠶᠢ ᠲᠠ ᠨᠠᠷ ᠮᠡᠳᠡᠨ᠎ᠡ ᠪᠢᠵᠡ︖ ᠲᠡᠭᠡᠬᠦᠯᠡᠷ ᠣᠳᠣ ᠲᠠ ᠨᠠᠷ ᠶᠠᠭᠤ ᠦᠢᠯᠡᠳᠬᠦ ᠶᠣᠰᠣᠲᠠᠢ ᠪᠠᠨ ᠮᠡᠳᠡᠭᠡᠷᠡᠢ》 ᠭᠡᠳ 15 ᠲᠡᠰᠢ ᠴᠢᠭᠯᠡᠨ ᠮᠢᠺᠠ ᠶᠢᠨ ᠭᠡᠷ᠂ ᠥᠭᠡᠷ᠎ᠡ ᠪᠡᠷ ᠬᠡᠯᠡᠪᠡᠯ ᠨᠥᠭᠥᠭᠡ ᠵᠠᠯᠠᠭᠤ ᠯᠧᠸᠢ ᠬᠥᠮᠦᠨ ᠦ ᠭᠡᠷ ᠲᠦ ᠣᠴᠢᠵᠤ᠂ ᠲᠡᠭᠦᠨ ᠦ ᠠᠮᠤᠷ ᠮᠡᠨᠳᠦ ᠶᠢ ᠠᠰᠠᠭᠤᠬᠤ ᠳᠤ᠂ 16 ᠨᠥᠭᠥᠭᠡ ᠵᠢᠷᠭᠤᠭᠠᠨ ᠵᠠᠭᠤᠨ ᠳ᠋ᠠᠨ ᠬᠥᠮᠦᠨ ᠵᠡᠪᠰᠡᠭ ᠪᠠᠷᠢᠨ ᠡᠭᠦᠳᠡᠨ ᠳᠦ ᠵᠣᠭᠰᠣᠵᠤ ᠪᠠᠢᠯ᠎ᠠ᠃ 17 ᠲᠠᠬᠢᠯᠴᠢ ᠵᠡᠪᠰᠡᠭ ᠪᠠᠷᠢᠭᠰᠠᠨ ᠵᠢᠷᠭᠤᠭᠠᠨ ᠵᠠᠭᠤᠨ ᠬᠥᠮᠦᠨ ᠲᠡᠢ ᠬᠠᠮᠲᠤ ᠡᠭᠦᠳᠡᠨ ᠳᠦ ᠵᠣᠭᠰᠣᠵᠤ ᠪᠠᠢᠬᠤ ᠵᠠᠭᠤᠷ᠎ᠠ᠂ ᠲᠡᠷᠡ ᠭᠠᠵᠠᠷ ᠢ ᠲᠠᠩᠨᠠᠭᠰᠠᠨ ᠲᠠᠪᠤᠨ ᠬᠥᠮᠦᠨ ᠳᠡᠭᠡᠭᠰᠢ ᠭᠠᠷᠤᠨ ᠳᠤᠭᠠᠩ ᠳᠤ ᠣᠷᠣᠵᠤ ᠰᠡᠢᠯᠦᠮᠡᠯ ᠰᠢᠲᠦᠭᠡᠨ᠂ ᠡᠹᠣᠳ᠂ ᠭᠡᠷ ᠦᠨ ᠰᠢᠲᠦᠭᠡᠨ ᠨᠦᠭᠦᠳ ᠪᠣᠯᠣᠨ ᠴᠢᠳᠬᠤᠮᠠᠯ ᠰᠢᠲᠦᠭᠡᠨ ᠢ ᠨᠢ ᠪᠠᠭᠴᠠᠯᠠᠨ ᠠᠪᠤᠪᠠ᠃ 18 ᠲᠡᠷᠡ ᠬᠥᠮᠦᠰ ᠮᠢᠺᠠ ᠶᠢᠨ ᠳᠤᠭᠠᠩ ᠳᠤ ᠣᠷᠣᠵᠤ᠂ ᠰᠡᠢᠯᠦᠮᠡᠯ ᠰᠢᠲᠦᠭᠡᠨ᠂ ᠡᠹᠣᠳ᠂ ᠭᠡᠷ ᠦᠨ ᠰᠢᠲᠦᠭᠡᠨ ᠨᠦᠭᠦᠳ ᠪᠣᠯᠣᠨ ᠴᠢᠳᠬᠤᠮᠠᠯ ᠰᠢᠲᠦᠭᠡᠨ ᠢ ᠨᠢ ᠬᠤᠷᠢᠶᠠᠨ ᠠᠪᠴᠤ ᠪᠠᠢᠬᠤ ᠳᠤ᠂ ᠲᠠᠬᠢᠯᠴᠢ᠄ 《ᠲᠠ ᠨᠠᠷ ᠶᠠᠭᠤ ᠬᠢᠵᠦ ᠪᠠᠢᠭ᠎ᠠ ᠨᠢ ᠡᠨᠡ ᠪᠤᠢ︖》 ᠭᠡᠰᠡᠨ ᠳᠦ᠂ 19 ᠲᠡᠳᠡ᠄ 《ᠳᠠᠭᠤ ᠦᠭᠡᠢ ᠪᠠᠢ᠂ ᠭᠠᠷ ᠢᠶᠠᠷ ᠢᠶᠠᠨ ᠠᠮᠠ ᠪᠠᠨ ᠲᠠᠭᠯᠠᠭᠠᠳ ᠪᠢᠳᠡᠨ ᠲᠡᠢ ᠬᠠᠮᠲᠤ ᠶᠠᠪᠤᠵᠤ ᠪᠢᠳᠡᠨ ᠦ ᠡᠴᠢᠭᠡ᠂ ᠪᠢᠳᠡᠨ ᠦ ᠲᠠᠬᠢᠯᠴᠢ ᠪᠣᠯᠣᠭᠲᠤᠨ᠃ ᠭᠠᠭᠴᠠ ᠬᠥᠮᠦᠨ ᠦ ᠭᠡᠷ ᠦᠨ ᠲᠠᠬᠢᠯᠴᠢ ᠪᠠᠢᠬᠤ ᠠᠴᠠ ᠢᠰᠷᠧᠯ ᠣᠪᠣᠭ ᠠᠢᠮᠠᠭ ᠤᠨ ᠲᠠᠬᠢᠯᠴᠢ ᠪᠠᠢᠬᠤ ᠨᠢ ᠳᠡᠭᠡᠷ᠎ᠡ ᠪᠢᠰᠢ ᠤᠤ︖》 ᠭᠡᠪᠡ᠃ 20 ᠲᠠᠬᠢᠯᠴᠢ ᠳᠣᠲᠣᠷ᠎ᠠ ᠪᠠᠨ ᠪᠠᠶᠠᠷᠯᠠᠵᠤ᠂ ᠡᠹᠣᠳ᠂ ᠭᠡᠷ ᠦᠨ ᠰᠢᠲᠦᠭᠡᠨ ᠨᠦᠭᠦᠳ᠂ ᠰᠡᠢᠯᠦᠮᠡᠯ ᠰᠢᠲᠦᠭᠡᠨ ᠢ ᠠᠪᠴᠤ᠂ ᠬᠥᠮᠦᠰ ᠦᠨ ᠳᠤᠮᠳᠠ ᠣᠷᠣᠵᠤ ᠶᠠᠪᠤᠯ᠎ᠠ᠃
21 ᠢᠩᠭᠢᠭᠡᠳ ᠲᠡᠳᠡ ᠪᠤᠴᠠᠬᠤ ᠪᠠᠷ ᠪᠠᠭᠠᠴᠤᠳ᠂ ᠮᠠᠯ ᠰᠦᠷᠦᠭ ᠪᠣᠯᠣᠨ ᠡᠳ᠋ ᠬᠥᠷᠥᠩᠭᠡ ᠪᠡᠨ ᠡᠮᠦᠨ᠎ᠡ ᠪᠡᠨ ᠣᠷᠣᠭᠤᠯᠵᠤ᠂ ᠳᠠᠬᠢᠨ ᠠᠶᠠᠨ ᠳᠠᠭᠠᠨ ᠭᠠᠷᠴᠠᠢ᠃ 22 ᠬᠠᠷᠢᠨ ᠲᠡᠳᠡ ᠮᠢᠺᠠ ᠶᠢᠨ ᠭᠡᠷ ᠡᠴᠡ ᠬᠣᠯᠠᠳᠠᠭᠰᠠᠨ ᠤ ᠬᠣᠢᠨ᠎ᠠ ᠮᠢᠺᠠ ᠶᠢᠨ ᠬᠥᠷᠰᠢ ᠠᠢᠯ ᠤᠳ ᠤᠨ ᠡᠷᠡᠴᠦᠳ ᠴᠤᠭᠯᠠᠷᠠᠵᠤ᠂ ᠳ᠋ᠠᠨᠴᠤᠳ ᠢ ᠭᠦᠢᠴᠡᠨ ᠢᠷᠡᠭᠡᠳ 23 ᠲᠡᠳᠡᠨ ᠤᠷᠤᠭᠤ ᠬᠠᠰᠬᠢᠷᠪᠠ᠃ ᠳ᠋ᠠᠨᠴᠤᠳ ᠡᠷᠭᠢᠵᠦ ᠬᠠᠷᠠᠭᠠᠳ ᠮᠢᠺᠠ ᠳᠤ᠄ 《ᠴᠢ ᠡᠳᠡ ᠨᠠᠷ ᠢ ᠳᠠᠭᠤᠳᠠᠵᠤ ᠴᠤᠭᠯᠠᠭᠤᠯᠤᠭᠠᠳ ᠶᠠᠭᠠᠬᠢᠬᠤ ᠭᠡᠵᠦ ᠪᠠᠢᠨ᠎ᠠ︖》 ᠭᠡᠵᠡᠢ᠃ 24 ᠮᠢᠺᠠ᠄ 《ᠲᠠ ᠨᠠᠷ ᠮᠢᠨᠦ ᠪᠦᠲᠦᠭᠡᠭᠰᠡᠨ ᠰᠢᠲᠦᠭᠡᠨ ᠨᠦᠭᠦᠳ᠂ ᠮᠢᠨᠦ ᠲᠠᠬᠢᠯᠴᠢ ᠶᠢ ᠠᠪᠴᠤ ᠶᠠᠪᠤᠴᠢᠬᠠᠭᠠᠳ ᠨᠠᠳᠠ ᠳᠤ ᠶᠠᠭᠤ ᠦᠯᠡᠳᠡᠭᠡᠭᠰᠡᠨ ᠶᠤᠮ ᠪᠤᠢ︖ ᠲᠡᠭᠡᠭᠰᠡᠨ ᠬᠢᠷᠢ ᠨᠢ 〈ᠴᠢ ᠶᠠᠭᠠᠬᠢᠬᠤ ᠭᠡᠵᠦ ᠪᠠᠢᠨ᠎ᠠ︖〉 ᠭᠡᠵᠦ ᠨᠠᠳᠠ ᠳᠤ ᠬᠡᠯᠡᠬᠦ ᠨᠢ ᠤᠤ︖》 ᠭᠡᠰᠡᠨ ᠳᠦ᠂ 25 ᠳ᠋ᠠᠨᠴᠤᠳ᠄ 《ᠳᠠᠭᠤ ᠦᠭᠡᠢ ᠪᠠᠢ᠂ ᠲᠡᠢᠮᠦ ᠪᠢᠰᠢ ᠪᠣᠯ ᠳᠣᠭᠰᠢᠨ ᠵᠠᠩ ᠲᠠᠢ ᠮᠠᠨ ᠤ ᠡᠷᠡᠴᠦᠳ ᠲᠠ ᠨᠠᠷ ᠤᠷᠤᠭᠤ ᠳᠠᠭᠠᠷᠢᠵᠤ ᠠᠮᠢ ᠶᠢ ᠴᠢᠨᠢ᠂ ᠭᠡᠷ ᠦᠨ ᠬᠢᠨ ᠤ ᠴᠢᠨᠢ ᠠᠮᠢ ᠶᠢ ᠴᠤ ᠠᠪᠬᠤ ᠪᠣᠯᠣᠨ᠎ᠠ》 ᠭᠡᠪᠡ᠃ 26 ᠢᠩᠭᠢᠭᠡᠳ ᠳ᠋ᠠᠨ ᠤ ᠬᠥᠪᠡᠭᠦᠳ ᠵᠠᠮ ᠢᠶᠠᠨ ᠬᠥᠭᠡᠭᠡᠨ ᠣᠳᠪᠠ᠃ ᠲᠡᠳᠡᠨ ᠦ ᠥᠪᠡᠷ ᠡᠴᠡ ᠨᠢ ᠬᠦᠴᠦᠲᠡᠢ ᠪᠠᠢᠬᠤ ᠶᠢ ᠮᠢᠺᠠ ᠬᠠᠷᠠᠭᠠᠳ᠂ ᠡᠷᠭᠢᠨ ᠭᠡᠷ ᠥᠭᠡᠳᠡ ᠪᠡᠨ ᠪᠤᠴᠠᠯ᠎ᠠ᠃
27 ᠲᠡᠢᠨ ᠬᠦ ᠳ᠋ᠠᠨᠴᠤᠳ ᠮᠢᠺᠠ ᠶᠢᠨ ᠪᠦᠲᠦᠭᠡᠭᠰᠡᠨ ᠶᠠᠭᠤᠮᠠᠰ ᠪᠣᠯᠣᠨ ᠲᠡᠭᠦᠨ ᠦ ᠲᠠᠬᠢᠯᠴᠢ ᠶᠢ ᠪᠤᠯᠢᠶᠠᠵᠤ ᠠᠪᠤᠭᠠᠳ ᠯᠠᠢᠱ ᠲᠤ ᠬᠦᠷᠴᠦ᠂ ᠲᠡᠨᠳᠡᠬᠢ ᠶᠢᠨ ᠠᠶᠤᠯ ᠦᠭᠡᠢ ᠲᠠᠢᠪᠤᠩ ᠰᠠᠭᠤᠵᠤ ᠪᠤᠢ ᠬᠥᠮᠦᠰ ᠢ ᠳᠠᠭᠠᠷᠢᠨ ᠲᠡᠳᠡᠨ ᠢ ᠢᠯᠳᠦᠨ ᠦ ᠢᠷ ᠢᠶᠠᠷ ᠴᠣᠬᠢᠵᠤ ᠬᠣᠲᠠ ᠶᠢ ᠨᠢ ᠭᠠᠯᠳᠠᠬᠤ ᠳᠤ᠂ 28 ᠲᠡᠳᠡᠨ ᠢ ᠠᠪᠤᠷᠠᠬᠤ ᠬᠥᠮᠦᠨ ᠪᠠᠢᠭᠰᠠᠨ ᠦᠭᠡᠢ᠃ ᠤᠴᠢᠷ ᠨᠢ ᠲᠡᠷᠡ ᠬᠣᠲᠠ ᠪᠤᠰᠤᠳ ᠲᠠᠢ ᠬᠠᠷᠢᠯᠴᠠᠭ᠎ᠠ ᠦᠭᠡᠢ᠂ ᠰᠢᠢᠳᠣᠨ ᠠᠴᠠ ᠴᠤ ᠬᠣᠯᠠ ᠪᠧᠲ ᠷᠧᠬᠣᠪ ᠤᠨ ᠬᠥᠨᠳᠡᠢ ᠳᠦ ᠪᠠᠢᠪᠠ᠃ ᠳ᠋ᠠᠨᠴᠤᠳ ᠬᠣᠲᠠ ᠶᠢ ᠳᠠᠬᠢᠨ ᠰᠡᠷᠭᠦᠭᠡᠨ ᠪᠣᠰᠬᠠᠵᠤ᠂ ᠲᠡᠨᠳᠡ ᠪᠡᠨ ᠰᠠᠭᠤᠷᠢᠰᠢᠭᠰᠠᠨ ᠪᠥᠭᠡᠳ 29 ᠢᠰᠷᠧᠯ ᠤᠨ ᠲᠥᠷᠥᠭᠦᠯᠦᠭᠰᠡᠨ᠂ ᠥᠪᠡᠷᠰᠡᠳ ᠦᠨ ᠡᠴᠢᠭᠡ ᠳ᠋ᠠᠨ ᠤ ᠨᠡᠷ᠎ᠡ ᠪᠡᠷ ᠲᠡᠷᠡ ᠬᠣᠲᠠ ᠶᠢ ᠳ᠋ᠠᠨ ᠭᠡᠵᠦ ᠨᠡᠷᠡᠯᠡᠵᠡᠢ᠃ ᠤᠤᠯ ᠨᠢ ᠲᠡᠷᠡ ᠬᠣᠲᠠ ᠶᠢ ᠯᠠᠢᠱ ᠭᠡᠳᠡᠭ ᠪᠠᠢᠪᠠ᠃ 30 ᠳ᠋ᠠᠨᠴᠤᠳ ᠥᠪᠡᠷᠰᠡᠳ ᠲᠡᠭᠡᠨ ᠵᠣᠷᠢᠭᠤᠯᠤᠨ ᠨᠥᠭᠥᠭᠡ ᠰᠡᠢᠯᠦᠮᠡᠯ ᠰᠢᠲᠦᠭᠡᠨ ᠢ ᠪᠣᠰᠬᠠᠵᠠᠢ᠃ ᠮᠣᠰᠧ ᠶᠢᠨ ᠦᠷ᠎ᠡ ᠤᠳᠤᠮ᠂ ᠭᠧᠷᠱᠣᠮ ᠤᠨ ᠬᠥᠪᠡᠭᠦᠨ ᠶᠣᠨᠠᠲ᠋ᠠᠨ ᠪᠣᠯᠣᠨ ᠲᠡᠭᠦᠨ ᠦ ᠬᠥᠪᠡᠭᠦᠳ ᠨᠤᠲᠤᠭ ᠠᠴᠠ ᠪᠠᠨ ᠴᠥᠯᠡᠭᠳᠡᠬᠦ ᠡᠳᠦᠷ ᠪᠣᠯᠲᠠᠯ᠎ᠠ ᠳ᠋ᠠᠨ ᠣᠪᠣᠭ ᠤᠨ ᠲᠠᠬᠢᠯᠴᠢ ᠶᠢᠨ ᠠᠯᠪᠠ ᠶᠢ ᠭᠦᠢᠴᠡᠳᠬᠡᠪᠡ᠃ 31 ᠲᠡᠢᠨ ᠬᠦ ᠪᠤᠷᠬᠠᠨ ᠤ ᠥᠷᠭᠥᠭᠡ ᠶᠢ ᠱᠢᠯᠣ᠋ ᠳᠤ ᠪᠠᠢᠭᠰᠠᠨ ᠪᠦᠬᠦ ᠬᠤᠭᠤᠴᠠᠭᠠᠨ ᠤ ᠲᠤᠷᠰᠢ ᠲᠡᠳᠡ ᠮᠢᠺᠠ ᠶᠢᠨ ᠪᠦᠲᠦᠭᠡᠭᠰᠡᠨ ᠰᠡᠢᠯᠦᠮᠡᠯ ᠰᠢᠲᠦᠭᠡᠨ ᠢ ᠥᠪᠡᠷᠰᠡᠳ ᠦᠨ ᠢᠶᠠᠨ ᠲᠥᠯᠥᠭᠡ ᠲᠡᠨᠳᠡ ᠪᠡᠨ ᠪᠠᠢᠯᠭᠠᠵᠠᠢ᠃