ᠰᠢᠭᠦᠭᠴᠢᠳ ᠬᠣᠷᠢ
ᠪᠢᠨᠶᠠᠮᠢᠨᠴᠤᠳ ᠯᠤᠭ᠎ᠠ ᠶᠢᠨ ᠳᠠᠢᠨ
1 ᠢᠩᠭᠢᠭᠡᠳ ᠪᠦᠬᠦ ᠢᠰᠷᠧᠯ ᠳ᠋ᠠᠨ ᠠᠴᠠ ᠪᠧᠷᠣᠲ ᠱᠧᠪᠠ ᠬᠦᠷᠲᠡᠯᠡᠬᠢ ᠨᠤᠲᠤᠭ᠂ ᠮᠥᠨ ᠭᠢᠯᠧᠶᠠᠳ᠋ ᠤᠨ ᠨᠤᠲᠤᠭ ᠠᠴᠠ ᠭᠠᠷᠴᠤ ᠢᠷᠡᠭᠡᠳ ᠮᠢᠽᠫᠠ ᠳᠤ ᠶᠣᠬᠣᠸᠠ ᠶᠢᠨ ᠡᠮᠦᠨ᠎ᠡ ᠨᠢᠭᠡ ᠬᠥᠮᠦᠨ ᠮᠡᠲᠦ ᠴᠤᠭᠯᠠᠷᠠᠭᠰᠠᠨ ᠪᠠᠢᠨ᠎ᠠ᠃ 2 ᠢᠰᠷᠧᠯ ᠤᠨ ᠣᠪᠣᠭ ᠪᠦᠷᠢ ᠶᠢᠨ ᠤᠳᠤᠷᠢᠳᠤᠭᠴᠢᠳ ᠪᠤᠷᠬᠠᠨ ᠤ ᠠᠷᠠᠳ ᠲᠦᠮᠡᠨ ᠦ ᠡᠨᠡ ᠬᠤᠷᠠᠯ ᠳᠤ ᠣᠷᠣᠯᠴᠠᠪᠠ᠃ ᠢᠯᠳᠦ ᠠᠭᠰᠠᠭᠰᠠᠨ ᠳᠥᠴᠢᠨ ᠲᠦᠮᠡᠨ ᠶᠠᠪᠠᠭᠠᠨ ᠴᠡᠷᠢᠭ ᠴᠤ ᠲᠡᠨᠳᠡ ᠪᠠᠢᠯ᠎ᠠ᠃ 3 ᠢᠰᠷᠧᠯᠴᠦᠳ ᠦᠨ ᠮᠢᠽᠫᠠ ᠳᠤ ᠬᠦᠷᠴᠦ ᠢᠷᠡᠭᠰᠡᠨ ᠨᠢ ᠪᠢᠨᠶᠠᠮᠢᠨᠴᠤᠳ ᠤᠨ ᠰᠣᠨᠣᠷ ᠲᠤ ᠬᠦᠷᠴᠡᠢ᠃ ᠢᠰᠷᠧᠯᠴᠦᠳ᠄ 《ᠡᠨᠡ ᠪᠤᠵᠠᠷ ᠬᠡᠷᠡᠭ ᠬᠡᠷᠬᠢᠨ ᠡᠭᠦᠰᠦᠭᠰᠡᠨ ᠢ ᠪᠢᠳᠡᠨ ᠳᠦ ᠥᠴᠢᠭᠲᠦᠨ》 ᠭᠡᠬᠦ ᠳᠦ᠂ 4 ᠨᠥᠭᠥᠭᠡ ᠯᠧᠸᠢ ᠬᠥᠮᠦᠨ᠂ ᠲᠤᠬᠠᠢᠯᠠᠪᠠᠯ ᠠᠯᠠᠭᠳᠠᠭᠰᠠᠨ ᠡᠮᠡᠭᠲᠡᠢ ᠶᠢᠨ ᠨᠥᠬᠥᠷ ᠬᠠᠷᠢᠭᠤ ᠳᠤᠨᠢ᠄ 《ᠪᠢ ᠲᠠᠲᠠᠪᠤᠷᠢ ᠡᠮ᠎ᠡ ᠲᠠᠢ ᠪᠠᠨ ᠪᠢᠨᠶᠠᠮᠢᠨ ᠤ ᠬᠠᠷᠢᠶ᠎ᠠ ᠭᠢᠪᠧᠶ᠎ᠠ ᠳᠤ ᠣᠴᠢᠵᠤ ᠲᠡᠨᠳᠡ ᠰᠥᠨᠢ ᠶᠢ ᠥᠩᠭᠡᠷᠡᠭᠡᠬᠦ ᠭᠡᠰᠡᠨ ᠪᠢᠯᠡ᠃ 5 ᠭᠡᠲᠡᠯ᠎ᠡ ᠭᠢᠪᠧᠶ᠎ᠠ ᠶᠢᠨ ᠢᠷᠭᠡᠳ ᠮᠢᠨᠦ ᠡᠰᠡᠷᠭᠦ ᠪᠣᠰᠴᠠᠭᠠᠵᠤ᠂ ᠰᠥᠨᠢ ᠪᠠᠷ ᠮᠢᠨᠦ ᠪᠠᠭᠤᠭᠰᠠᠨ ᠪᠠᠢᠰᠢᠩ ᠢ ᠪᠦᠰᠡᠯᠡᠵᠡᠢ᠃ ᠲᠡᠳᠡ ᠨᠠᠮᠠᠶᠢ ᠠᠯᠠᠬᠤ ᠪᠠᠷ ᠰᠠᠨᠠᠭᠠᠷᠬᠠᠭᠰᠠᠨ ᠪᠥᠭᠡᠳ ᠣᠷᠣᠨ ᠳᠤᠨᠢ ᠮᠢᠨᠦ ᠲᠠᠲᠠᠪᠤᠷᠢ ᠡᠮ᠎ᠡ ᠶᠢ ᠬᠦᠴᠦᠷᠬᠡᠭᠯᠡᠭᠰᠡᠨ ᠢᠶᠡᠷ ᠲᠡᠷᠡ ᠦᠬᠦᠭᠰᠡᠨ᠃ 6 ᠢᠩᠭᠢᠭᠡᠳ ᠪᠢ ᠲᠠᠲᠠᠪᠤᠷᠢ ᠡᠮ᠎ᠡ ᠪᠡᠨ ᠲᠤᠶᠠᠴᠢᠵᠤ᠂ ᠢᠰᠷᠧᠯ ᠤᠨ ᠥᠪᠯᠡᠭᠰᠡᠨ ᠪᠦᠬᠦ ᠭᠠᠵᠠᠷ ᠢᠶᠠᠷ ᠶᠠᠪᠤᠭᠤᠯᠤᠭᠰᠠᠨ ᠨᠢ ᠪᠢᠨᠶᠠᠮᠢᠨᠴᠤᠳ ᠢᠰᠷᠧᠯ ᠤᠨ ᠳᠤᠮᠳᠠ ᠡᠢᠮᠦ ᠪᠤᠵᠠᠷ ᠬᠡᠷᠡᠭ ᠢ ᠦᠢᠯᠡᠳᠦᠭᠰᠡᠨ ᠦ ᠤᠴᠢᠷ ᠢᠶᠠᠷ ᠶᠤᠮ᠃ 7 ᠪᠦᠬᠦ ᠢᠰᠷᠧᠯᠴᠦᠳ ᠲᠠ ᠨᠠᠷ ᠡ᠊ᠨᠳᠡ ᠬᠡᠯᠡᠯᠴᠡᠵᠦ ᠰᠢᠢᠳᠪᠦᠷᠢᠯᠡᠭᠡᠴᠢ》 ᠭᠡᠪᠡ᠃
8 ᠲᠡᠭᠡᠲᠡᠯ᠎ᠡ ᠪᠦᠬᠦ ᠠᠷᠠᠳ ᠲᠦᠮᠡᠨ ᠨᠢᠭᠡ ᠬᠥᠮᠦᠨ ᠮᠡᠲᠦ ᠪᠣᠰᠴᠤ᠄ 《ᠪᠢᠳᠡᠨ ᠦ ᠬᠡᠨ ᠨᠢ ᠴᠤ ᠭᠡᠷ ᠤᠷᠤᠭᠤ ᠪᠠᠨ ᠶᠠᠪᠤᠬᠤ ᠦᠭᠡᠢ᠂ ᠪᠢᠳᠡᠨ ᠦ ᠬᠡᠨ ᠨᠢ ᠴᠤ ᠣᠷᠣᠨ ᠰᠠᠭᠤᠴᠠ ᠳᠠᠭᠠᠨ ᠪᠤᠴᠠᠬᠤ ᠦᠭᠡᠢ᠃ 9 ᠣᠳᠣ ᠪᠢᠳᠡ ᠭᠢᠪᠧᠶᠠᠴᠤᠳ ᠲᠤ ᠢᠩᠭᠢᠵᠦ ᠬᠢᠶ᠎ᠡ᠂ ᠰᠢᠪᠠᠭ᠎ᠠ ᠪᠠᠭᠤᠭᠰᠠᠨ ᠶᠣᠰᠣᠭᠠᠷ ᠪᠢᠳᠡ ᠲᠡᠳᠡᠨ ᠦ ᠡᠰᠡᠷᠭᠦ ᠮᠣᠷᠳᠠᠨ᠎ᠠ᠃ 10 ᠪᠢᠳᠡ ᠢᠰᠷᠧᠯ ᠣᠪᠣᠭ ᠪᠣᠯᠭᠠᠨ ᠤ ᠵᠠᠭᠤᠨ ᠬᠥᠮᠦᠨ ᠪᠦᠷᠢ ᠡᠴᠡ ᠠᠷᠪᠠᠨ ᠬᠥᠮᠦᠨ᠂ ᠮᠢᠩ᠋ᠭᠠᠨ ᠬᠥᠮᠦᠨ ᠪᠦᠷᠢ ᠡᠴᠡ ᠵᠠᠭᠤᠨ ᠬᠥᠮᠦᠨ᠂ ᠲᠦᠮᠡᠨ ᠬᠥᠮᠦᠨ ᠪᠦᠷᠢ ᠡᠴᠡ ᠮᠢᠩ᠋ᠭᠠᠨ ᠬᠥᠮᠦᠨ ᠢ ᠰᠢᠯᠢᠵᠦ ᠠᠪᠤᠭᠠᠳ ᠲᠡᠳᠡᠨ ᠢᠶᠡᠷ ᠴᠡᠷᠢᠭ ᠤᠨ ᠬᠦᠨᠡᠰᠦ ᠶᠢ ᠬᠠᠷᠢᠭᠤᠴᠠᠭᠤᠯᠤᠶᠠ᠃ ᠲᠡᠭᠡᠪᠡᠯ ᠴᠡᠷᠢᠭ ᠤᠳ ᠪᠢᠨᠶᠠᠮᠢᠨ ᠤ ᠭᠢᠪᠧᠶ᠎ᠠ ᠳᠤ ᠣᠴᠢᠵᠤ ᠲᠡᠳᠡᠨ ᠦ ᠢᠰᠷᠧᠯ ᠤᠨ ᠳᠤᠮᠳᠠ ᠦᠢᠯᠡᠳᠦᠭᠰᠡᠨ ᠠᠯᠢᠪᠠ ᠪᠤᠵᠠᠷ ᠶᠠᠪᠤᠳᠠᠯ ᠢ ᠰᠢᠳᠬᠡᠬᠦ ᠪᠣᠯᠣᠨ᠎ᠠ》 ᠭᠡᠪᠡ᠃ 11 ᠡᠢᠨ ᠬᠦ ᠢᠰᠷᠧᠯ ᠤᠨ ᠪᠦᠬᠦ ᠴᠡᠷᠢᠭ ᠲᠡᠷᠡ ᠬᠣᠲᠠ ᠶᠢ ᠴᠣᠬᠢᠬᠤ ᠶᠢᠨ ᠲᠤᠯᠠᠳᠠ ᠨᠢᠭᠡ ᠬᠥᠮᠦᠨ ᠮᠡᠲᠦ ᠨᠢᠭᠡᠳᠦᠨ ᠴᠤᠭᠯᠠᠷᠠᠭᠰᠠᠨ ᠪᠠᠢᠪᠠ᠃
12 ᠢᠰᠷᠧᠯ ᠤᠨ ᠣᠪᠣᠭ ᠤᠳ ᠪᠢᠨᠶᠠᠮᠢᠨ ᠣᠪᠣᠭ ᠳᠠᠶᠠᠭᠠᠷ ᠬᠥᠮᠦᠨ ᠢᠯᠡᠭᠡᠵᠦ᠄ 《ᠲᠠᠨ ᠤ ᠲᠡᠨᠳᠡ ᠶᠠᠮᠠᠷ ᠪᠤᠵᠠᠷ ᠮᠠᠭᠤ ᠶᠠᠪᠤᠳᠠᠯ ᠪᠣᠯᠪᠠ︖ 13 ᠣᠳᠣ ᠭᠢᠪᠧᠶ᠎ᠠ ᠳᠠᠬᠢ ᠲᠡᠳᠡᠭᠡᠷ ᠪᠦᠲᠦᠯ ᠦᠭᠡᠢ ᠡᠲᠡᠭᠡᠳ ᠢ ᠭᠠᠷᠭᠠᠵᠤ ᠥᠭᠭᠥᠭᠲᠦᠨ᠃ ᠪᠢᠳᠡ ᠲᠡᠳᠡᠨ ᠢ ᠴᠠᠭᠠᠵᠠᠯᠠᠵᠤ ᠢᠰᠷᠧᠯ ᠡᠴᠡ ᠡᠨᠡ ᠮᠠᠭᠤᠬᠠᠢ ᠶᠠᠪᠤᠳᠠᠯ ᠢ ᠤᠰᠠᠳᠬᠠᠶ᠎ᠠ》 ᠭᠡᠵᠦ ᠬᠡᠯᠡᠭᠦᠯᠦᠭᠰᠡᠨ ᠪᠣᠯᠪᠠᠴᠤ ᠪᠢᠨᠶᠠᠮᠢᠨᠴᠤᠳ ᠠᠬ᠎ᠠ ᠳᠡᠭᠦᠦᠰ ᠢᠰᠷᠧᠯᠴᠦᠳ ᠦᠨ ᠬᠢ ᠶᠢ ᠰᠣᠨᠣᠰᠬᠤ ᠳᠤᠷ᠎ᠠ ᠦᠭᠡᠢ᠂ 14 ᠬᠠᠷᠢᠨ ᠢᠰᠷᠧᠯᠴᠦᠳ ᠲᠡᠢ ᠳᠠᠢᠲᠤᠬᠤ ᠪᠠᠷ ᠬᠣᠲᠠ ᠲᠣᠰᠬᠣᠳ ᠠᠴᠠ ᠪᠠᠨ ᠭᠠᠷᠴᠤ ᠭᠢᠪᠧᠶ᠎ᠠ ᠳᠤ ᠴᠤᠭᠯᠠᠷᠠᠪᠠ᠃ 15 ᠲᠡᠷᠡ ᠡᠳᠦᠷ ᠬᠣᠲᠠ ᠲᠣᠰᠬᠣᠨ ᠪᠦᠷᠢ ᠡᠴᠡ ᠴᠤᠭᠯᠠᠷᠠᠭᠰᠠᠨ ᠪᠢᠨᠶᠠᠮᠢᠨᠴᠤᠳ ᠢ ᠲᠣᠭᠠᠯᠠᠬᠤ ᠳᠤ᠂ ᠭᠢᠪᠧᠶ᠎ᠠ ᠶᠢᠨ ᠰᠠᠭᠤᠭᠠᠯᠢᠴᠢᠳ ᠠᠴᠠ ᠰᠢᠯᠢᠭᠰᠡᠨ ᠳᠣᠯᠣᠭᠠᠨ ᠵᠠᠭᠤᠨ ᠬᠥᠮᠦᠨ ᠡᠴᠡ ᠭᠠᠳᠠᠨ᠎ᠠ ᠢᠯᠳᠦ ᠠᠭᠰᠠᠭᠰᠠᠨ ᠬᠣᠶᠠᠷ ᠲᠦᠮᠡ ᠵᠢᠷᠭᠤᠭᠠᠨ ᠮᠢᠩ᠋ᠭᠠᠨ ᠬᠥᠮᠦᠨ ᠪᠠᠢᠵᠠᠢ᠃ 16 ᠲᠡᠳᠡᠭᠡᠷ ᠬᠥᠮᠦᠰ ᠦᠨ ᠳᠣᠲᠣᠷ᠎ᠠ ᠰᠢᠯᠢᠳᠡᠭ ᠳᠣᠯᠣᠭᠠᠨ ᠵᠠᠭᠤᠨ ᠰᠣᠯᠣᠭᠠᠢ ᠬᠥᠮᠦᠨ ᠪᠠᠢᠭᠰᠠᠨ ᠪᠠ ᠲᠡᠳᠡ ᠪᠦᠭᠦᠳᠡᠭᠡᠷ ᠢᠶᠡᠨ ᠰᠢᠷᠬᠡᠭ ᠦᠰᠦ ᠶᠢ ᠴᠤ ᠴᠢᠯᠠᠭᠤ ᠪᠠᠷ ᠠᠯᠳᠠᠯ ᠦᠭᠡᠢ ᠳᠦᠦᠭᠡᠦᠷᠳᠡᠵᠦ ᠴᠢᠳᠠᠳᠠᠭ ᠪᠠᠢᠯ᠎ᠠ᠃ 17 ᠪᠤᠰᠤᠳ ᠢᠰᠷᠧᠯᠴᠦᠳ ᠢ ᠲᠣᠭᠠᠯᠠᠬᠤ ᠳᠤ᠂ ᠢᠯᠳᠦ ᠠᠭᠰᠠᠭᠰᠠᠨ ᠳᠥᠴᠢᠨ ᠲᠦᠮᠡᠨ ᠬᠥᠮᠦᠨ ᠪᠠᠢᠭᠰᠠᠨ ᠪᠥᠭᠡᠳ ᠲᠡᠳᠡ ᠪᠦᠭᠦᠳᠡᠭᠡᠷ ᠳᠠᠢᠴᠢᠨ ᠬᠥᠮᠦᠰ ᠪᠠᠢᠪᠠ᠃
18 ᠢᠰᠷᠧᠯᠴᠦᠳ ᠪᠧᠲ᠋ᠧᠯ ᠥᠭᠡᠳᠡ ᠣᠴᠢᠨ᠂ ᠪᠤᠷᠬᠠᠨ ᠠᠴᠠ ᠠᠰᠠᠭᠤᠪᠠ᠃ ᠲᠡᠳᠡ᠄ 《ᠪᠢᠨᠶᠠᠮᠢᠨ ᠲᠠᠢ ᠲᠤᠯᠤᠯᠳᠤᠬᠤ ᠳᠤ ᠪᠢᠳᠡᠨ ᠦ ᠬᠡᠨ ᠨᠢ ᠲᠦᠷᠦᠭᠦᠯᠡᠵᠦ ᠶᠠᠪᠤᠬᠤ ᠪᠤᠢ︖》 ᠭᠡᠰᠡᠨ ᠳᠦ᠂ ᠶᠣᠬᠣᠸᠠ᠄ 《ᠶᠦᠳᠠ ᠲᠦᠷᠦᠭᠦᠯᠡᠨ᠎ᠡ》 ᠭᠡᠵᠦ ᠠᠢᠯᠠᠳᠪᠠ᠃
19 ᠢᠰᠷᠧᠯᠴᠦᠳ ᠥᠷᠯᠥᠭᠡ ᠪᠣᠰᠴᠤ᠂ ᠭᠢᠪᠧᠶ᠎ᠠ ᠶᠢᠨ ᠬᠠᠷᠠᠯᠳᠤᠭ᠎ᠠ ᠬᠤᠸᠠᠷᠠᠩᠨᠠᠪᠠ᠃ 20 ᠢᠰᠷᠧᠯ ᠡᠷᠡᠴᠦᠳ ᠪᠠᠢᠯᠳᠤᠭᠠᠨ ᠤ ᠵᠢᠭᠰᠠᠭᠠᠯ ᠪᠡᠯᠡᠳᠦᠭᠡᠳ ᠭᠢᠪᠧᠶ᠎ᠠ ᠳᠤ ᠪᠢᠨᠶᠠᠮᠢᠨ ᠲᠠᠢ ᠪᠠᠢᠯᠳᠤᠬᠤ ᠭᠡᠵᠦ ᠪᠠᠢᠲᠠᠯ᠎ᠠ᠂ 21 ᠪᠢᠨᠶᠠᠮᠢᠨᠴᠤᠳ ᠭᠢᠪᠧᠶ᠎ᠠ ᠠᠴᠠ ᠭᠠᠷᠴᠤ ᠢᠷᠡᠭᠡᠳ ᠲᠡᠷᠡ ᠡᠳᠦᠷ ᠲᠡᠭᠡᠨ ᠢᠰᠷᠧᠯ ᠤᠨ ᠬᠣᠶᠠᠷ ᠲᠦᠮᠡ ᠬᠣᠶᠠᠷ ᠮᠢᠩ᠋ᠭᠠᠨ ᠬᠥᠮᠦᠨ ᠢ ᠭᠠᠵᠠᠷ ᠲᠤ ᠤᠨᠠᠭᠠᠪᠠ᠃ 22 ᠬᠠᠷᠢᠨ ᠢᠰᠷᠧᠯ ᠤᠨ ᠡᠷᠡᠴᠦᠳ ᠪᠡᠶ᠎ᠡ ᠪᠡᠶ᠎ᠡ ᠪᠡᠨ ᠵᠣᠷᠢᠭᠵᠢᠭᠤᠯᠤᠨ᠂ ᠡᠬᠢᠨ ᠤ ᠡᠳᠦᠷ ᠦᠨ ᠵᠢᠭᠰᠠᠭᠠᠯ ᠪᠡᠯᠡᠳᠦᠭᠰᠡᠨ ᠭᠠᠵᠠᠷ ᠲᠠᠭᠠᠨ ᠳᠠᠬᠢᠨ ᠪᠠᠢᠯᠳᠤᠭᠠᠨ ᠤ ᠵᠢᠭᠰᠠᠭᠠᠯ ᠪᠡᠯᠡᠳᠪᠡ᠃ 23 ᠢᠰᠷᠧᠯᠴᠦᠳ ᠶᠣᠬᠣᠸᠠ ᠶᠢᠨ ᠡᠮᠦᠨ᠎ᠡ ᠥᠭᠰᠥᠨ ᠣᠴᠢᠵᠤ᠂ ᠦᠳᠡᠰᠢ ᠪᠣᠯᠲᠠᠯ᠎ᠠ ᠤᠬᠢᠯᠠᠯᠳᠤᠭᠰᠠᠭᠠᠷ ᠶᠣᠬᠣᠸᠠ ᠠᠴᠠ᠄ 《ᠪᠢᠳᠡ ᠳᠠᠬᠢᠨ ᠶᠠᠪᠤᠵᠤ ᠳᠡᠭᠦᠦ ᠪᠢᠨᠶᠠᠮᠢᠨᠴᠤᠳ ᠲᠠᠢ ᠪᠠᠨ ᠲᠤᠯᠤᠯᠳᠤᠬᠤ ᠤᠤ︖》 ᠭᠡᠵᠦ ᠠᠰᠠᠭᠤᠬᠤ ᠳᠤ᠂ ᠶᠣᠬᠣᠸᠠ᠄ 《ᠶᠠᠪᠤᠵᠤ ᠳᠠᠢᠲᠤ》 ᠭᠡᠰᠡᠨ ᠠᠵᠢ᠃
24 ᠬᠣᠶᠠᠳᠠᠬᠢ ᠡᠳᠦᠷ ᠨᠢ ᠢᠰᠷᠧᠯᠴᠦᠳ ᠪᠢᠨᠶᠠᠮᠢᠨᠴᠤᠳ ᠲᠤ ᠣᠢᠷᠠᠲᠤᠨ ᠣᠴᠢᠬᠤ ᠳᠤ᠂ 25 ᠪᠢᠨᠶᠠᠮᠢᠨᠴᠤᠳ ᠴᠤ ᠲᠡᠷᠡ ᠡᠳᠦᠷ ᠲᠡᠳᠡᠨ ᠲᠡᠢ ᠳᠠᠢᠲᠤᠬᠤ ᠪᠠᠷ ᠭᠢᠪᠧᠶ᠎ᠠ ᠠᠴᠠ ᠭᠠᠷᠴᠤ ᠢᠷᠡᠭᠡᠳ ᠢᠰᠷᠧᠯᠴᠦᠳ ᠡᠴᠡ ᠳᠠᠬᠢᠨᠲᠠ ᠲᠦᠮᠡ ᠨᠠᠢ᠌ᠮᠠᠨ ᠮᠢᠩ᠋ᠭᠠᠨ ᠬᠥᠮᠦᠨ ᠢ ᠭᠠᠵᠠᠷ ᠲᠤ ᠤᠨᠠᠭᠠᠭᠰᠠᠨ ᠪᠥᠭᠡᠳ ᠲᠡᠳᠡᠭᠡᠷ ᠦᠷᠡᠭᠳᠡᠭᠴᠢ ᠨᠢ ᠪᠦᠭᠦᠳᠡ ᠢᠯᠳᠦ ᠠᠭᠰᠠᠭᠴᠢ ᠪᠠᠢᠯ᠎ᠠ᠃ 26 ᠢᠰᠷᠧᠯᠴᠦᠳ ᠦᠨ ᠪᠦᠬᠦ ᠴᠡᠷᠢᠭ ᠪᠧᠲ᠋ᠧᠯ ᠥᠭᠡᠳᠡ ᠣᠴᠢᠵᠤ ᠶᠣᠬᠣᠸᠠ ᠶᠢᠨ ᠡᠮᠦᠨ᠎ᠡ ᠤᠬᠢᠯᠠᠯᠳᠤᠨ ᠰᠠᠭᠤᠭᠰᠠᠭᠠᠷ ᠦᠳᠡᠰᠢ ᠪᠣᠯᠲᠠᠯ᠎ᠠ ᠪᠠᠴᠠᠭ ᠪᠠᠷᠢᠨ ᠶᠣᠬᠣᠸᠠ ᠳᠤ ᠰᠢᠲᠠᠭᠠᠯᠭᠠᠲᠤ ᠪᠣᠯᠣᠨ ᠡᠪ ᠦᠨ ᠲᠠᠬᠢᠯ ᠤᠳ ᠡᠷᠭᠦᠵᠦ᠂ 27 ᠶᠣᠬᠣᠸᠠ ᠠᠴᠠ ᠠᠰᠠᠭᠤᠪᠠ᠃ ᠲᠤᠬᠠᠢ ᠶᠢᠨ ᠦᠶ᠎ᠡ ᠳᠦ ᠪᠤᠷᠬᠠᠨ ᠤ ᠭᠡᠷ᠎ᠡ ᠶᠢᠨ ᠠᠪᠳᠠᠷ᠎ᠠ ᠪᠧᠲ᠋ᠧᠯ ᠳᠤ ᠪᠠᠢᠭᠰᠠᠨ ᠪᠥᠭᠡᠳ 28 ᠠᠷᠣᠨ ᠤ ᠠᠴᠢ᠂ ᠡᠯᠧᠶᠠᠽᠠᠷ ᠤᠨ ᠬᠥᠪᠡᠭᠦᠨ ᠹᠢᠨᠧᠬᠠᠰ ᠠᠪᠳᠠᠷ᠎ᠠ ᠶᠢᠨ ᠡᠮᠦᠨ᠎ᠡ ᠦᠢᠯᠡᠴᠢᠯᠡᠵᠦ ᠪᠠᠢᠪᠠ᠃ ᠲᠡᠳᠡ᠄ 《ᠳᠠᠬᠢᠨ ᠨᠢᠭᠡ ᠤᠳᠠᠭ᠎ᠠ ᠳᠡᠭᠦᠦ ᠪᠢᠨᠶᠠᠮᠢᠨ ᠲᠠᠢ ᠪᠠᠨ ᠲᠤᠯᠤᠯᠳᠤᠬᠤ ᠪᠠᠷ ᠮᠣᠷᠳᠠᠬᠤ ᠤᠤ᠂ ᠪᠣᠯᠢᠬᠤ ᠤᠤ︖》 ᠭᠡᠬᠦ ᠳᠦ᠂ ᠶᠣᠬᠣᠸᠠ᠄ 《ᠶᠠᠪᠤ᠂ ᠮᠠᠷᠭᠠᠰᠢ ᠪᠢ ᠲᠡᠭᠦᠨ ᠢ ᠲᠠ ᠨᠠᠷ ᠤᠨ ᠭᠠᠷ ᠲᠤ ᠲᠤᠰᠢᠶᠠᠬᠤ ᠪᠣᠯᠣᠨ᠎ᠠ》 ᠭᠡᠵᠦ ᠠᠢᠯᠠᠳᠪᠠ᠃
29 ᠢᠰᠷᠧᠯ ᠭᠢᠪᠧᠶ᠎ᠠ ᠶᠢᠨ ᠡᠷᠭᠢᠨ ᠲᠣᠭᠣᠷᠢᠨ ᠳᠤ ᠴᠡᠷᠢᠭ ᠪᠦᠭᠬᠦᠭᠦᠯᠪᠡ᠃ 30 ᠭᠤᠷᠪᠠᠳᠠᠬᠢ ᠡᠳᠦᠷ ᠨᠢ ᠢᠰᠷᠧᠯᠴᠦᠳ ᠪᠢᠨᠶᠠᠮᠢᠨᠴᠤᠳ ᠲᠠᠢ ᠳᠠᠢᠲᠤᠬᠤ ᠪᠠᠷ ᠶᠠᠪᠤᠵᠤ᠂ ᠡᠮᠦᠨᠡᠬᠢ ᠲᠠᠢ ᠪᠠᠨ ᠠᠳᠠᠯᠢ ᠭᠢᠪᠧᠶ᠎ᠠ ᠶᠢᠨ ᠬᠠᠷᠠᠯᠳᠤᠭ᠎ᠠ ᠵᠢᠭᠰᠠᠭᠠᠯ ᠪᠡᠯᠡᠳᠪᠡ᠃ 31 ᠪᠢᠨᠶᠠᠮᠢᠨᠴᠤᠳ ᠭᠠᠷᠴᠤ ᠢᠷᠡᠭᠡᠳ ᠲᠡᠳᠡᠨ ᠲᠡᠢ ᠲᠡᠮᠡᠴᠡᠯᠳᠦᠬᠦ ᠳᠡᠭᠡᠨ ᠥᠭᠡᠰᠢᠨ ᠳᠤ ᠣᠷᠣᠵᠤ ᠬᠣᠲᠠ ᠠᠴᠠ ᠪᠠᠨ ᠬᠣᠯᠠᠳᠠᠪᠠ᠃ ᠲᠡᠳᠡ ᠵᠠᠳᠠᠭᠠᠢ ᠲᠠᠯ᠎ᠠ ᠳᠤ᠂ ᠪᠧᠲ᠋ᠧᠯ ᠬᠦᠷᠬᠦ ᠵᠠᠮ ᠪᠣᠯᠣᠨ ᠭᠢᠪᠧᠶ᠎ᠠ ᠬᠦᠷᠬᠦ ᠵᠠᠮ ᠳᠡᠭᠡᠷ᠎ᠡ ᠡᠮᠦᠨᠡᠬᠢ ᠲᠠᠢ ᠪᠠᠨ ᠠᠳᠠᠯᠢ ᠪᠠᠷ ᠢᠰᠷᠧᠯᠴᠦᠳ ᠢ ᠴᠣᠬᠢᠵᠤ ᠡᠬᠢᠯᠡᠨ ᠲᠡᠳᠡᠨ ᠦ ᠭᠤᠴᠢᠭᠠᠳ ᠬᠥᠮᠦᠨ ᠢ ᠤᠨᠠᠭᠠᠪᠠ᠃ 32 ᠪᠢᠨᠶᠠᠮᠢᠨᠴᠤᠳ 《ᠲᠡᠳᠡ ᠤᠷᠢᠳᠤ ᠶᠢᠨ ᠠᠳᠠᠯᠢ ᠪᠢᠳᠡᠨ ᠦ ᠡᠮᠦᠨ᠎ᠡ ᠴᠣᠬᠢᠭᠳᠠᠵᠤ ᠪᠠᠢᠨ᠎ᠠ》 ᠭᠡᠵᠦ ᠪᠣᠳᠣᠭᠰᠠᠨ ᠪᠣᠯ᠂ ᠢᠰᠷᠧᠯᠴᠦᠳ᠄ 《ᠵᠢᠭᠤᠲᠠᠨ ᠶᠠᠪᠤᠵᠤ ᠲᠡᠳᠡᠨ ᠢ ᠬᠣᠲᠠ ᠠᠴᠠ ᠨᠢ ᠵᠠᠮ ᠤᠷᠤᠭᠤ ᠭᠠᠷᠭᠠᠶ᠎ᠠ》 ᠭᠡᠵᠡᠭᠡᠵᠦ ᠪᠠᠢᠯ᠎ᠠ᠃ 33 ᠢᠰᠷᠧᠯ ᠤᠨ ᠭᠣᠣᠯ ᠬᠦᠴᠦᠨ ᠪᠠᠯ ᠲᠠᠮᠠᠷ ᠲᠤ ᠬᠦᠷᠦᠭᠡᠳ ᠡᠷᠭᠢᠵᠦ ᠪᠠᠢᠯᠳᠤᠭᠠᠨ ᠤ ᠵᠢᠭᠰᠠᠭᠠᠯ ᠪᠡᠯᠡᠳᠬᠦ ᠳᠦ᠂ ᠢᠰᠷᠧᠯ ᠤᠨ ᠪᠦᠭᠬᠦᠭᠴᠢᠳ ᠴᠤ ᠭᠢᠪᠧᠶ᠎ᠠ ᠶᠢᠨ ᠪᠠᠷᠠᠭᠤᠨ ᠲᠠᠯ᠎ᠠ ᠳᠠᠬᠢ ᠨᠢᠭᠤᠪᠴᠢ ᠡᠴᠡ ᠪᠡᠨ ᠵᠡᠷᠭᠡ ᠪᠡᠷ ᠭᠠᠷᠴᠤ ᠢᠷᠡᠪᠡ᠃ 34 ᠪᠦᠬᠦ ᠢᠰᠷᠧᠯ ᠡᠴᠡ ᠰᠢᠯᠢᠭᠳᠡᠭᠰᠡᠨ ᠲᠦᠮᠡᠨ ᠡᠷ᠎ᠡ ᠭᠢᠪᠧᠶ᠎ᠠ ᠶᠢᠨ ᠥᠭᠡᠳᠡ ᠡᠴᠡ ᠢᠷᠡᠵᠦ ᠲᠤᠯᠤᠯᠳᠤᠭᠠᠨ ᠰᠢᠷᠦᠭᠦᠰᠬᠦ ᠳᠦ᠂ ᠪᠢᠨᠶᠠᠮᠢᠨ ᠠᠶᠤᠯ ᠭᠠᠮᠰᠢᠭ ᠲᠤᠯᠵᠤ ᠢᠷᠡᠭᠰᠡᠨ ᠢ ᠮᠡᠳᠡᠭᠰᠡᠨ ᠦᠭᠡᠢ᠃
35 ᠶᠣᠬᠣᠸᠠ ᠢᠰᠷᠧᠯ ᠤᠨ ᠡᠮᠦᠨ᠎ᠡ ᠪᠢᠨᠶᠠᠮᠢᠨ ᠢ ᠴᠣᠬᠢᠭᠰᠠᠨ ᠳᠤ᠂ ᠲᠡᠷᠡ ᠡᠳᠦᠷ ᠢᠰᠷᠧᠯᠴᠦᠳ ᠪᠢᠨᠶᠠᠮᠢᠨ ᠤ ᠬᠣᠶᠠᠷ ᠲᠦᠮᠡ ᠲᠠᠪᠤᠨ ᠮᠢᠩ᠋ᠭ᠎ᠠ ᠨᠢᠭᠡ ᠵᠠᠭᠤᠨ ᠢᠯᠳᠦ ᠠᠭᠰᠠᠭᠴᠢ ᠶᠢ ᠰᠥᠨᠥᠭᠡᠭᠰᠡᠨ ᠪᠠᠢᠨ᠎ᠠ᠃
36 ᠲᠡᠭᠡᠬᠦ ᠳᠦ ᠪᠢᠨᠶᠠᠮᠢᠨᠴᠤᠳ ᠢᠯᠠᠭᠳᠠᠭᠰᠠᠨ ᠢᠶᠠᠨ ᠤᠬᠠᠭᠠᠷᠠᠪᠠ᠃
37 ᠪᠦᠭᠬᠦᠭᠰᠡᠨ ᠴᠡᠷᠢᠭ ᠶᠠᠭᠠᠷᠠᠪᠴᠢᠯᠠᠨ ᠭᠢᠪᠧᠶ᠎ᠠ ᠳᠤ ᠴᠥᠮᠥᠷᠥᠨ ᠣᠷᠣᠵᠤ᠂ ᠬᠦᠴᠦ ᠪᠡᠨ ᠲᠠᠷᠬᠠᠭᠠᠨ᠂ ᠪᠦᠬᠦ ᠬᠣᠲᠠ ᠶᠢᠨ ᠬᠢᠨ ᠢ ᠢᠯᠳᠦᠨ ᠦ ᠢᠷ ᠢᠶᠠᠷ ᠴᠣᠬᠢᠪᠠ᠃ 38 ᠤᠤᠯ ᠨᠢ ᠢᠰᠷᠧᠯ ᠤᠨ ᠭᠣᠣᠯ ᠬᠦᠴᠦ ᠪᠣᠯᠣᠨ ᠪᠦᠭᠬᠦᠭᠰᠡᠨ ᠴᠡᠷᠢᠭ ᠤᠨ ᠬᠣᠭᠣᠷᠣᠨᠳᠣ ᠲᠣᠬᠢᠷᠠᠯᠴᠠᠭ᠎ᠠ ᠪᠠᠢᠵᠠᠢ᠃ ᠬᠣᠲᠠ ᠠᠴᠠ ᠶᠡᠬᠡ ᠤᠲᠤᠭ᠎ᠠ ᠭᠠᠷᠪᠠᠯ 39 ᠢᠰᠷᠧᠯ ᠤᠨ ᠭᠣᠣᠯ ᠬᠦᠴᠦ ᠲᠤᠯᠤᠯᠳᠤᠭᠠᠨ ᠳᠤ ᠪᠤᠴᠠᠵᠤ ᠢᠷᠡᠬᠦ ᠶᠣᠰᠣᠲᠠᠢ ᠪᠠᠢᠪᠠ᠃ ᠪᠢᠨᠶᠠᠮᠢᠨᠴᠤᠳ ᠢᠰᠷᠧᠯᠴᠦᠳ ᠢ ᠴᠣᠬᠢᠵᠤ ᠡᠬᠢᠯᠡᠨ᠂ ᠭᠤᠴᠢᠭᠠᠳ ᠬᠥᠮᠦᠨ ᠢ ᠤᠨᠠᠭᠠᠬᠤ ᠳᠠᠭᠠᠨ᠄ 《ᠲᠡᠳᠡ ᠤᠷᠢᠳᠤ ᠶᠢᠨ ᠬᠢ ᠰᠢᠭ᠋ ᠪᠢᠳᠡᠨ ᠦ ᠡᠮᠦᠨ᠎ᠡ ᠭᠠᠷᠴᠠᠭ᠎ᠠ ᠦᠭᠡᠢ ᠴᠣᠬᠢᠭᠳᠠᠵᠠᠢ》 ᠭᠡᠵᠦ ᠪᠣᠳᠣᠭᠰᠠᠨ ᠪᠠᠢᠪᠠ᠃ 40 ᠬᠠᠷᠢᠨ ᠬᠣᠲᠠ ᠠᠴᠠ ᠤᠲᠤᠭ᠎ᠠ ᠪᠠᠭᠠᠬᠢᠵᠤ ᠡᠬᠢᠯᠡᠪᠡ᠃ ᠪᠢᠨᠶᠠᠮᠢᠨᠴᠤᠳ ᠡᠷᠭᠢᠨ ᠬᠠᠷᠠᠲᠠᠯ᠎ᠠ᠂ ᠪᠦᠬᠦ ᠬᠣᠲᠠ ᠳᠤ ᠭᠠᠯ ᠳᠦᠷᠡᠯᠵᠡᠵᠦ ᠤᠲᠤᠭ᠎ᠠ ᠨᠢ ᠲᠩᠷᠢ ᠥᠭᠡᠳᠡ ᠪᠤᠷᠭᠢᠵᠤ ᠪᠠᠢᠯ᠎ᠠ︕ 41 ᠢᠰᠷᠧᠯ ᠤᠨ ᠭᠣᠣᠯ ᠬᠦᠴᠦ ᠡᠷᠭᠢᠵᠦ ᠳᠠᠭᠠᠷᠢᠭᠰᠠᠨ ᠳᠤ᠂ ᠪᠢᠨᠶᠠᠮᠢᠨᠴᠤᠳ ᠭᠠᠢ ᠳᠤ ᠥᠷᠲᠥᠭᠰᠡᠨ ᠢᠶᠡᠨ ᠤᠬᠠᠭᠠᠷᠠᠵᠤ ᠰᠠᠨᠳᠤᠷᠴᠠᠭᠠᠪᠠ᠃ 42 ᠲᠡᠳᠡ ᠢᠰᠷᠧᠯᠴᠦᠳ ᠲᠦ ᠨᠢᠷᠤᠭᠤ ᠪᠠᠨ ᠬᠠᠷᠠᠭᠤᠯᠤᠨ᠂ ᠴᠥᠯ ᠦᠨ ᠵᠠᠮ ᠢᠶᠠᠷ ᠵᠢᠭᠤᠲᠠᠭᠰᠠᠨ ᠪᠣᠯᠪᠠᠴᠤ ᠬᠣᠲᠠ ᠠᠴᠠ ᠭᠠᠷᠴᠤ ᠢᠷᠡᠭᠰᠡᠨ ᠢᠰᠷᠧᠯᠴᠦᠳ ᠴᠤ ᠠᠷᠤ ᠠᠴᠠ ᠨᠢ ᠢᠷᠡᠵᠦ᠂ ᠲᠡᠳᠡᠨ ᠢ ᠴᠣᠬᠢᠭᠰᠠᠨ ᠲᠤᠯᠠ ᠲᠡᠳᠡ ᠲᠤᠯᠤᠯᠳᠤᠭᠠᠨ ᠠᠴᠠ ᠵᠠᠢᠯᠠᠬᠤ ᠠᠷᠭ᠎ᠠ ᠦᠭᠡᠢ ᠪᠣᠯᠵᠤ ᠤᠰᠠᠳᠬᠠᠭᠳᠠᠪᠠ᠃ 43 ᠢᠰᠷᠧᠯᠴᠦᠳ ᠪᠢᠨᠶᠠᠮᠢᠨᠴᠤᠳ ᠢ ᠪᠦᠰᠡᠯᠡᠨ᠂ ᠲᠡᠳᠡᠨ ᠢ ᠠᠮᠤᠰᠬᠢᠯᠭᠡᠯ ᠦᠭᠡᠢ᠂ ᠵᠡᠭᠦᠨ ᠲᠡᠰᠢ ᠭᠢᠪᠧᠶ᠎ᠠ ᠶᠢᠨ ᠴᠠᠭᠠᠨ᠎ᠠ ᠬᠦᠷᠲᠡᠯ᠎ᠡ ᠨᠡᠬᠡᠵᠦ ᠲᠡᠳᠡᠨ ᠢ ᠰᠦᠢᠷᠡᠭᠦᠯᠪᠡ᠃ 44 ᠲᠡᠢᠨ ᠬᠦ ᠪᠢᠨᠶᠠᠮᠢᠨ ᠤ ᠲᠦᠮᠡ ᠨᠠᠢ᠌ᠮᠠᠨ ᠮᠢᠩ᠋ᠭᠠᠨ ᠡᠷ᠎ᠡ ᠤᠨᠠᠭᠰᠠᠨ ᠪᠥᠭᠡᠳ ᠲᠡᠳᠡ ᠪᠦᠭᠦᠳᠡᠭᠡᠷ ᠡᠷᠡᠯᠬᠡᠭ ᠳᠠᠢᠴᠢᠨ ᠪᠠᠢᠪᠠ᠃ 45 ᠦᠯᠡᠳᠡᠭᠰᠡᠨ ᠨᠢ ᠴᠢᠭᠯᠡᠯ ᠢᠶᠡᠨ ᠥᠭᠡᠷᠡᠴᠢᠯᠡᠵᠦ᠂ ᠴᠥᠯ ᠲᠡᠰᠢ ᠷᠢᠮᠣᠨ ᠤ ᠬᠠᠳᠠ ᠤᠷᠤᠭᠤ ᠵᠢᠭᠤᠲᠠᠭᠰᠠᠨ ᠪᠣᠯᠪᠠᠴᠤ ᠢᠰᠷᠧᠯᠴᠦᠳ ᠲᠡᠳᠡᠨ ᠦ ᠲᠠᠪᠤᠨ ᠮᠢᠩ᠋ᠭ᠎ᠠ ᠶᠢ ᠨᠢ ᠵᠠᠮ ᠳᠤᠨᠢ ᠪᠤᠲᠠ ᠴᠣᠬᠢᠨ᠂ ᠦᠯᠡᠳᠡᠭᠰᠡᠨ ᠢ ᠨᠢ ᠭᠢᠳᠣᠮ ᠬᠦᠷᠲᠡᠯ᠎ᠡ ᠪᠣᠷᠪᠢᠳᠠᠨ ᠨᠡᠬᠡᠭᠰᠡᠭᠡᠷ ᠳᠠᠬᠢᠨ ᠬᠣᠶᠠᠷ ᠮᠢᠩ᠋ᠭᠠᠨ ᠬᠥᠮᠦᠨ ᠢ ᠠᠯᠠᠪᠠ᠃ 46 ᠲᠡᠷᠡ ᠡᠳᠦᠷ ᠪᠢᠨᠶᠠᠮᠢᠨᠴᠤᠳ ᠠᠴᠠ ᠢᠯᠳᠦ ᠠᠭᠰᠠᠭᠰᠠᠨ ᠬᠣᠶᠠᠷ ᠲᠦᠮᠡ ᠲᠠᠪᠤᠨ ᠮᠢᠩ᠋ᠭᠠᠨ ᠬᠥᠮᠦᠨ ᠤᠨᠠᠭᠰᠠᠨ ᠪᠥᠭᠡᠳ ᠲᠡᠳᠡ ᠪᠦᠭᠦᠳᠡᠭᠡᠷ ᠡᠷᠡᠯᠬᠡᠭ ᠳᠠᠢᠴᠢᠨ ᠪᠠᠢᠵᠠᠢ᠃ 47 ᠬᠠᠷᠢᠨ ᠵᠢᠷᠭᠤᠭᠠᠨ ᠵᠠᠭᠤᠨ ᠬᠥᠮᠦᠨ ᠨᠢ ᠴᠢᠭᠯᠡᠯ ᠢᠶᠡᠨ ᠥᠭᠡᠷᠡᠴᠢᠯᠡᠵᠦ ᠴᠥᠯ ᠲᠡᠰᠢ ᠷᠢᠮᠣᠨ ᠤ ᠬᠠᠳᠠ ᠤᠷᠤᠭᠤ ᠵᠢᠭᠤᠲᠠᠨ᠂ ᠲᠡᠨᠳᠡ ᠳᠥᠷᠪᠡᠨ ᠰᠠᠷ᠎ᠠ ᠪᠠᠢᠪᠠ᠃ 48 ᠢᠰᠷᠧᠯᠴᠦᠳ ᠪᠢᠨᠶᠠᠮᠢᠨᠴᠤᠳ ᠤᠷᠤᠭᠤ ᠪᠤᠴᠠᠨ ᠣᠴᠢᠵᠤ᠂ ᠪᠦᠬᠦ ᠬᠣᠲᠠ ᠶᠢᠨ ᠬᠢᠨ ᠢ ᠬᠥᠮᠦᠨ ᠮᠠᠯ ᠢᠯᠭᠠᠯ ᠦᠭᠡᠢ ᠪᠦᠭᠦᠳᠡ ᠶᠢ ᠢᠯᠳᠦᠨ ᠦ ᠢᠷ ᠢᠶᠠᠷ ᠴᠣᠬᠢᠵᠤ᠂ ᠬᠦᠷᠦᠭᠰᠡᠨ ᠪᠦᠬᠦ ᠬᠣᠲᠠ ᠲᠣᠰᠬᠣᠨ ᠢᠶᠠᠨ ᠭᠠᠯᠳᠠᠨ ᠰᠢᠲᠠᠭᠠᠪᠠ᠃