ᠰᠢᠭᠦᠭᠴᠢᠳ ᠨᠠᠢ᠌ᠮᠠ
ᠮᠢᠳᠢᠶᠠᠨ ᠤ ᠬᠣᠶᠠᠷ ᠬᠠᠭᠠᠨ ᠤ ᠲᠡᠭᠦᠰᠬᠡᠯ
1 ᠡᠹᠷᠠᠢᠮᠴᠤᠳ ᠭᠢᠳᠧᠶᠣᠨ ᠳᠤ᠄ 《ᠲᠠ ᠪᠢᠳᠡᠨ ᠳᠦ ᠶᠠᠭᠤ ᠬᠢᠴᠢᠬᠡᠬᠦ ᠨᠢ ᠡᠨᠡ ᠪᠤᠢ︖ ᠮᠢᠳᠢᠶᠠᠨᠴᠤᠳ ᠲᠠᠢ ᠲᠤᠯᠤᠯᠳᠤᠬᠤ ᠪᠠᠷ ᠬᠥᠳᠡᠯᠬᠦ ᠳᠡᠭᠡᠨ ᠪᠢᠳᠡᠨ ᠢ ᠳᠠᠭᠤᠳᠠᠭᠰᠠᠨ ᠦᠭᠡᠢ》 ᠭᠡᠳ ᠲᠡᠭᠦᠨ ᠢ ᠰᠢᠷᠦᠭᠦᠨ ᠵᠢᠮᠡᠯᠡᠪᠡ᠃ 2 ᠭᠢᠳᠧᠶᠣᠨ ᠲᠡᠳᠡᠨ ᠳᠦ᠄ 《ᠲᠠ ᠨᠠᠷ ᠲᠠᠢ ᠬᠠᠷᠢᠴᠠᠭᠤᠯᠬᠤ ᠳᠤ᠂ ᠮᠢᠨᠦ ᠬᠢᠭᠰᠡᠨ ᠵᠦᠢᠯ ᠨᠢ ᠶᠠᠭᠤ ᠶᠤᠮ ᠪᠤᠢ︖ ᠡᠹᠷᠠᠢᠮ ᠤᠨ ᠵᠢᠮᠢᠰ ᠤᠨ ᠬᠠᠶᠠᠭᠳᠠᠯ ᠨᠢ ᠠᠪᠢᠶᠧᠽᠧᠷ ᠶᠢᠨ ᠦᠵᠦᠮ ᠦᠨ ᠤᠷᠭᠤᠴᠠᠨ ᠠᠴᠠ ᠳᠡᠭᠡᠷ᠎ᠡ ᠪᠢᠰᠢ ᠤᠤ︖ 3 ᠪᠤᠷᠬᠠᠨ ᠲᠠ ᠨᠠᠷ ᠤᠨ ᠭᠠᠷ ᠲᠤ ᠮᠢᠳᠢᠶᠠᠨ ᠤ ᠨᠣᠶᠠᠨ ᠣᠷᠧᠪ ᠽᠧᠪ ᠨᠠᠷ ᠢ ᠲᠤᠰᠢᠶᠠᠭᠰᠠᠨ ᠪᠣᠯᠬᠣᠷ ᠲᠠ ᠨᠠᠷ ᠤᠨ ᠬᠢ ᠲᠠᠢ ᠬᠠᠷᠢᠴᠠᠭᠤᠯᠬᠤ ᠪᠠᠷ ᠬᠢᠵᠦ ᠴᠢᠳᠠᠭᠰᠠᠨ ᠵᠦᠢᠯ ᠮᠠᠨᠢ ᠶᠠᠭᠤ ᠪᠠᠢᠬᠤ ᠪᠤᠢ︖》 ᠭᠡᠪᠡ᠃ ᠲᠡᠭᠦᠨ ᠦ ᠡᠨᠡ ᠦᠭᠡ ᠪᠡᠷ ᠲᠡᠳᠡᠨ ᠦ ᠠᠭᠤᠷ ᠬᠢᠯᠢᠩ ᠨᠠᠮᠳᠠᠭᠰᠠᠨ ᠪᠠᠢᠯ᠎ᠠ᠃
4 ᠭᠢᠳᠧᠶᠣᠨ ᠶᠣᠷᠳᠠᠨ ᠳᠤ ᠬᠦᠷᠴᠦ᠂ ᠬᠠᠷᠢᠶ᠎ᠠ ᠭᠤᠷᠪᠠᠨ ᠵᠠᠭᠤᠨ ᠬᠥᠮᠦᠨ ᠲᠡᠢ ᠪᠡᠨ ᠬᠠᠮᠲᠤ ᠭᠣᠣᠯ ᠭᠠᠲᠤᠯᠪᠠ᠃ ᠲᠡᠳᠡ ᠶᠠᠳᠠᠷᠠᠵᠤ ᠪᠠᠢᠪᠠᠴᠤ ᠨᠡᠬᠡᠭᠰᠡᠭᠡᠷ ᠪᠠᠢᠯ᠎ᠠ᠃ 5 ᠭᠢᠳᠧᠶᠣᠨ ᠰᠦᠺᠣᠲ ᠤᠨ ᠬᠥᠮᠦᠰ ᠡᠴᠡ᠄ 《ᠨᠠᠮᠠᠶᠢ ᠳᠠᠭᠠᠵᠤ ᠶᠠᠪᠤᠭ᠎ᠠ ᠬᠥᠮᠦᠰ ᠲᠦ ᠬᠣᠭᠣᠯᠠ ᠬᠦᠨᠡᠰᠦ ᠥᠭᠭᠥᠨ᠎ᠡ ᠤᠤ︖ ᠲᠡᠳᠡ ᠶᠠᠳᠠᠷᠠᠵᠠᠢ᠃ ᠮᠠᠨ ᠤ ᠬᠢᠨ ᠮᠢᠳᠢᠶᠠᠨ ᠤ ᠬᠠᠭᠠᠳ ᠽᠧᠪᠠ᠂ ᠽᠠᠯᠮᠣᠨᠠ ᠨᠠᠷ ᠢ ᠨᠡᠬᠡᠵᠦ ᠶᠠᠪᠤᠨ᠎ᠠ》 ᠭᠡᠵᠦ ᠭᠤᠶᠤᠬᠤ ᠳᠤ᠂ 6 ᠰᠦᠺᠣᠲ ᠤᠨ ᠨᠣᠶᠠᠳ᠄ 《ᠽᠧᠪᠠ᠂ ᠽᠠᠯᠮᠣᠨᠠ ᠨᠠᠷ ᠲᠠ ᠨᠠᠷ ᠤᠨ ᠭᠠᠷ ᠲᠤ ᠣᠷᠣᠴᠢᠬᠠᠭᠠᠳ ᠪᠠᠢᠨ᠎ᠠ ᠤᠤ︖ ᠪᠢᠳᠡ ᠶᠠᠭᠤᠨ ᠳᠤ ᠲᠠᠨ ᠤ ᠬᠥᠮᠦᠰ ᠲᠦ ᠬᠣᠭᠣᠯᠠ ᠬᠦᠨᠡᠰᠦ ᠥᠭᠬᠦ ᠪᠢᠯᠡ︖》 ᠭᠡᠵᠡᠢ᠃ 7 ᠭᠢᠳᠧᠶᠣᠨ᠄ 《ᠵᠠ᠂ ᠶᠣᠬᠣᠸᠠ ᠮᠢᠨᠦ ᠭᠠᠷ ᠲᠤ ᠽᠧᠪᠠ᠂ ᠽᠠᠯᠮᠣᠨᠠ ᠨᠠᠷ ᠢ ᠲᠤᠰᠢᠶᠠᠬᠤ ᠴᠠᠭ ᠲᠤ ᠪᠢ ᠭᠣᠪᠢ ᠶᠢᠨ ᠥᠷᠭᠡᠰᠦ ᠪᠣᠯᠣᠨ ᠬᠠᠯᠠᠭᠠᠢ ᠪᠠᠷ ᠲᠠ ᠨᠠᠷ ᠤᠨ ᠮᠢᠬ᠎ᠠ ᠶᠢ ᠤᠷᠠᠨ᠎ᠠ ᠳᠠ》 ᠭᠡᠪᠡ᠃ 8 ᠭᠢᠳᠧᠶᠣᠨ ᠲᠡᠨᠳᠡ ᠡᠴᠡ ᠫᠧᠨᠢᠶᠧᠯ ᠥᠭᠡᠳᠡ ᠣᠴᠢᠨ᠂ ᠠᠩ᠋ᠬᠠᠨ ᠤ ᠠᠳᠠᠯᠢ ᠬᠡᠯᠡᠬᠦ ᠳᠦ᠂ ᠫᠧᠨᠢᠶᠧᠯᠴᠦᠳ ᠴᠤ ᠰᠦᠺᠣᠲ᠋ᠴᠤᠳ ᠤᠨ ᠠᠳᠠᠯᠢ ᠬᠠᠷᠢᠭᠤᠯᠪᠠ᠃ 9 ᠲᠡᠷᠡ ᠫᠧᠨᠢᠶᠧᠯᠴᠦᠳ ᠲᠦ ᠴᠤ᠄ 《ᠪᠢ ᠡᠰᠡᠨ ᠮᠡᠨᠳᠦ ᠪᠤᠴᠠᠵᠤ ᠢᠷᠡᠬᠦ ᠳᠡᠭᠡᠨ ᠡᠨᠡ ᠴᠠᠮᠬᠠᠭ ᠢ ᠴᠢᠨᠢ ᠨᠤᠷᠠᠭᠠᠨ᠎ᠠ ᠳᠠ》 ᠭᠡᠪᠡ᠃
10 ᠲᠡᠷᠡ ᠦᠶ᠎ᠡ ᠳᠦ ᠽᠧᠪᠠ᠂ ᠽᠠᠯᠮᠣᠨᠠ ᠨᠠᠷ ᠺᠠᠷᠺᠣᠷ ᠲᠤ ᠪᠠᠢᠪᠠ᠃ ᠳᠣᠷᠣᠨ᠎ᠠ ᠶᠢᠨ ᠦᠨᠳᠦᠰᠦᠲᠡᠨ ᠨᠦᠭᠦᠳ ᠦᠨ ᠪᠦᠬᠦ ᠴᠡᠷᠢᠭ ᠤᠨ ᠳᠤᠮᠳᠠ ᠠᠴᠠ ᠠᠷᠪᠠᠨ ᠬᠣᠶᠠᠷ ᠲᠦᠮᠡᠨ ᠰᠡᠯᠡᠮᠡᠲᠡᠨ ᠠᠯᠠᠭᠳᠠᠭᠰᠠᠨ ᠪᠥᠭᠡᠳ ᠠᠮᠢᠳᠤ ᠦᠯᠡᠳᠡᠭᠰᠡᠳ ᠡᠴᠡ ᠲᠦᠮᠡ ᠲᠠᠪᠤᠨ ᠮᠢᠩ᠋ᠭ᠎ᠠ ᠣᠷᠴᠢᠮ ᠬᠥᠮᠦᠨ ᠲᠡᠷᠡ ᠬᠣᠶᠠᠷ ᠲᠠᠢ ᠬᠠᠮᠲᠤ ᠪᠠᠢᠯ᠎ᠠ᠃ 11 ᠲᠡᠳᠡ ᠰᠡᠵᠢᠭ ᠠᠪᠤᠭ᠎ᠠ ᠦᠭᠡᠢ ᠪᠠᠢᠬᠤ ᠳᠤ᠂ ᠭᠢᠳᠧᠶᠣᠨ ᠨᠡᠭᠦᠳᠡᠯᠴᠢᠨ ᠤ ᠵᠠᠮ ᠢ ᠳᠠᠭᠠᠨ ᠵᠡᠭᠦᠨ ᠲᠠᠯ᠎ᠠ ᠶᠢᠨ ᠨᠣᠪᠠ ᠪᠠ ᠶᠣᠭᠪᠧᠬᠠ ᠬᠦᠷᠲᠡᠯ᠎ᠡ ᠥᠭᠰᠥᠨ ᠣᠴᠢᠵᠤ᠂ ᠲᠡᠳᠡᠨ ᠦ ᠬᠤᠸᠠᠷᠠᠨ ᠢ ᠳᠣᠪᠲᠣᠯᠪᠠ᠃ 12 ᠽᠧᠪᠠ ᠪᠣᠯᠣᠨ ᠽᠠᠯᠮᠣᠨᠠ ᠨᠠᠷ ᠵᠢᠭᠤᠲᠠᠭᠰᠠᠨ ᠳᠤ᠂ ᠭᠢᠳᠧᠶᠣᠨ ᠨᠡᠬᠡᠵᠦ ᠮᠢᠳᠢᠶᠠᠨ ᠤ ᠬᠣᠶᠠᠷ ᠬᠠᠭᠠᠨ ᠽᠧᠪᠠ ᠪᠣᠯᠣᠨ ᠽᠠᠯᠮᠣᠨᠠ ᠨᠠᠷ ᠢ ᠣᠯᠵᠠᠯᠠᠭᠰᠠᠨ ᠪᠥᠭᠡᠳ ᠪᠦᠬᠦ ᠴᠡᠷᠢᠭ ᠢ ᠨᠢ ᠪᠤᠲᠠ ᠴᠣᠬᠢᠵᠠᠢ᠃
13 ᠶᠣᠶᠠᠱ ᠤᠨ ᠬᠥᠪᠡᠭᠦᠨ ᠭᠢᠳᠧᠶᠣᠨ ᠲᠤᠯᠤᠯᠳᠤᠭᠠᠨ ᠠᠴᠠ ᠪᠤᠴᠠᠨ ᠾᠧᠷᠧᠰ ᠤᠨ ᠳᠠᠪᠠᠭ᠎ᠠ ᠪᠠᠷ ᠢᠷᠡᠬᠦ ᠳᠡᠭᠡᠨ 14 ᠰᠦᠺᠣᠲ ᠤᠨ ᠨᠢᠭᠡᠨ ᠵᠠᠯᠠᠭᠤ ᠶᠢ ᠪᠠᠷᠢᠵᠤ ᠪᠠᠢᠴᠠᠭᠠᠭᠰᠠᠨ ᠳᠤ᠂ ᠲᠡᠷᠡ ᠵᠠᠯᠠᠭᠤ ᠰᠦᠺᠣᠲ ᠤᠨ ᠨᠣᠶᠠᠨ᠂ ᠠᠬᠠᠯᠠᠭᠴᠢ ᠳᠠᠯᠠᠨ ᠳᠣᠯᠣᠭᠠᠨ ᠬᠥᠮᠦᠨ ᠦ ᠨᠡᠷ᠎ᠡ ᠶᠢ ᠪᠢᠴᠢᠵᠦ ᠥᠭᠪᠡ᠃ 15 ᠭᠢᠳᠧᠶᠣᠨ ᠰᠦᠺᠣᠲ᠋ᠴᠤᠳ ᠳᠡᠭᠡᠷ᠎ᠡ ᠢᠷᠡᠵᠦ᠄ 《ᠬᠠᠷ᠎ᠠ᠂ ᠽᠧᠪᠠ᠂ ᠽᠠᠯᠮᠣᠨᠠ ᠨᠠᠷ ᠡ᠊ᠨᠳᠡ ᠪᠠᠢᠨ᠎ᠠ᠃ ᠲᠠ ᠨᠠᠷ᠄ 〈ᠽᠧᠪᠠ ᠪᠣᠯᠣᠨ ᠽᠠᠯᠮᠣᠨᠠ ᠲᠠ ᠨᠠᠷ ᠤᠨ ᠭᠠᠷ ᠲᠤ ᠣᠷᠣᠴᠢᠬᠠᠭᠠᠳ ᠪᠠᠢᠨ᠎ᠠ ᠤᠤ︖ ᠶᠠᠭᠤᠨ ᠳᠤ ᠪᠢᠳᠡ ᠶᠠᠳᠠᠷᠠᠭᠰᠠᠨ ᠲᠠᠨ ᠤ ᠬᠢᠨ ᠳᠤ ᠬᠣᠭᠣᠯᠠ ᠬᠦᠨᠡᠰᠦ ᠥᠭᠬᠦ ᠪᠢᠯᠡ︖〉 ᠭᠡᠵᠦ ᠨᠠᠮᠠᠶᠢ ᠱᠣᠣᠯᠠᠵᠤ ᠪᠠᠢᠭᠰᠠᠨ》 ᠭᠡᠳ᠂ 16 ᠬᠣᠲᠠ ᠶᠢᠨ ᠠᠬᠠᠯᠠᠭᠴᠢᠳ ᠢ ᠪᠠᠷᠢᠪᠴᠢᠯᠠᠵᠤ᠂ ᠭᠣᠪᠢ ᠶᠢᠨ ᠥᠷᠭᠡᠰᠦ ᠪᠣᠯᠣᠨ ᠬᠠᠯᠠᠭᠠᠢ ᠪᠠᠷ ᠰᠦᠺᠣᠲ᠋ᠴᠤᠳ ᠢ ᠭᠡᠰᠬᠡᠪᠡ᠃ 17 ᠮᠥᠨ ᠫᠧᠨᠢᠶᠧᠯ ᠤᠨ ᠴᠠᠮᠬᠠᠭ ᠢ ᠨᠤᠷᠠᠭᠠᠨ᠂ ᠬᠣᠲᠠ ᠶᠢᠨ ᠬᠢᠨ ᠢ ᠠᠯᠠᠭᠰᠠᠨ ᠪᠠᠢᠯ᠎ᠠ᠃
18 ᠳᠠᠷᠠᠭ᠎ᠠ ᠨᠢ ᠽᠧᠪᠠ ᠪᠣᠯᠣᠨ ᠽᠠᠯᠮᠣᠨᠠ ᠨᠠᠷ ᠠᠴᠠ᠄ 《ᠲᠠ ᠨᠠᠷ ᠤᠨ ᠲᠠᠪᠣᠷ ᠲᠤ ᠠᠯᠠᠭᠰᠠᠨ ᠬᠥᠮᠦᠰ ᠶᠠᠮᠠᠷᠰᠢᠤ ᠬᠥᠮᠦᠰ ᠪᠠᠢᠭᠰᠠᠨ ᠪᠤᠢ︖》 ᠭᠡᠵᠦ ᠠᠰᠠᠭᠤᠭᠰᠠᠨ ᠳᠤ᠂ 《ᠲᠡᠳᠡ ᠨᠠᠷ ᠲᠠᠨ ᠲᠠᠢ ᠠᠳᠠᠯᠢ ᠪᠦᠭᠦᠳᠡ ᠯᠠ ᠬᠠᠭᠠᠨ ᠤ ᠬᠥᠪᠡᠭᠦᠨ ᠦ ᠲᠥᠷᠬᠥ ᠲᠠᠢ ᠪᠠᠢᠭᠰᠠᠨ》 ᠭᠡᠵᠦ ᠲᠡᠳᠡ ᠬᠡᠯᠡᠪᠡ᠃ 19 ᠭᠢᠳᠧᠶᠣᠨ᠄ 《ᠲᠡᠳᠡ ᠪᠣᠯ ᠮᠢᠨᠦ ᠠᠬ᠎ᠠ ᠳᠡᠭᠦᠦ ᠨᠠᠷ᠂ ᠮᠢᠨᠦ ᠡᠬᠡ ᠶᠢᠨ ᠬᠥᠪᠡᠭᠦᠳ ᠪᠠᠢᠭᠰᠠᠨ᠃ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠲᠠ ᠨᠠᠷ ᠲᠡᠳᠡᠨ ᠢ ᠠᠮᠢᠳᠤ ᠦᠯᠡᠳᠡᠭᠡᠭᠰᠡᠨ ᠪᠣᠯ᠂ ᠪᠢ ᠲᠠ ᠨᠠᠷ ᠢ ᠠᠯᠠᠬᠤ ᠦᠭᠡᠢ ᠪᠠᠢᠬᠤ ᠰᠠᠨ》 ᠭᠡᠳ 20 ᠤᠤᠭᠠᠨ ᠬᠥᠪᠡᠭᠦᠨ ᠶᠧᠲ᠋ᠧᠷ ᠲᠡᠭᠡᠨ᠄ 《ᠲᠡᠳᠡᠨ ᠢ ᠠᠯᠠᠭᠲᠤᠨ》 ᠭᠡᠵᠦ ᠬᠡᠯᠡᠭᠰᠡᠨ ᠪᠣᠯᠪᠠᠴᠤ ᠵᠠᠯᠠᠭᠤ ᠬᠥᠪᠡᠭᠦᠨ ᠢᠯᠳᠦ ᠪᠡᠨ ᠰᠤᠭᠤᠯᠤᠭᠰᠠᠨ ᠦᠭᠡᠢ᠃ ᠨᠠᠰᠤᠨ ᠳᠤ ᠬᠦᠷᠦᠭᠡ ᠦᠭᠡᠢ ᠪᠣᠯᠬᠣᠷ ᠠᠶᠤᠭᠰᠠᠨ ᠠᠵᠢ᠃ 21 ᠲᠡᠭᠡᠬᠦ ᠳᠦ ᠽᠧᠪᠠ᠂ ᠽᠠᠯᠮᠣᠨᠠ ᠨᠠᠷ᠄ 《ᠲᠠ ᠥᠪᠡᠷ ᠢᠶᠡᠨ ᠪᠢᠳᠡᠨ ᠢ ᠠᠯᠠᠭᠲᠤᠨ᠃ ᠬᠥᠮᠦᠨ ᠬᠥᠮᠦᠨ ᠦ ᠬᠦᠴᠦ ᠢᠯᠭᠠᠭ᠎ᠠ ᠲᠠᠢ》 ᠭᠡᠬᠦ ᠳᠦ᠂ ᠭᠢᠳᠧᠶᠣᠨ ᠪᠣᠰᠴᠤ᠂ ᠽᠧᠪᠠ ᠪᠣᠯᠣᠨ ᠽᠠᠯᠮᠣᠨᠠ ᠨᠠᠷ ᠢ ᠠᠯᠠᠭᠠᠳ ᠲᠡᠳᠡᠨ ᠦ ᠲᠡᠮᠡᠭᠡᠳ ᠦᠨ ᠬᠦᠵᠦᠭᠦᠨ ᠳᠦ ᠪᠠᠢᠭᠰᠠᠨ ᠬᠠᠪᠢᠷᠭᠠᠨ ᠰᠠᠷᠠᠨ ᠴᠢᠮᠡᠭ ᠢ ᠮᠤᠯᠲᠤᠯᠤᠨ ᠠᠪᠤᠭᠰᠠᠨ ᠪᠠᠢᠨ᠎ᠠ᠃
ᠭᠢᠳᠧᠶᠣᠨ ᠤ ᠦᠯᠡᠳᠡᠭᠡᠭᠰᠡᠨ ᠡᠹᠣᠳ
22 ᠢᠰᠷᠧᠯᠴᠦᠳ ᠭᠢᠳᠧᠶᠣᠨ ᠳᠤ᠄ 《ᠲᠠ ᠪᠢᠳᠡᠨ ᠢ ᠮᠢᠳᠢᠶᠠᠨ ᠤ ᠰᠠᠪᠠᠷ ᠠᠴᠠ ᠠᠪᠤᠷᠠᠭᠰᠠᠨ᠃ ᠲᠠᠨ ᠢᠶᠠᠷ ᠪᠠᠷᠠᠬᠤ ᠦᠭᠡᠢ᠂ ᠲᠠᠨ ᠤ ᠬᠥᠪᠡᠭᠦᠳ ᠪᠣᠯᠣᠨ ᠲᠠᠨ ᠤ ᠠᠴᠢ ᠨᠠᠷ ᠴᠤ ᠪᠢᠳᠡᠨ ᠢ ᠵᠠᠬᠢᠷᠬᠤ ᠪᠣᠯᠣᠭᠠᠰᠠᠢ》 ᠭᠡᠵᠡᠭᠡᠭᠰᠡᠨ ᠳᠦ᠂ 23 ᠭᠢᠳᠧᠶᠣᠨ ᠲᠡᠳᠡᠨ ᠳᠦ᠄ 《ᠪᠢ ᠲᠠ ᠨᠠᠷ ᠢ ᠵᠠᠬᠢᠷᠬᠤ ᠦᠭᠡᠢ᠃ ᠮᠢᠨᠦ ᠬᠥᠪᠡᠭᠦᠨ ᠴᠤ ᠲᠠ ᠨᠠᠷ ᠢ ᠵᠠᠬᠢᠷᠬᠤ ᠦᠭᠡᠢ᠃ ᠲᠠ ᠨᠠᠷ ᠢ ᠵᠠᠬᠢᠷᠤᠭᠴᠢ ᠨᠢ ᠶᠣᠬᠣᠸᠠ ᠪᠢᠯᠡ》 ᠭᠡᠪᠡ᠃ 24 ᠭᠢᠳᠧᠶᠣᠨ᠄ 《ᠲᠠ ᠨᠠᠷ ᠠᠴᠠ ᠨᠢᠭᠡ ᠵᠦᠢᠯ ᠢ ᠬᠦᠰᠡᠶ᠎ᠡ᠃ ᠬᠥᠮᠦᠨ ᠪᠦᠷᠢ ᠥᠪᠡᠷ ᠦᠨ ᠣᠯᠵᠠᠨ ᠠᠴᠠ ᠪᠠᠨ ᠡᠭᠡᠮᠦᠭ ᠢᠶᠡᠨ ᠠᠪᠴᠢᠷᠠᠵᠤ᠂ ᠨᠠᠳᠠ ᠳᠤ ᠥᠭᠭᠥᠨ᠎ᠡ ᠤᠤ︖》 ᠭᠡᠰᠡᠨ ᠳᠦ᠂ (ᠲᠡᠳᠡ ᠪᠣᠯ ᠢᠱᠮᠠᠶᠧᠯᠴᠤᠳ᠂ ᠠᠯᠲᠠᠨ ᠡᠭᠡᠮᠦᠭ ᠵᠡᠭᠦᠳᠡᠭ ᠪᠠᠢᠪᠠ᠃) 25 ᠲᠡᠳᠡ᠄ 《ᠳᠤᠷᠠᠲᠠᠶ᠎ᠠ ᠥᠭᠭᠥᠨ᠎ᠡ》 ᠭᠡᠳ ᠨᠢᠭᠡᠨ ᠳᠡᠪᠡᠯ ᠢ ᠳᠡᠯᠭᠡᠵᠦ᠂ ᠬᠥᠮᠦᠨ ᠪᠦᠷᠢ ᠣᠯᠵᠠᠨ ᠠᠴᠠ ᠪᠠᠨ ᠨᠢᠭᠡ ᠨᠢᠭᠡ ᠡᠭᠡᠮᠦᠭ ᠢ ᠳᠡᠭᠡᠷ᠎ᠡ ᠨᠢ ᠬᠠᠶᠠᠪᠠ᠃ 26 ᠲᠡᠭᠦᠨ ᠦ ᠬᠦᠰᠡᠮᠵᠢᠯᠡᠭᠰᠡᠨ ᠠᠯᠲᠠᠨ ᠡᠭᠡᠮᠦᠭ ᠤᠳ ᠢ ᠡᠢᠨ ᠬᠦ ᠴᠤᠭᠯᠠᠭᠤᠯᠬᠤ ᠳᠤ᠂ ᠮᠢᠩ᠋ᠭ᠎ᠠ ᠳᠣᠯᠣᠭᠠᠨ ᠵᠠᠭᠤᠨ ᠱᠧᠺᠧᠯ 8 ᠠᠯᠲᠠ ᠪᠣᠯᠪᠠ᠃ ᠡᠭᠦᠨ ᠡᠴᠡ ᠭᠠᠳᠠᠨ᠎ᠠ ᠬᠠᠪᠢᠷᠭᠠᠨ ᠰᠠᠷᠠᠨ ᠴᠢᠮᠡᠭ ᠤᠳ ᠪᠣᠯᠣᠨ ᠤᠨᠵᠢᠯᠭ᠎ᠠ ᠨᠤᠭᠤᠳ᠂ ᠮᠢᠳᠢᠶᠠᠨ ᠤ ᠬᠠᠭᠠᠳ ᠤᠨ ᠡᠮᠦᠰᠴᠦ ᠪᠠᠢᠭᠰᠠᠨ ᠨᠢᠯ ᠶᠠᠭᠠᠨ ᠨᠥᠮᠥᠷᠭᠡ ᠬᠢᠭᠡᠳ ᠲᠡᠳᠡᠨ ᠦ ᠲᠡᠮᠡᠭᠡᠳ ᠦᠨ ᠬᠦᠵᠦᠭᠦᠨ ᠦ ᠵᠡᠭᠦᠯᠲᠡ ᠴᠢᠮᠡᠭ ᠴᠤ ᠪᠠᠢᠪᠠ᠃ 27 ᠭᠢᠳᠧᠶᠣᠨ ᠲᠡᠳᠡᠭᠡᠷ ᠠᠯᠲᠠ ᠪᠠᠷ ᠡᠹᠣᠳ ᠪᠦᠲᠦᠭᠡᠵᠦ᠂ ᠣᠹᠷᠠ ᠬᠣᠲᠠ ᠳᠠᠭᠠᠨ ᠲᠠᠯᠪᠢᠭᠰᠠᠨ ᠪᠠᠢᠯ᠎ᠠ᠃ ᠲᠡᠭᠡᠭᠰᠡᠨ ᠢᠶᠡᠷ ᠪᠦᠬᠦ ᠢᠰᠷᠧᠯ ᠲᠡᠨᠳᠡ ᠣᠴᠢᠵᠤ ᠲᠡᠭᠦᠨ ᠢ ᠨᠢ ᠰᠢᠲᠦᠨ ᠵᠠᠪᠬᠠᠢᠷᠠᠵᠠᠭᠠᠪᠠ᠃ ᠲᠡᠷᠡ ᠨᠢ ᠭᠢᠳᠧᠶᠣᠨ ᠪᠣᠯᠣᠨ ᠲᠡᠭᠦᠨ ᠦ ᠭᠡᠷ ᠦᠨ ᠬᠢᠨ ᠳᠤ ᠵᠠᠩ᠋ᠭᠤᠤ ᠪᠣᠯᠣᠭᠰᠠᠨ ᠶᠤᠮ᠃ 28 ᠮᠢᠳᠢᠶᠠᠨ ᠢᠩᠭᠢᠵᠦ ᠢᠰᠷᠧᠯᠴᠦᠳ ᠲᠦ ᠳᠡᠢᠯᠦᠭᠳᠡᠭᠡᠳ ᠳᠠᠬᠢᠭᠠᠳ ᠲᠣᠯᠣᠭᠠᠢ ᠥᠨᠳᠡᠢᠵᠦ ᠴᠢᠳᠠᠬᠤ ᠦᠭᠡᠢ ᠪᠣᠯᠣᠯ᠎ᠠ᠃ ᠭᠢᠳᠧᠶᠣᠨ ᠤ ᠡᠳᠦᠷ ᠤᠳ ᠢᠶᠠᠷ ᠲᠡᠷᠡ ᠨᠤᠲᠤᠭ ᠳᠥᠴᠢᠨ ᠵᠢᠯ ᠠᠮᠤᠷ ᠲᠠᠢᠪᠤᠩ ᠪᠠᠢᠵᠠᠢ᠃
29 ᠶᠣᠶᠠᠱ ᠤᠨ ᠬᠥᠪᠡᠭᠦᠨ ᠶᠧᠷᠦ᠋ᠪᠠᠯ ᠭᠡᠷ ᠲᠡᠭᠡᠨ ᠬᠠᠷᠢᠵᠤ ᠠᠮᠢᠳᠤᠷᠠᠪᠠ᠃ 30 ᠭᠢᠳᠧᠶᠣᠨ ᠣᠯᠠᠨ ᠡᠬᠡᠨᠡᠷ ᠲᠡᠢ ᠪᠣᠯᠬᠣᠷ ᠳᠠᠯᠠᠨ ᠬᠦᠦ ᠲᠠᠢ ᠪᠠᠢᠯ᠎ᠠ᠃ 31 ᠱᠧᠺᠧᠮ ᠳᠤ ᠪᠠᠢᠭᠰᠠᠨ ᠲᠠᠲᠠᠪᠤᠷᠢ ᠡᠮ᠎ᠡ ᠨᠢ ᠴᠤ ᠲᠡᠭᠦᠨ ᠳᠦ ᠬᠥᠪᠡᠭᠦᠨ ᠲᠥᠷᠥᠭᠦᠯᠵᠦ ᠥᠭᠭᠥᠭᠰᠡᠨ ᠳᠦ᠂ ᠲᠡᠭᠦᠨ ᠢ ᠠᠪᠢᠮᠧᠯᠧᠺ ᠭᠡᠵᠦ ᠨᠡᠷᠡᠯᠡᠪᠡ᠃ 32 ᠶᠣᠶᠠᠱ ᠤᠨ ᠬᠥᠪᠡᠭᠦᠨ ᠭᠢᠳᠧᠶᠣᠨ ᠥᠨᠳᠥᠷ ᠨᠠᠰᠤᠯᠠᠨ ᠥᠭᠡᠳᠡ ᠪᠣᠯᠣᠭᠰᠠᠨ ᠳᠤ᠂ ᠬᠥᠮᠦᠰ ᠲᠡᠭᠦᠨ ᠢ ᠠᠪᠢᠶᠧᠽᠧᠷᠴᠤᠳ ᠤᠨ ᠨᠤᠲᠤᠭ ᠳᠠᠬᠢ ᠣᠹᠷᠠ ᠳᠤ ᠪᠤᠢ ᠡᠴᠢᠭᠡ ᠶᠣᠶᠠᠱ ᠤᠨ ᠬᠢᠨᠢ ᠪᠤᠯᠠᠰᠢᠨ ᠳᠤ ᠬᠥᠳᠡᠭᠡᠯᠡᠭᠦᠯᠵᠡᠢ᠃ 33 ᠭᠢᠳᠧᠶᠣᠨ ᠨᠠᠰᠤ ᠪᠠᠷᠠᠩ᠋ᠭᠤᠲᠠ ᠢᠰᠷᠧᠯᠴᠦᠳ ᠪᠠᠯ ᠤᠳ ᠢ ᠳᠠᠭᠠᠨ ᠵᠠᠪᠬᠠᠢᠷᠠᠵᠤ᠂ ᠪᠠᠯ ᠲᠠᠢ ᠭᠡᠷ᠎ᠡ ᠪᠠᠢᠭᠤᠯᠤᠨ 9 ᠲᠡᠭᠦᠨ ᠢ ᠥᠪᠡᠷᠰᠡᠳ ᠦᠨ ᠢᠶᠠᠨ ᠪᠤᠷᠬᠠᠨ ᠪᠣᠯᠭᠠᠪᠠ᠃ 34 ᠬᠠᠷᠢᠨ ᠢᠰᠷᠧᠯᠴᠦᠳ ᠡᠷᠭᠢᠨ ᠲᠣᠭᠣᠷᠢᠨ ᠤ ᠳᠠᠢᠰᠤᠨ ᠨᠤᠭᠤᠳ ᠤᠨ ᠬᠢᠨᠢ ᠰᠠᠪᠠᠷ ᠠᠴᠠ ᠴᠢᠯᠥᠭᠡᠯᠡᠵᠦ ᠥᠭᠭᠥᠭᠰᠡᠨ ᠶᠣᠬᠣᠸᠠ ᠪᠤᠷᠬᠠᠨ ᠢᠶᠠᠨ ᠰᠠᠨᠠᠬᠤ ᠪᠠᠨ ᠪᠣᠯᠢᠪᠠ᠃ 35 ᠲᠡᠳᠡ ᠮᠥᠨ ᠶᠧᠷᠦ᠋ᠪᠠᠯ ᠭᠡᠭᠳᠡᠳᠡᠭ ᠭᠢᠳᠧᠶᠣᠨ ᠤ ᠢᠰᠷᠧᠯ ᠳᠤ ᠦᠵᠡᠭᠦᠯᠦᠭᠰᠡᠨ ᠬᠠᠮᠤᠭ ᠰᠠᠢᠨ ᠰᠠᠢᠬᠠᠨ ᠤ ᠠᠴᠢ ᠬᠠᠷᠢᠭᠤ ᠶᠢ ᠲᠡᠭᠦᠨ ᠦ ᠭᠡᠷ ᠪᠦᠯᠢ ᠶᠢᠨ ᠬᠢᠨ ᠳᠤ ᠦᠵᠡᠭᠦᠯᠦᠭᠰᠡᠨ ᠦᠭᠡᠢ᠃