1 2 3 4 5 6 7 8 9 10 11 12 13 14 15 16 17 18 19 20 21


ᠰᠢᠭᠦᠭᠴᠢᠳ ᠠᠷᠪᠠ
 ᠰᠢᠭᠦᠭᠴᠢ ᠲᠣᠯ᠎ᠠ ᠪᠣᠯᠣᠨ ᠶᠠᠢᠷ

1 ᠠᠪᠢᠮᠧᠯᠧᠺ ᠠᠴᠠ ᠬᠣᠢᠰᠢ ᠢᠰᠷᠧᠯ ᠢ ᠠᠪᠤᠷᠠᠬᠤ ᠪᠠᠷ ᠢᠰᠠᠺᠠᠷ ᠬᠥᠮᠦᠨ᠂ ᠳ᠋ᠣᠳᠣ᠋ ᠶᠢᠨ ᠬᠦᠦ ᠫᠦᠶ᠎ᠠ ᠶᠢᠨ ᠬᠥᠪᠡᠭᠦᠨ ᠲᠣᠯ᠎ᠠ ᠪᠣᠰᠪᠠ᠃ ᠲᠡᠷᠡ ᠡᠹᠷᠠᠢᠮ ᠤᠨ ᠠᠭᠤᠯᠠᠷᠬᠠᠭ ᠨᠤᠲᠤᠭ ᠳᠠᠬᠢ ᠱᠠᠮᠢᠷ ᠲᠤ ᠰᠠᠭᠤᠬᠤ ᠳᠠᠭᠠᠨ 2 ᠰᠢᠭᠦᠭᠴᠢ ᠪᠣᠯᠣᠭᠠᠳ ᠬᠣᠷᠢᠨ ᠭᠤᠷᠪᠠᠨ ᠵᠢᠯ ᠢᠰᠷᠧᠯ ᠢ ᠤᠳᠤᠷᠢᠳᠤᠭᠰᠠᠨ ᠤ ᠳᠠᠷᠠᠭ᠎ᠠ ᠥᠭᠡᠳᠡ ᠪᠣᠯᠵᠤ ᠱᠠᠮᠢᠷ ᠲᠤ ᠣᠷᠣᠰᠢᠭᠤᠯᠤᠭᠳᠠᠪᠠ᠃

3 ᠲᠡᠭᠦᠨ ᠦ ᠳᠠᠷᠠᠭ᠎ᠠ ᠭᠢᠯᠧᠶᠠᠳ᠋ ᠬᠥᠮᠦᠨ ᠶᠠᠢᠷ ᠪᠣᠰᠴᠤ᠂ ᠢᠰᠷᠧᠯ ᠢ ᠬᠣᠷᠢᠨ ᠬᠣᠶᠠᠷ ᠵᠢᠯ ᠤᠳᠤᠷᠢᠳᠪᠠ᠃ 4 ᠲᠡᠷᠡ ᠭᠤᠴᠢᠨ ᠬᠥᠪᠡᠭᠦᠨ ᠲᠡᠢ ᠪᠠᠢᠭᠰᠠᠨ᠃ ᠲᠡᠳᠡ ᠭᠤᠴᠢᠨ ᠡᠯᠵᠢᠭᠡ ᠤᠨᠤᠳᠠᠭ ᠪᠥᠭᠡᠳ ᠭᠢᠯᠧᠶᠠᠳ᠋ ᠨᠤᠲᠤᠭ ᠤᠨ ᠭᠤᠴᠢᠨ ᠲᠣᠰᠬᠣᠨ ᠤ ᠵᠠᠬᠢᠷᠤᠭᠴᠢ ᠪᠠᠢᠪᠠ᠃ ᠲᠡᠳᠡᠭᠡᠷ ᠲᠣᠰᠬᠣᠨ ᠥᠨᠥᠳᠥᠷ ᠬᠦᠷᠲᠡᠯ᠎ᠡ ᠬᠠᠸᠣᠲ ᠶᠠᠢᠷ 11 ᠬᠡᠮᠡᠨ ᠨᠡᠷᠡᠯᠡᠭᠳᠡᠳᠡᠭ᠃ 5 ᠶᠠᠢᠷ ᠥᠭᠡᠳᠡ ᠪᠣᠯᠵᠤ᠂ ᠺᠠᠮᠣᠨ ᠳᠤ ᠣᠷᠣᠰᠢᠭᠤᠯᠤᠭᠳᠠᠪᠠ᠃
 ᠢᠰᠷᠧᠯ ᠤᠨ ᠲᠡᠷᠰᠯᠡᠯ ᠬᠢᠭᠡᠳ ᠭᠡᠮᠰᠢᠯ

6 ᠢᠰᠷᠧᠯᠴᠦᠳ ᠳᠠᠬᠢᠨ ᠶᠣᠬᠣᠸᠠ ᠶᠢᠨ ᠮᠡᠯᠮᠡᠢ ᠶᠢᠨ ᠡᠮᠦᠨ᠎ᠡ ᠮᠠᠭᠤ ᠶᠢ ᠦᠢᠯᠡᠳᠴᠦ᠂ ᠪᠠᠯ ᠪᠣᠯᠣᠨ ᠠᠱᠲ᠋ᠠᠷᠣᠲ ᠤᠨ ᠰᠢᠲᠦᠭᠡᠨ ᠨᠦᠭᠦᠳ᠂ ᠠᠷᠠᠮ ᠤᠨ ᠪᠤᠷᠬᠠᠳ᠂ ᠰᠢᠢᠳᠣᠨ ᠤ ᠪᠤᠷᠬᠠᠳ᠂ ᠮᠣᠶᠠᠪ ᠤᠨ ᠪᠤᠷᠬᠠᠳ᠂ ᠠᠮᠣᠨᠴᠤᠳ ᠤᠨ ᠪᠤᠷᠬᠠᠳ᠂ ᠹᠢᠯᠢᠰᠲ᠋ᠴᠦᠳ ᠦᠨ ᠪᠤᠷᠬᠠᠳ ᠲᠤ ᠮᠥᠷᠭᠥᠪᠡ᠃ ᠡᠢᠨ ᠬᠦ ᠶᠣᠬᠣᠸᠠ ᠶᠢ ᠣᠷᠬᠢᠵᠤ᠂ ᠲᠡᠭᠦᠨ ᠳᠦ ᠦᠯᠦ ᠦᠢᠯᠡᠴᠢᠯᠡᠭᠰᠡᠨ ᠢᠶᠡᠷ 7 ᠶᠣᠬᠣᠸᠠ ᠢᠰᠷᠧᠯ ᠳᠤ ᠠᠭᠤᠷᠯᠠᠵᠤ᠂ ᠲᠡᠳᠡᠨ ᠢ ᠹᠢᠯᠢᠰᠲ᠋ᠴᠦᠳ ᠪᠣᠯᠣᠨ ᠠᠮᠣᠨᠴᠤᠳ ᠤᠨ ᠭᠠᠷ ᠲᠤ ᠣᠷᠣᠭᠤᠯᠤᠭᠰᠠᠨ ᠪᠠᠢᠨ᠎ᠠ᠃ 8 ᠲᠡᠷᠡ ᠵᠢᠯ ᠡᠴᠡ ᠡᠬᠢᠯᠡᠨ ᠠᠮᠣᠨᠴᠤᠳ ᠠᠷᠪᠠᠨ ᠨᠠᠢ᠌ᠮᠠᠨ ᠵᠢᠯ ᠤᠨ ᠲᠤᠷᠰᠢ ᠢᠰᠷᠧᠯᠴᠦᠳ᠂ ᠢᠯᠠᠩ᠋ᠭᠤᠶ᠎ᠠ ᠶᠣᠷᠳᠠᠨ ᠤ ᠲᠡᠷᠲᠡᠭᠡᠬᠢ ᠠᠮᠣᠷᠢᠴᠤᠳ ᠤᠨ ᠨᠤᠲᠤᠭ᠂ ᠲᠤᠬᠠᠢᠯᠠᠪᠠᠯ ᠭᠢᠯᠧᠶᠠᠳ᠋ ᠲᠤ ᠪᠠᠢᠭᠰᠠᠨ ᠪᠦᠬᠦ ᠢᠰᠷᠧᠯ ᠬᠥᠮᠦᠨ ᠢ ᠳᠠᠷᠤᠯᠠᠨ ᠳᠠᠷᠤᠮᠲᠠᠯᠠᠪᠠ᠃ 9 ᠡᠭᠦᠨ ᠢᠶᠡᠷ ᠦᠯᠦ ᠪᠠᠷᠠᠮ ᠠᠮᠣᠨᠴᠤᠳ ᠶᠣᠷᠳᠠᠨ ᠢ ᠭᠠᠲᠤᠯᠵᠤ ᠶᠦᠳᠠ᠂ ᠪᠢᠨᠶᠠᠮᠢᠨ ᠪᠣᠯᠣᠨ ᠡᠹᠷᠠᠢᠮ ᠤᠨ ᠭᠡᠷ ᠦᠨ ᠬᠢᠨ ᠢ ᠳᠣᠪᠲᠣᠯᠣᠭᠰᠠᠨ ᠤᠴᠢᠷ ᠠᠴᠠ ᠢᠰᠷᠧᠯ ᠶᠡᠬᠡ ᠵᠣᠪᠠᠯᠠᠩ ᠳᠤ ᠤᠨᠠᠵᠠᠢ᠃

10 ᠲᠡᠭᠡᠭᠡᠳ ᠢᠰᠷᠧᠯᠴᠦᠳ ᠶᠣᠬᠣᠸᠠ ᠤᠷᠤᠭᠤ ᠬᠠᠰᠬᠢᠷᠪᠠ᠄ 《ᠮᠠᠨ ᠤ ᠬᠢᠨ ᠲᠠᠨ ᠳᠤ ᠨᠢᠭᠦᠯ ᠦᠢᠯᠡᠳᠴᠡᠢ᠃ ᠪᠢᠳᠡ ᠪᠤᠷᠬᠠᠨ ᠢᠶᠠᠨ ᠣᠷᠬᠢᠵᠤ᠂ ᠪᠠᠯ ᠤᠨ ᠰᠢᠲᠦᠭᠡᠨ ᠨᠦᠭᠦᠳ ᠲᠦ ᠮᠥᠷᠭᠥᠭᠰᠡᠨ》 ᠭᠡᠬᠦ ᠳᠦ᠂ 11 ᠶᠣᠬᠣᠸᠠ ᠬᠠᠷᠢᠭᠤ ᠳᠤᠨᠢ᠄ 《ᠶᠧᠵᠢᠫᠲ᠋ᠴᠦᠳ᠂ ᠠᠮᠣᠷᠢᠴᠤᠳ᠂ ᠠᠮᠣᠨᠴᠤᠳ᠂ ᠹᠢᠯᠢᠰᠲ᠋ᠴᠦᠳ᠂ 12 ᠮᠥᠨ ᠰᠢᠢᠳᠣᠨᠴᠤᠳ᠂ ᠠᠮᠠᠯᠧᠺᠴᠤᠳ᠂ ᠮᠠᠶᠣᠨᠴᠤᠳ ᠲᠠ ᠨᠠᠷ ᠢ ᠳᠠᠷᠤᠯᠠᠬᠤ ᠳᠤ᠂ ᠲᠠ ᠨᠠᠷ ᠨᠠᠳᠠ ᠤᠷᠤᠭᠤ ᠬᠠᠰᠬᠢᠷᠤᠭᠰᠠᠨ ᠪᠠᠢᠯ᠎ᠠ᠃ ᠪᠢ ᠲᠠ ᠨᠠᠷ ᠢ ᠲᠡᠳᠡᠨ ᠦ ᠭᠠᠷ ᠠᠴᠠ ᠠᠪᠤᠷᠠᠭᠰᠠᠨ ᠪᠢᠰᠢ ᠭᠡᠵᠢ ᠤᠤ︖ 13 ᠭᠡᠪᠡᠴᠦ ᠲᠠ ᠨᠠᠷ ᠨᠠᠮᠠᠶᠢ ᠣᠷᠬᠢᠨ᠂ ᠥᠭᠡᠷ᠎ᠡ ᠪᠤᠷᠬᠠᠳ ᠲᠤ ᠮᠥᠷᠭᠥᠭᠰᠡᠨ᠃ ᠡᠢᠮᠦ ᠡᠴᠡ ᠪᠢ ᠲᠠ ᠨᠠᠷ ᠢ ᠳᠠᠬᠢᠭᠠᠳ ᠠᠪᠤᠷᠠᠬᠤ ᠦᠭᠡᠢ᠃ 14 ᠲᠠ ᠨᠠᠷ ᠰᠣᠩ᠋ᠭᠣᠭᠰᠠᠨ ᠪᠤᠷᠬᠠᠳ ᠲᠠᠭᠠᠨ ᠣᠴᠢᠵᠤ ᠬᠠᠰᠬᠢᠷ᠃ ᠵᠣᠪᠠᠬᠤ ᠴᠠᠭ ᠲᠤ ᠴᠢᠨᠢ ᠲᠡᠳᠡ ᠲᠠ ᠨᠠᠷ ᠢ ᠠᠪᠤᠷᠠᠭ》 ᠭᠡᠪᠡ᠃

15 ᠲᠡᠭᠡᠬᠦ ᠳᠦ ᠢᠰᠷᠧᠯᠴᠦᠳ ᠶᠣᠬᠣᠸᠠ ᠳᠤ᠄ 《ᠪᠢᠳᠡ ᠨᠢᠭᠦᠯ ᠦᠢᠯᠡᠳᠦᠭᠰᠡᠨ᠃ ᠲᠠ ᠥᠪᠡᠷ ᠦᠨ ᠲᠠᠭᠠᠯᠠᠭᠰᠠᠨ ᠪᠦᠬᠦᠨ ᠢᠶᠡᠨ ᠪᠢᠳᠡᠨ ᠳᠦ ᠦᠢᠯᠡᠳᠦᠭᠡᠴᠢ᠃ ᠬᠠᠷᠢᠨ ᠥᠨᠥᠳᠥᠷ ᠯᠠ ᠪᠢᠳᠡᠨ ᠢ ᠠᠪᠤᠷᠠᠭᠠᠴᠢ ᠳᠠ︕》 ᠬᠡᠮᠡᠨ ᠭᠤᠶᠤᠵᠤ᠂ 16 ᠬᠠᠷᠢ ᠶᠢᠨ ᠪᠤᠷᠬᠠᠳ ᠢ ᠳᠤᠮᠳᠠ ᠠᠴᠠ ᠪᠠᠨ ᠠᠪᠴᠤ ᠬᠠᠶᠠᠭᠠᠳ᠂ ᠶᠣᠬᠣᠸᠠ ᠳᠤ ᠦᠢᠯᠡᠴᠢᠯᠡᠵᠡᠢ᠃ ᠶᠣᠬᠣᠸᠠ ᠢᠰᠷᠧᠯ ᠤᠨ ᠭᠠᠰᠢᠭᠤᠨ ᠵᠣᠪᠠᠯᠠᠩ ᠢ ᠲᠡᠪᠴᠢᠵᠦ ᠴᠢᠳᠠᠬᠤ ᠦᠭᠡᠢ ᠪᠣᠯᠪᠠ᠃

17 ᠲᠡᠷᠡ ᠦᠶ᠎ᠡ ᠳᠦ ᠠᠮᠣᠨᠴᠤᠳ ᠪᠥᠭᠡᠮ ᠢᠶᠡᠷ ᠢᠷᠡᠵᠦ᠂ ᠭᠢᠯᠧᠶᠠᠳ᠋ ᠲᠤ ᠬᠤᠸᠠᠷᠠᠩᠨᠠᠭᠰᠠᠨ ᠳᠤ᠂ ᠢᠰᠷᠧᠯᠴᠦᠳ ᠴᠤ ᠴᠤᠭᠯᠠᠷᠠᠵᠤ ᠮᠢᠽᠫᠠ ᠳᠤ ᠬᠤᠸᠠᠷᠠᠩᠨᠠᠪᠠ᠃ 18 ᠭᠢᠯᠧᠶᠠᠳ᠋ ᠤᠨ ᠠᠷᠠᠳ ᠣᠯᠠᠨ ᠤ ᠤᠳᠤᠷᠢᠳᠤᠭᠴᠢᠳ ᠪᠡᠶ᠎ᠡ ᠪᠡᠶ᠎ᠡ ᠳᠡᠭᠡᠨ᠄ 《ᠠᠮᠣᠨᠴᠤᠳ ᠤᠨ ᠡᠰᠡᠷᠭᠦ ᠬᠣᠰᠢᠭᠤᠴᠢᠯᠠᠨ ᠲᠤᠯᠤᠯᠳᠤᠭᠴᠢ ᠨᠢ ᠬᠡᠨ ᠶᠤᠮ ᠪᠣᠯ︖ ᠲᠡᠷᠡ ᠭᠢᠯᠧᠶᠠᠳ᠋ ᠤᠨ ᠬᠠᠮᠤᠭ ᠰᠠᠭᠤᠭᠠᠯᠢᠴᠢᠳ ᠤᠨ ᠲᠡᠷᠢᠭᠦᠨ ᠪᠣᠯᠣᠨ᠎ᠠ》 ᠭᠡᠵᠡᠭᠡᠪᠡ᠃