ᠬᠠᠪᠠᠺᠦ᠋ᠺ ᠬᠣᠶᠠᠷ
1 ᠪᠢ ᠬᠠᠷᠠᠭᠤᠯ ᠳᠠᠭᠠᠨ ᠭᠠᠷᠴᠤ ᠴᠠᠮᠬᠠᠭ ᠳᠡᠭᠡᠷ᠎ᠡ ᠵᠣᠭᠰᠣᠨ᠎ᠠ ᠡᠢᠨ ᠬᠦ ᠪᠢ ᠲᠡᠭᠦᠨ ᠦ ᠨᠠᠳᠠ ᠳᠤ ᠶᠠᠭᠤ ᠠᠢᠯᠠᠳᠬᠤ ᠶᠢ ᠦᠵᠡᠶ᠎ᠡ ᠮᠥᠨ ᠵᠢᠮᠡᠯᠡᠭᠦᠯᠬᠦ ᠦᠶ᠎ᠡ ᠳᠡᠭᠡᠨ ᠬᠡᠷᠬᠢᠨ ᠬᠠᠷᠢᠭᠤᠯᠬᠤ ᠪᠠᠨ ᠮᠡᠳᠡᠶ᠎ᠡ᠃
ᠪᠤᠷᠬᠠᠨ ᠤ ᠬᠠᠷᠢᠭᠤ
2 ᠶᠣᠬᠣᠸᠠ ᠨᠠᠳᠠ ᠳᠤ ᠡᠢᠨ ᠬᠦ ᠬᠠᠷᠢᠭᠤᠯᠪᠠ᠄ 《ᠴᠢ ᠡᠨᠡ ᠢᠯᠡᠷᠬᠡᠶᠢᠯᠡᠯᠭᠡ ᠶᠢ ᠪᠢᠴᠢᠵᠦ ᠠᠪ ᠤᠩ᠋ᠰᠢᠭᠴᠢ ᠶᠢ ᠲᠦᠭᠳᠡᠷᠡᠭᠦᠯᠬᠦ ᠦᠭᠡᠢ ᠶᠢᠨ ᠲᠥᠯᠥᠭᠡ ᠬᠠᠪᠲᠠᠰᠤᠨ ᠳᠡᠭᠡᠷ᠎ᠡ ᠲᠣᠪ ᠲᠣᠳᠣᠷᠬᠠᠢ ᠪᠢᠴᠢ᠃
3 ᠡᠨᠡ ᠦᠵᠡᠭᠳᠡᠯ ᠲᠣᠪᠯᠠᠭᠰᠠᠨ ᠴᠠᠭ ᠲᠠᠭᠠᠨ ᠵᠣᠷᠢᠭᠤᠯᠤᠭᠳᠠᠪᠠ᠂ ᠬᠣᠵᠢᠮ ᠶᠠᠭᠤ ᠪᠣᠯᠬᠤ ᠶᠢ ᠲᠡᠷᠡ ᠬᠤᠳᠠᠯ ᠦᠭᠡᠢ ᠭᠡᠷᠡᠴᠢᠯᠡᠨ᠎ᠡ ᠬᠣᠢᠰᠢᠯᠠᠯ ᠦᠭᠡᠢ ᠵᠠᠪᠠᠯ ᠪᠡᠶᠡᠯᠡᠭᠳᠡᠬᠦ ᠲᠤᠯᠠ ᠬᠣᠴᠣᠷᠣᠭᠰᠠᠨ ᠴᠤ ᠬᠦᠯᠢᠶᠡ᠃
4 ᠰᠠᠭᠰᠠᠭᠤᠷᠠᠭᠴᠢ ᠶᠢ ᠬᠠᠷ᠎ᠠ᠂ ᠲᠡᠭᠦᠨ ᠦ ᠬᠦᠰᠡᠯ ᠪᠣᠳᠣᠯ ᠴᠢᠭ᠍ᠴᠢ ᠪᠢᠰᠢ ᠬᠠᠷᠢᠨ ᠵᠥᠪᠲᠦ ᠬᠥᠮᠦᠨ ᠢᠲᠡᠭᠡᠯ ᠢᠶᠡᠷ ᠢᠶᠠᠨ ᠠᠮᠢᠳᠤᠷᠠᠨ᠎ᠠ᠃
5 ᠭᠡᠪᠡᠴᠦ ᠶᠡᠬᠡᠷᠬᠡᠭ᠂ ᠬᠦᠴᠦᠲᠡᠨ ᠡᠳ᠋ ᠪᠠᠶᠠᠯᠢᠭ 1 ᠲᠤ ᠬᠠᠭᠤᠷᠲᠠᠨ ᠵᠦᠭᠡᠷ ᠰᠠᠭᠤᠵᠤ ᠴᠢᠳᠠᠳᠠᠭ ᠦᠭᠡᠢ ᠰᠢᠨᠤᠯ ᠨᠢ ᠦᠬᠦᠭᠰᠡᠳ ᠦᠨ ᠣᠷᠣᠨ ᠮᠡᠲᠦ ᠥᠷᠭᠡᠨ ᠦᠬᠦᠯ ᠲᠡᠢ ᠠᠳᠠᠯᠢ ᠬᠠᠨᠤᠰᠢ ᠦᠭᠡᠢ ᠲᠡᠷᠡ ᠪᠦᠬᠦ ᠭᠦᠷᠦᠨ ᠢ ᠥᠪᠡᠷ ᠤᠷᠤᠭᠤ ᠪᠠᠨ ᠴᠤᠭᠯᠠᠭᠤᠯᠤᠨ ᠪᠦᠬᠦ ᠦᠨᠳᠦᠰᠦᠲᠡᠨ ᠢ ᠥᠪᠡᠷ ᠲᠡᠭᠡᠨ ᠬᠤᠷᠢᠶᠠᠨ᠎ᠠ᠃
6 ᠲᠡᠳᠡ ᠪᠦᠭᠦᠳᠡ ᠲᠡᠭᠦᠨ ᠢ ᠶᠣᠭᠲᠠ ᠦᠭᠡ ᠪᠡᠷ ᠳᠣᠭᠣᠭᠢᠯᠠᠨ ᠳᠣᠷᠣᠮᠵᠢᠯᠠᠵᠤ 〈ᠥᠪᠡᠷ ᠦᠨ ᠢᠶᠠᠨ ᠪᠤᠰᠤ ᠵᠦᠢᠯ ᠢ ᠣᠯᠠᠰᠢᠷᠠᠭᠤᠯᠵᠤ ᠠᠪᠤᠭᠰᠠᠨ ᠪᠠᠷᠢᠴᠠᠭ᠎ᠠ ᠪᠠᠷ ᠢᠶᠠᠨ ᠥᠪᠡᠷ ᠢ ᠪᠠᠨ ᠪᠠᠶᠠᠵᠢᠭᠤᠯᠤᠭᠴᠢ ᠨᠢ ᠭᠠᠰᠠᠯᠠᠩᠲᠠᠶ᠎ᠠ︕ ᠬᠡᠳᠦᠢ ᠪᠣᠯᠲᠠᠯ᠎ᠠ ᠢᠩᠭᠢᠭᠰᠡᠭᠡᠷ ᠪᠠᠢᠬᠤ ᠶᠤᠮ ᠪᠣᠯ︖〉 ᠭᠡᠬᠦ ᠦᠭᠡᠢ ᠭᠡᠵᠢ ᠤᠤ︖
7 ᠴᠢᠮ᠎ᠠ ᠳᠤ ᠵᠢᠭᠡᠯᠡᠭᠦᠯᠬᠦ ᠬᠥᠮᠦᠰ ᠭᠡᠨᠡᠳᠲᠡ ᠪᠣᠰᠬᠤ ᠦᠭᠡᠢ ᠭᠡᠵᠢ ᠤᠤ︖ ᠴᠢᠮᠠᠶᠢ ᠴᠡᠴᠡᠷᠡᠭᠦᠯᠬᠦ ᠬᠥᠮᠦᠰ ᠰᠡᠷᠢᠬᠦ ᠦᠭᠡᠢ ᠭᠡᠵᠢ ᠤᠤ︖ ᠴᠢ ᠲᠡᠳᠡᠨ ᠳᠦ ᠣᠯᠵᠠᠯᠠᠭᠳᠠᠨ᠎ᠠ᠃
8 ᠴᠢ ᠬᠥᠮᠦᠨ ᠦ ᠴᠢᠰᠤ ᠶᠢ ᠤᠷᠤᠰᠬᠠᠨ᠂ ᠭᠠᠵᠠᠷ ᠪᠠ ᠬᠣᠲᠠ ᠨᠤᠭᠤᠳ ᠢ ᠬᠠᠮᠤᠭ ᠰᠠᠭᠤᠭᠠᠯᠢᠴᠢᠳ ᠲᠠᠢ ᠨᠢ ᠬᠠᠮᠲᠤ ᠰᠦᠢᠷᠡᠭᠦᠯᠳᠡᠭ᠂ ᠴᠢ ᠣᠯᠠᠨ ᠭᠦᠷᠦᠨ ᠢ ᠳᠡᠭᠡᠷᠡᠮᠳᠡᠭᠰᠡᠨ ᠲᠤᠯᠠ ᠦᠨᠳᠦᠰᠦᠲᠡᠨ ᠨᠦᠭᠦᠳ ᠦᠨ ᠦᠯᠡᠳᠡᠭᠰᠡᠳ ᠴᠢᠮᠠᠶᠢ ᠳᠡᠭᠡᠷᠡᠮᠳᠡᠬᠦ ᠪᠣᠯᠣᠨ᠎ᠠ᠃
9 ᠥᠪᠡᠷ ᠦᠨ ᠭᠡᠷ ᠦᠨ ᠬᠢᠨ ᠤ ᠪᠠᠨ ᠲᠥᠯᠥᠭᠡ ᠵᠥᠪ ᠪᠤᠰᠤ ᠠᠰᠢᠭ ᠬᠤᠷᠢᠶᠠᠭᠴᠢ ᠡ ᠠᠶᠤᠯ ᠭᠠᠮᠰᠢᠭ ᠠᠴᠠ ᠮᠤᠯᠲᠤᠷᠠᠬᠤ ᠭᠡᠳ ᠥᠨᠳᠥᠷ ᠲᠦ ᠡᠭᠦᠷ ᠢᠶᠡᠨ ᠵᠠᠰᠠᠭᠰᠠᠨ ᠴᠤ ᠭᠠᠰᠠᠯᠠᠩᠲᠠᠶ᠎ᠠ︕
10 ᠣᠯᠠᠨ ᠦᠨᠳᠦᠰᠦᠲᠡᠨ ᠢ ᠤᠰᠠᠳᠬᠠᠭᠰᠠᠨ ᠢᠶᠠᠷ ᠢᠶᠠᠨ ᠴᠢ ᠥᠪᠡᠷ ᠦᠨ ᠢᠶᠠᠨ ᠭᠡᠷ ᠦᠨ ᠬᠢᠨ ᠢ ᠢᠴᠢᠭᠦᠷᠢ ᠳᠤ ᠣᠷᠣᠭᠤᠯᠵᠤ ᠠᠮᠢ ᠪᠠᠨ ᠠᠯᠳᠠᠬᠤ ᠪᠣᠯᠣᠯ᠎ᠠ᠃
11 ᠴᠢᠯᠠᠭᠤ ᠴᠤ ᠬᠠᠨ᠎ᠠ ᠠᠴᠠ ᠬᠠᠰᠬᠢᠷᠴᠤ ᠲᠠᠭᠠᠵᠠ ᠶᠢᠨ ᠨᠢᠷᠤᠭᠤ ᠲᠡᠭᠦᠨ ᠳᠦ ᠬᠠᠷᠢᠭᠤᠯᠬᠤ ᠪᠣᠯᠣᠨ᠎ᠠ᠃
12 ᠴᠢᠰᠤ ᠪᠠᠷ ᠬᠣᠲᠠ ᠪᠣᠰᠬᠠᠵᠤ ᠬᠦᠴᠦᠷᠬᠡᠭᠯᠡᠯ ᠢᠶᠡᠷ ᠲᠣᠰᠬᠣᠨ ᠪᠠᠢᠭᠤᠯᠤᠭᠴᠢ ᠭᠠᠰᠠᠯᠠᠩᠲᠠᠶ᠎ᠠ︕
13 ᠭᠠᠯ ᠳᠤ ᠰᠢᠲᠠᠭᠠᠭᠳᠠᠬᠤ ᠵᠦᠢᠯᠡᠰ ᠦᠨ ᠲᠥᠯᠥᠭᠡ ᠦᠨᠳᠦᠰᠦᠲᠡᠨ ᠨᠦᠭᠦᠳ ᠵᠦᠳᠡᠷᠡᠵᠦ ᠬᠣᠭᠣᠰᠣᠨ ᠤ ᠲᠥᠯᠥᠭᠡ ᠭᠦᠷᠦᠨ ᠨᠦᠭᠦᠳ ᠶᠠᠳᠠᠷᠠᠬᠤ ᠨᠢ ᠠᠤᠭ᠎ᠠ ᠬᠦᠴᠦᠲᠦ ᠶᠣᠬᠣᠸᠠ ᠠᠴᠠ ᠪᠢᠰᠢ ᠤᠤ︖
14 ᠬᠠᠷᠢᠨ ᠳᠠᠯᠠᠢ ᠨᠢ ᠤᠰᠤ ᠪᠠᠷ ᠪᠦᠷᠬᠦᠭᠳᠡᠳᠡᠭ ᠦᠨ ᠠᠳᠠᠯᠢ ᠳᠡᠯᠡᠬᠡᠢ ᠨᠢ ᠶᠣᠬᠣᠸᠠ ᠶᠢᠨ ᠠᠯᠳᠠᠷ ᠰᠤᠤᠲᠤ ᠮᠡᠳᠡᠯᠭᠡ ᠪᠡᠷ ᠳᠦᠭᠦᠷᠬᠦ ᠪᠣᠯᠣᠨ᠎ᠠ᠃
15 ᠬᠥᠷᠰᠢ ᠳᠡᠭᠡᠨ ᠠᠷᠢᠬᠢ ᠤᠤᠭᠤᠯᠭᠠᠨ᠂ ᠬᠣᠣᠷ ᠨᠡᠮᠡᠨ ᠰᠣᠭᠲᠣᠭᠠᠵᠤ ᠨᠢᠴᠦᠭᠦᠨ ᠢ ᠨᠢ ᠦᠵᠡᠬᠦ ᠭᠡᠭᠴᠢ ᠨᠢ ᠭᠠᠰᠠᠯᠠᠩᠲᠠᠶ᠎ᠠ︕
16 ᠴᠢ ᠠᠯᠳᠠᠷ ᠢᠶᠠᠷ ᠪᠤᠰᠤ᠂ ᠢᠴᠢᠭᠦᠷᠢ ᠪᠠᠷ ᠳᠦᠭᠦᠷᠬᠦ ᠪᠣᠯᠣᠨ᠎ᠠ ᠴᠢ ᠪᠠᠰᠠ ᠤᠤᠭᠤᠵᠤ᠂ ᠬᠥᠨᠳᠡᠭᠦᠯᠦᠭᠡ ᠦᠭᠡᠢ ᠬᠥᠪᠴᠢᠷᠬᠡᠢ ᠪᠡᠨ ᠬᠠᠷᠠᠭᠤᠯᠤᠨ᠎ᠠ᠂ ᠶᠣᠬᠣᠸᠠ ᠶᠢᠨ ᠪᠠᠷᠠᠭᠤᠨ ᠮᠤᠲᠤᠷ ᠳᠠᠬᠢ ᠠᠶᠠᠭ᠎ᠠ ᠴᠢᠮ᠎ᠠ ᠤᠷᠤᠭᠤ ᠢᠷᠡᠵᠦ ᠠᠯᠳᠠᠷ ᠤᠨ ᠴᠢᠨᠢ ᠣᠷᠣᠨ ᠳᠤ ᠢᠴᠢᠭᠦᠷᠢ ᠪᠠᠢᠬᠤ ᠪᠣᠯᠣᠨ᠎ᠠ᠃
17 ᠴᠢ ᠬᠥᠮᠦᠨ ᠦ ᠴᠢᠰᠤ ᠶᠢ ᠤᠷᠤᠰᠬᠠᠵᠤ ᠭᠠᠵᠠᠷ ᠤᠳ ᠪᠠ ᠬᠣᠲᠠ ᠨᠤᠭᠤᠳ ᠢ ᠪᠦᠬᠦ ᠰᠠᠭᠤᠭᠠᠯᠢᠴᠢᠳ ᠲᠠᠢ ᠨᠢ ᠬᠠᠮᠲᠤ ᠰᠦᠢᠷᠡᠭᠦᠯᠦᠭᠰᠡᠨ ᠦ ᠤᠯᠠᠮ ᠢᠶᠠᠷ ᠯᠧᠪᠠᠨᠣᠨ ᠳᠤ ᠦᠢᠯᠡᠳᠦᠭᠰᠡᠨ ᠬᠠᠷᠭᠢᠰᠯᠠᠯ ᠴᠢᠨᠢ ᠴᠢᠮ᠎ᠠ ᠳᠡᠭᠡᠷ᠎ᠡ ᠪᠠᠭᠤᠨ᠎ᠠ ᠰᠦᠢᠷᠡᠭᠰᠡᠨ ᠠᠮᠢᠲᠠᠳ ᠴᠢᠮᠠᠶᠢ ᠰᠦᠷᠳᠡᠭᠦᠯᠦᠨ᠎ᠡ᠂
18 ᠰᠢᠲᠦᠭᠡᠨ ᠢ ᠬᠥᠮᠦᠨ ᠰᠡᠢᠯᠵᠦ ᠪᠦᠲᠦᠭᠡᠭᠰᠡᠨ ᠬᠣᠢᠨ᠎ᠠ ᠠᠰᠢᠭ ᠲᠤᠰᠠ ᠨᠢ ᠶᠠᠭᠤ ᠪᠤᠢ︖ ᠴᠢᠳᠬᠤᠮᠠᠯ ᠰᠢᠲᠦᠭᠡᠨ ᠪᠣᠯ ᠬᠠᠭᠤᠷᠮᠠᠭ ᠪᠠᠭᠰᠢ ᠶᠤᠮ᠂ ᠪᠦᠲᠦᠭᠡᠭᠴᠢ ᠨᠢ ᠬᠡᠯᠡ ᠦᠭᠡᠢ ᠪᠤᠷᠬᠠᠳ ᠢ ᠬᠢᠳᠡᠭ ᠠᠲᠠᠯ᠎ᠠ ᠪᠠᠨ ᠥᠪᠡᠷ ᠦᠨ ᠢᠶᠠᠨ ᠪᠦᠲᠦᠭᠡᠯ ᠳᠦ ᠢᠲᠡᠭᠡᠳᠡᠭ ᠭᠡᠨ᠎ᠡ︕
19 ᠮᠣᠳᠣᠨ ᠳᠤ᠄ 《ᠰᠡᠷᠢᠭᠡᠴᠢ︕》 ᠭᠡᠵᠦ ᠳᠦᠯᠡᠢ ᠴᠢᠯᠠᠭᠤᠨ ᠳᠤ᠄ 《ᠪᠣᠰᠣᠭᠠᠴᠢ︕》 ᠭᠡᠭᠴᠢ ᠨᠢ ᠭᠠᠰᠠᠯᠠᠩᠲᠠᠶ᠎ᠠ︕ ᠲᠡᠷᠡ ᠶᠠᠭᠤᠮᠠᠰ ᠴᠢᠨᠢ ᠪᠠᠭᠰᠢᠯᠠᠨ᠎ᠠ ᠭᠡᠵᠢ ᠳᠠ︕ ᠬᠠᠷ᠎ᠠ᠂ ᠲᠡᠳᠡ ᠴᠢᠨᠢ ᠠᠯᠲᠠ ᠮᠥᠩᠭᠥ ᠪᠡᠷ ᠪᠦᠷᠢᠭᠦᠯᠦᠭᠰᠡᠨ︕ ᠳᠣᠲᠣᠷ᠎ᠠ ᠨᠢ ᠶᠠᠮᠠᠷ ᠴᠤ ᠠᠮᠢᠰᠬᠤᠯ ᠪᠠᠢᠬᠤ ᠦᠭᠡᠢ᠃
20 ᠬᠠᠷᠢᠨ ᠶᠣᠬᠣᠸᠠ ᠠᠷᠢᠭᠤᠨ ᠣᠷᠳᠣᠨ ᠳᠠᠭᠠᠨ ᠪᠠᠢᠳᠠᠭ ᠪᠦᠬᠦ ᠳᠡᠯᠡᠬᠡᠢ ᠲᠡᠭᠦᠨ ᠦ ᠡᠮᠦᠨ᠎ᠡ ᠳᠠᠭᠤ ᠦᠭᠡᠢ ᠪᠠᠢᠭ᠃》