ᠬᠠᠪᠠᠺᠦ᠋ᠺ ᠭᠤᠷᠪᠠ
ᠡᠰᠢ ᠦᠵᠡᠭᠦᠯᠦᠭᠴᠢ ᠶᠢᠨ ᠳᠠᠭᠠᠳᠬᠠᠯ
1 ᠰᠢᠭᠢᠶᠣᠨᠣᠲ 2 ᠲᠤ ᠨᠡᠢᠴᠡᠭᠦᠯᠦᠭᠰᠡᠨ ᠡᠰᠢ ᠦᠵᠡᠭᠦᠯᠦᠭᠴᠢ ᠬᠠᠪᠠᠺᠦ᠋ᠺ ᠤᠨ ᠳᠠᠭᠠᠳᠬᠠᠯ᠄
2 ᠶᠣᠬᠣᠸᠠ᠂ ᠪᠢ ᠲᠠᠨ ᠤ ᠰᠣᠨᠣᠰᠬᠠᠭᠰᠠᠨ ᠢ ᠰᠣᠨᠣᠰᠣᠭᠠᠳ ᠡᠮᠢᠶᠡᠪᠡ ᠶᠣᠬᠣᠸᠠ ᠪᠢᠳᠡᠨ ᠦ ᠵᠢᠯ ᠤᠳ ᠢᠶᠠᠷ ᠦᠢᠯᠡ ᠪᠡᠨ ᠰᠡᠷᠭᠦᠭᠡᠭᠡᠴᠢ ᠪᠢᠳᠡᠨ ᠦ ᠵᠢᠯ ᠤᠳ ᠲᠤ ᠮᠡᠳᠡᠭᠦᠯᠦᠭᠡᠴᠢ ᠠᠭᠤᠷᠯᠠᠬᠤ ᠳᠠᠭᠠᠨ ᠥᠷᠥᠰᠢᠶᠡᠯ ᠢᠶᠡᠨ ᠰᠠᠨᠠᠭᠠᠴᠢ᠃
3 ᠪᠤᠷᠬᠠᠨ ᠲᠧᠮᠠᠨ ᠠᠴᠠ ᠠᠢᠰᠤᠢ ᠠᠷᠢᠭᠤᠨ ᠨᠢᠭᠡᠨ ᠫᠠᠷᠠᠨ ᠠᠭᠤᠯᠠ ᠠᠴᠠ ᠠᠢᠰᠤᠢ
ᠰᠧᠯᠠ
ᠰᠦᠷ ᠵᠢᠪᠬᠤᠯᠠᠩ ᠨᠢ ᠲᠩᠷᠢ ᠶᠢ ᠪᠦᠷᠬᠦᠵᠦ ᠮᠠᠭᠲᠠᠭᠠᠯ ᠨᠢ ᠳᠡᠯᠡᠬᠡᠢ ᠶᠢ ᠪᠢᠯᠬᠠᠭᠠᠪᠠ᠂
4 ᠭᠡᠭᠡ ᠨᠢ ᠨᠠᠷᠠ ᠮᠡᠲᠦ ᠬᠦᠴᠦ ᠨᠢᠭᠤᠭᠳᠠᠭᠰᠠᠨ ᠮᠤᠲᠤᠷ ᠠᠴᠠ ᠨᠢ ᠬᠣᠣᠰ ᠭᠡᠷᠡᠯ ᠰᠠᠴᠤᠷᠠᠨ᠎ᠠ᠂
5 ᠡᠮᠦᠨ᠎ᠡ ᠨᠢ ᠲᠠᠬᠤᠯ ᠶᠠᠪᠤᠵᠤ ᠠᠷᠤ ᠠᠴᠠ ᠨᠢ ᠳᠥᠯᠥ ᠪᠣᠷᠪᠢᠳᠠᠳᠠᠭ᠃
6 ᠲᠡᠷᠡ ᠵᠣᠭᠰᠣᠵᠤ᠂ ᠭᠠᠵᠠᠷ ᠢ ᠰᠡᠭᠰᠦᠷᠪᠡ ᠲᠡᠷᠡ ᠬᠠᠷᠠᠵᠤ᠂ ᠦᠨᠳᠦᠰᠦᠲᠡᠨ ᠨᠦᠭᠦᠳ ᠢ ᠰᠣᠴᠢᠭᠠᠪᠠ ᠡᠭᠦᠷᠢᠳᠡ ᠶᠢᠨ ᠠᠭᠤᠯᠠᠰ ᠪᠤᠲᠠᠷᠠᠵᠤ ᠥᠨᠢ ᠡᠷᠲᠡᠨ ᠦ ᠲᠣᠯᠣᠭᠠᠳ ᠬᠣᠲᠣᠢᠪᠠ ᠬᠠᠷᠢᠨ ᠲᠡᠭᠦᠨ ᠦ ᠦᠢᠯᠡᠰ ᠡᠭᠦᠷᠢᠳᠡ ᠶᠢᠨ ᠬᠢ ᠶᠤᠮ᠃
7 ᠪᠢ ᠬᠠᠷᠠᠬᠤ ᠳᠤ ᠺᠦᠱᠠᠨ ᠤ ᠭᠡᠷ ᠤᠳ ᠭᠤᠲᠤᠷᠠᠪᠠ ᠮᠢᠳᠢᠶᠠᠨ ᠨᠤᠲᠤᠭ ᠤᠨ ᠮᠠᠢᠬᠠᠨ ᠤ ᠬᠥᠰᠢᠭᠡ ᠴᠡᠴᠡᠷᠡᠪᠡ᠂
8 ᠶᠣᠬᠣᠸᠠ ᠲᠠ ᠮᠥᠷᠡᠨ ᠳᠦ ᠬᠢᠯᠢᠩᠨᠡᠭᠰᠡᠨ ᠭᠡᠵᠢ ᠤᠤ︖ ᠲᠠ ᠮᠥᠷᠡᠨ ᠳᠦ ᠠᠭᠤᠷᠯᠠᠭᠰᠠᠨ ᠭᠡᠵᠢ ᠤᠤ︖ ᠲᠠ ᠲᠠᠩᠭᠢᠰ ᠢ ᠵᠢᠭ᠍ᠰᠢᠭᠰᠡᠨ ᠲᠤᠯᠠ ᠮᠣᠷᠢᠨ ᠳᠠᠭᠠᠨ ᠮᠣᠷᠳᠠᠨ ᠠᠪᠤᠷᠠᠯ ᠤᠨ ᠲᠡᠷᠭᠡᠨ ᠳᠡᠭᠡᠨ ᠭᠠᠷᠤᠭᠰᠠᠨ ᠤᠤ︖
9 ᠲᠠ ᠨᠤᠮᠤ ᠪᠠᠨ ᠲᠠᠲᠠᠪᠠ ᠰᠤᠮᠤᠨ ᠳᠠᠭᠠᠨ ᠲᠤᠰᠢᠶᠠᠪᠠ᠂
ᠰᠧᠯᠠ
ᠲᠠ ᠭᠠᠵᠠᠷ ᠢ ᠮᠥᠷᠡᠨ ᠢᠶᠡᠷ ᠬᠤᠪᠢᠶᠠᠭᠰᠠᠨ ᠪᠢᠯᠡ
10 ᠠᠭᠤᠯᠠᠰ ᠲᠠᠨ ᠢ ᠬᠠᠷᠠᠭᠠᠳ ᠭᠠᠩ᠋ᠬᠤᠪᠠ ᠤᠰᠤ ᠬᠦᠷᠬᠢᠷᠡᠨ ᠥᠩᠭᠡᠷᠡᠪᠡ ᠭᠦᠨ ᠳᠠᠯᠠᠢ ᠬᠦᠷᠴᠢᠭᠢᠨᠡᠨ ᠭᠠᠷ ᠢᠶᠠᠨ ᠥᠨᠳᠥᠷ ᠲᠦ ᠡᠷᠭᠦᠪᠡ᠂
11 ᠬᠠᠷᠪᠤᠬᠤ ᠰᠤᠮᠤ ᠨᠤᠭᠤᠳ ᠲᠠᠨᠢ ᠭᠢᠯᠪᠠᠬᠤ ᠳᠤ ᠭᠢᠯᠠᠯᠵᠠᠬᠤ ᠵᠢᠳᠠ ᠲᠠᠨᠢ ᠴᠠᠢᠯᠵᠠᠬᠤ ᠳᠤ ᠨᠠᠷᠠ ᠰᠠᠷ᠎ᠠ ᠪᠠᠢᠷᠢᠨ ᠳᠠᠭᠠᠨ ᠲᠣᠭᠲᠠᠪᠠ᠂
12 ᠲᠠ ᠠᠭᠤᠷ ᠲᠠᠢ ᠪᠠᠷ ᠭᠠᠵᠠᠷ ᠢ ᠳᠡᠪᠰᠡᠨᠡ ᠬᠢᠯᠢᠩ ᠲᠠᠢ ᠪᠠᠷ ᠦᠨᠳᠦᠰᠦᠲᠡᠨ ᠨᠦᠭᠦᠳ ᠢ ᠲᠠᠯᠬᠢᠳᠠᠨᠠ᠃
13 ᠲᠠ ᠠᠷᠠᠳ ᠲᠦᠮᠡᠨ ᠢᠶᠡᠨ ᠠᠪᠤᠷᠠᠬᠤ ᠪᠠᠷ ᠲᠣᠰᠣᠯᠠᠭᠳᠠᠭᠰᠠᠨ ᠨᠢᠭᠡᠨ ᠢᠶᠡᠨ ᠠᠪᠤᠷᠠᠬᠤ ᠪᠠᠷ ᠭᠠᠷᠴᠤ ᠢᠷᠡᠪᠡ ᠪᠤᠷᠤᠭᠤᠲᠠᠨ ᠤ ᠭᠡᠷ ᠦᠨ ᠳᠡᠭᠡᠪᠦᠷ ᠢ ᠴᠣᠬᠢᠨ ᠰᠠᠭᠤᠷᠢ ᠡᠴᠡ ᠨᠢ ᠣᠷᠣᠢ ᠬᠦᠷᠲᠡᠯ᠎ᠡ ᠨᠢ ᠢᠯᠡ ᠭᠠᠷᠭᠠᠪᠠ᠃
ᠰᠧᠯᠠ
14 ᠲᠡᠳᠡ ᠬᠤᠢ ᠰᠠᠯᠬᠢ ᠮᠡᠲᠦ ᠢᠷᠡᠵᠦ ᠪᠢᠳᠡᠨ ᠢ ᠪᠤᠲᠠᠷᠠᠭᠠᠬᠤ ᠭᠡᠬᠦ ᠳᠦ ᠲᠡᠳᠡ ᠬᠣᠷᠭᠣᠳᠠᠬᠤ ᠭᠠᠵᠠᠷ ᠤᠨ ᠶᠠᠳᠠᠭᠤᠰ ᠢ ᠵᠠᠯᠭᠢᠵᠤ ᠪᠠᠶᠠᠷᠯᠠᠬᠤ ᠭᠡᠬᠦ ᠳᠦ ᠲᠠ ᠥᠪᠡᠷ ᠦᠨ ᠢᠶᠠᠨ ᠵᠢᠳᠠ ᠪᠠᠷ ᠳᠠᠢᠴᠢᠳ ᠤᠨ ᠬᠢᠨᠢ ᠲᠣᠯᠣᠭᠠᠢ ᠶᠢ ᠬᠠᠳᠬᠤᠭᠰᠠᠨ ᠪᠢᠯᠡ᠂
15 ᠲᠠ ᠮᠣᠷᠢ ᠪᠠᠷ ᠳᠠᠯᠠᠢ ᠶᠢ ᠶᠡᠬᠡ ᠤᠰᠤᠨ ᠤ ᠳᠠᠪᠠᠯᠭᠠᠨ ᠢ ᠳᠡᠪᠰᠡᠯᠡᠪᠡ᠃
16 ᠲᠡᠷᠡ ᠳᠠᠭᠤ ᠶᠢ ᠪᠢ ᠰᠣᠨᠣᠰᠣᠭᠠᠳ ᠵᠢᠷᠦᠬᠡ ᠮᠢᠨᠢ ᠳᠡᠯᠡᠰᠴᠦ ᠣᠷᠣᠭᠤᠯ ᠮᠢᠨᠢ ᠴᠡᠴᠡᠷᠡᠨ ᠶᠠᠰᠤᠨ ᠳᠤ ᠮᠢᠨᠢ ᠢᠯᠵᠠᠷᠠᠯ ᠣᠷᠣᠵᠤ ᠬᠥᠯ ᠮᠢᠨᠢ ᠰᠠᠯᠭᠠᠨᠠᠪᠠ ᠬᠠᠷᠢᠨ ᠪᠢ ᠪᠢᠳᠡᠨ ᠢ ᠳᠣᠪᠲᠣᠯᠣᠭᠴᠢ ᠦᠨᠳᠦᠰᠦᠲᠡᠨ ᠳᠦ ᠢᠷᠡᠬᠦ ᠵᠣᠪᠠᠯᠠᠩ ᠤᠨ ᠡᠳᠦᠷ ᠢ ᠴᠢᠮᠡᠭᠡ ᠦᠭᠡᠢ ᠬᠦᠯᠢᠶᠡᠨ᠎ᠡ᠂
17 ᠬᠡᠳᠦᠢᠪᠡᠷ ᠢᠨᠵᠢᠷ ᠤᠨ ᠮᠣᠳᠣ ᠴᠡᠴᠡᠭ ᠦᠭᠡᠢ ᠦᠵᠦᠮ ᠦᠨ ᠮᠣᠳᠣ ᠵᠢᠮᠢᠰ ᠦᠭᠡᠢ ᠴᠢᠳᠦᠨ ᠮᠣᠳᠣᠨ ᠤ ᠭᠠᠷᠤᠯᠲᠠ ᠬᠣᠮᠰᠠᠳᠠᠵᠤ ᠲᠠᠯᠠᠪᠠᠢ ᠠᠴᠠ ᠬᠦᠨᠡᠰᠦ ᠭᠠᠷᠬᠤ ᠦᠭᠡᠢ ᠪᠠᠢᠭᠰᠠᠨ ᠴᠤ ᠮᠥᠨ ᠬᠠᠰᠢᠶᠠᠨ ᠳᠠᠭᠠᠨ ᠬᠣᠨᠢ ᠦᠭᠡᠢ ᠰᠠᠷᠠᠪᠴᠢᠨ ᠳᠠᠭᠠᠨ ᠦᠬᠡᠷ ᠦᠭᠡᠢ ᠪᠠᠢᠭᠰᠠᠨ ᠴᠤ
18 ᠪᠢ ᠶᠣᠬᠣᠸᠠ ᠶᠢᠨ ᠳᠣᠲᠣᠷ᠎ᠠ ᠪᠠᠶᠠᠰᠤᠨ᠎ᠠ ᠪᠢ ᠠᠪᠤᠷᠠᠯ ᠤᠨ ᠢᠶᠠᠨ ᠪᠤᠷᠬᠠᠨ ᠳᠣᠲᠣᠷ᠎ᠠ ᠪᠠᠶᠠᠷᠯᠠᠨ᠎ᠠ᠃
19 ᠡᠵᠡᠨ ᠶᠣᠬᠣᠸᠠ ᠪᠣᠯ ᠮᠢᠨᠦ ᠬᠦᠴᠦ︕ ᠲᠡᠷᠡ ᠬᠥᠯ ᠢ ᠮᠢᠨᠢ ᠰᠣᠭᠣ ᠶᠢᠨ ᠬᠥᠯ ᠮᠡᠲᠦ ᠪᠣᠯᠭᠠᠵᠤ ᠲᠡᠷᠡ ᠨᠠᠮᠠᠶᠢ ᠥᠨᠳᠥᠷ ᠭᠠᠵᠠᠷ ᠤᠳ ᠢᠶᠠᠷ ᠮᠢᠨᠢ ᠶᠠᠪᠤᠭᠤᠯᠤᠨ᠎ᠠ᠃ ᠡᠨᠡ ᠳᠠᠭᠤᠤ ᠶᠢ ᠤᠳᠤᠷᠢᠳᠤᠭᠠᠴᠢ ᠳᠤ᠂ ᠬᠥᠭᠵᠢᠮ ᠳᠡᠭᠡᠷ᠎ᠡ ᠲᠣᠭᠯᠠᠬᠤ ᠳᠤ ᠵᠣᠷᠢᠭᠤᠯᠪᠠ᠃