ᠶᠧᠷᠧᠮᠢᠶ᠎ᠠ ᠶᠢᠨ ᠭᠠᠰᠢᠭᠤᠳᠠᠯ ᠬᠣᠶᠠᠷ
ᠶᠣᠬᠣᠸᠠ ᠶᠢᠨ ᠰᠢᠳᠬᠡᠯ
1 ᠥ᠂ ᠡᠵᠡᠨ ᠥᠬᠢᠨ ᠽᠢᠶᠣᠨ ᠢ ᠠᠭᠤᠷ ᠬᠢᠯᠢᠩ ᠤᠨ ᠢᠶᠠᠨ ᠡᠭᠦᠯᠡ ᠪᠡᠷ ᠪᠦᠷᠬᠦᠵᠦ ᠢᠰᠷᠧᠯ ᠤᠨ ᠠᠯᠳᠠᠷ ᠰᠤᠤ ᠶᠢ ᠲᠩᠷᠢ ᠡᠴᠡ ᠭᠠᠵᠠᠷ ᠤᠷᠤᠭᠤ ᠰᠢᠳᠡᠭᠰᠡᠨ ᠪᠠᠢᠨ᠎ᠠ︕ ᠬᠢᠯᠢᠩ ᠤᠨ ᠢᠶᠠᠨ ᠡᠳᠦᠷ ᠲᠦ ᠲᠡᠷᠡ ᠬᠥᠯ ᠦᠨ ᠢᠶᠠᠨ ᠭᠢᠰᠬᠢᠭᠦᠷ ᠢ ᠣᠢᠰᠢᠶᠠᠭᠰᠠᠨ ᠦᠭᠡᠢ᠃
2 ᠡᠵᠡᠨ ᠶᠠᠺᠣᠪ ᠤᠨ ᠪᠦᠬᠦ ᠰᠠᠭᠤᠴᠠ ᠶᠢ ᠡᠨᠡᠷᠢᠯ ᠦᠭᠡᠢ ᠵᠠᠯᠭᠢᠪᠠ ᠠᠭᠤᠷ ᠬᠢᠯᠢᠩ ᠤᠨ ᠢᠶᠠᠨ ᠤᠯᠠᠮ ᠢᠶᠠᠷ ᠥᠬᠢᠨ ᠶᠦᠳᠠ ᠶᠢᠨ ᠪᠡᠬᠢᠯᠡᠯᠲᠡ ᠨᠦᠭᠦᠳ ᠢ ᠨᠤᠷᠠᠭᠠᠪᠠ ᠬᠠᠭᠠᠨᠴᠢᠯᠠᠯ ᠢ ᠨᠣᠶᠠᠳ ᠲᠠᠢ ᠨᠢ ᠭᠠᠵᠠᠷ ᠲᠤ ᠬᠦᠷᠭᠡᠵᠦ ᠭᠤᠲᠤᠭᠠᠪᠠ᠂
3 ᠲᠡᠷᠡ ᠳᠣᠭᠰᠢᠨ ᠠᠭᠤᠷ ᠲᠠᠭᠠᠨ ᠢᠰᠷᠧᠯ ᠤᠨ ᠪᠦᠬᠦ ᠡᠪᠡᠷ ᠢ ᠬᠤᠭᠤᠯᠪᠠ ᠳᠠᠢᠰᠤᠨ ᠨᠤᠭᠤᠳ ᠤᠨ ᠡᠮᠦᠨ᠎ᠡ ᠪᠠᠷᠠᠭᠤᠨ ᠮᠤᠲᠤᠷ ᠢᠶᠠᠨ ᠲᠠᠲᠠᠨ ᠠᠪᠤᠪᠠ ᠳᠦᠷᠡᠯᠵᠡᠭᠰᠡᠨ ᠭᠠᠯ ᠡᠷᠭᠢᠨ ᠲᠣᠭᠣᠷᠢᠨ ᠤ ᠪᠠᠨ ᠪᠦᠬᠦᠨ ᠢ ᠵᠠᠯᠭᠢᠬᠤ ᠮᠡᠲᠦ ᠶᠠᠺᠣᠪ ᠤᠨ ᠬᠢᠨ ᠢ ᠰᠢᠲᠠᠭᠠᠪᠠ᠃
4 ᠳᠠᠢᠨ ᠳᠤ ᠪᠡᠯᠡᠬᠡᠨ ᠪᠠᠷᠠᠭᠤᠨ ᠮᠤᠲᠤᠷ ᠢᠶᠠᠷ ᠢᠶᠠᠨ ᠳᠠᠢᠰᠤᠨ ᠮᠡᠲᠦ ᠨᠤᠮᠤ ᠪᠠᠨ ᠲᠠᠲᠠᠪᠠ ᠨᠢᠳᠦᠨ ᠳᠡᠭᠡᠨ ᠲᠠᠭᠠᠯᠠᠮᠵᠢᠲᠠᠢ ᠪᠠᠢᠭᠰᠠᠨ ᠪᠦᠬᠦᠨ ᠢ ᠬᠢᠳᠤᠪᠠ ᠥᠬᠢᠨ ᠽᠢᠶᠣᠨ ᠤ ᠮᠠᠢᠬᠠᠨ ᠳᠤ ᠭᠠᠯ ᠮᠡᠲᠦ ᠠᠭᠤᠷ ᠢᠶᠠᠨ ᠴᠢᠳᠬᠤᠪᠠ᠃
5 ᠡᠵᠡᠨ ᠳᠠᠢᠰᠤᠨ ᠮᠡᠲᠦ ᠪᠣᠯᠵᠤ ᠢᠰᠷᠧᠯ ᠢ ᠵᠠᠯᠭᠢᠪᠠ ᠣᠷᠳᠣᠨ ᠪᠣᠯᠭᠠᠨ ᠢ ᠨᠢ ᠵᠠᠯᠭᠢᠪᠠ ᠪᠡᠬᠢᠯᠡᠯᠲᠡ ᠨᠦᠭᠦᠳ ᠢ ᠨᠢ ᠤᠰᠠᠳᠬᠠᠪᠠ ᠥᠬᠢᠨ ᠶᠦᠳᠠ ᠶᠢᠨ ᠭᠠᠰᠢᠭᠤᠳᠠᠯ ᠪᠣᠯᠣᠨ ᠭᠠᠰᠠᠯᠠᠩ ᠢ ᠤᠯᠠᠮ ᠨᠡᠮᠡᠭᠳᠡᠭᠦᠯᠪᠡ᠃
6 ᠣᠷᠣᠨ ᠰᠠᠭᠤᠴᠠ ᠪᠠᠨ ᠴᠡᠴᠡᠷᠯᠢᠭ ᠤᠨ ᠣᠷᠣᠮᠵᠢ ᠮᠡᠲᠦ ᠨᠤᠷᠠᠭᠠᠵᠤ ᠥᠪᠡᠷ ᠦᠨ ᠣᠷᠣᠰᠢᠳᠠᠭ ᠭᠠᠵᠠᠷ ᠢ ᠤᠰᠠᠳᠬᠠᠪᠠ ᠶᠣᠬᠣᠸᠠ ᠽᠢᠶᠣᠨ ᠤ ᠲᠣᠪᠯᠠᠭᠰᠠᠨ ᠪᠠᠶᠠᠷ᠂ ᠠᠮᠠᠷᠠᠯ ᠤᠨ ᠡᠳᠦᠷ ᠢ ᠮᠠᠷᠲᠠᠭᠤᠯᠪᠠ ᠠᠭᠤᠷ ᠬᠢᠯᠢᠩ ᠤᠨ ᠢᠶᠠᠨ ᠤᠯᠠᠮ ᠢᠶᠠᠷ ᠬᠠᠭᠠᠨ ᠢ ᠴᠤ᠂ ᠲᠠᠬᠢᠯᠴᠢ ᠶᠢ ᠴᠤ ᠣᠭᠣᠷᠪᠠ᠃
7 ᠡᠵᠡᠨ ᠲᠠᠬᠢᠯ ᠤᠨ ᠰᠢᠷᠡᠭᠡ ᠪᠡᠨ ᠬᠠᠶᠠᠵᠤ᠂ ᠠᠷᠢᠭᠤᠨ ᠭᠠᠵᠠᠷ ᠢᠶᠠᠨ ᠣᠷᠬᠢᠪᠠ ᠳᠠᠢᠰᠤᠨ ᠨᠤᠭᠤᠳ ᠤᠨ ᠭᠠᠷ ᠲᠤ ᠣᠷᠳᠣᠨ ᠤ ᠬᠠᠨ᠎ᠠ ᠬᠡᠷᠡᠮ ᠢ ᠲᠤᠰᠢᠶᠠᠭᠰᠠᠨ ᠳᠤ ᠲᠡᠳᠡ ᠶᠣᠬᠣᠸᠠ ᠶᠢᠨ ᠥᠷᠭᠥᠭᠡᠨ ᠳᠦ ᠪᠠᠶᠠᠷ ᠤᠨ ᠡᠳᠦᠷ ᠦᠨ ᠬᠢ ᠮᠡᠲᠦ ᠱᠤᠤᠭᠢᠯᠳᠤᠵᠠᠢ᠃
8 ᠶᠣᠬᠣᠸᠠ ᠥᠬᠢᠨ ᠽᠢᠶᠣᠨ ᠤ ᠬᠠᠨ᠎ᠠ ᠬᠡᠷᠡᠮ ᠢ ᠨᠤᠷᠠᠭᠠᠬᠤ ᠪᠠᠷ ᠰᠢᠢᠳᠪᠡ᠂ ᠲᠡᠷᠡ ᠪᠡᠷ ᠱᠤᠭᠤᠮ ᠲᠠᠲᠠᠭᠰᠠᠨ ᠤ ᠳᠠᠷᠠᠭ᠎ᠠ ᠮᠤᠲᠤᠷ ᠢᠶᠠᠨ ᠲᠠᠲᠠᠯ ᠦᠭᠡᠢ ᠰᠦᠢᠷᠡᠯ ᠢ ᠠᠪᠴᠢᠷᠠᠵᠤ ᠬᠠᠨ᠎ᠠ ᠬᠡᠷᠡᠮ ᠢ ᠭᠠᠰᠢᠭᠤᠳᠠᠭᠤᠯᠤᠭᠰᠠᠨ ᠳᠤ ᠲᠡᠳᠡ ᠬᠠᠮᠲᠤ ᠳᠠᠭᠠᠨ ᠳᠣᠷᠣᠢᠲᠠᠪᠠ᠂
9 ᠬᠠᠭᠠᠯᠭ᠎ᠠ ᠡᠭᠦᠳᠡ ᠨᠢ ᠭᠠᠵᠠᠷ ᠲᠤ ᠰᠢᠭᠢᠳᠪᠡ ᠣᠨᠢᠰᠣ ᠲᠦᠭᠵᠢᠶ᠎ᠡ ᠨᠢ ᠡᠪᠳᠡᠷᠡᠵᠦ ᠬᠡᠮᠬᠡᠷᠡᠪᠡ ᠬᠠᠭᠠᠨ ᠨᠣᠶᠠᠳ ᠨᠢ ᠦᠨᠳᠦᠰᠦᠲᠡᠨ ᠨᠦᠭᠦᠳ ᠦᠨ ᠳᠤᠮᠳᠠ ᠪᠤᠲᠠᠷᠠᠪᠠ ᠬᠠᠤᠯᠢ ᠴᠤ ᠪᠠᠢᠬᠤ ᠪᠠᠨ ᠪᠣᠯᠢᠪᠠ ᠡᠰᠢ ᠦᠵᠡᠭᠦᠯᠦᠭᠴᠢᠳ ᠨᠢ ᠶᠣᠬᠣᠸᠠ ᠠᠴᠠ ᠦᠵᠡᠭᠳᠡᠯ ᠣᠯᠬᠤ ᠪᠠᠨ ᠪᠣᠯᠢᠪᠠ᠃
10 ᠥᠬᠢᠨ ᠽᠢᠶᠣᠨ ᠤ ᠠᠬᠠᠮᠠᠳ ᠤᠳ ᠲᠠᠭᠠᠷ ᠡᠮᠦᠰᠦᠨ ᠲᠣᠯᠣᠭᠠᠢ ᠳᠡᠭᠡᠷ᠎ᠡ ᠪᠡᠨ ᠰᠢᠷᠣᠢ ᠰᠠᠴᠤᠵᠤ᠂ ᠭᠠᠵᠠᠷ ᠰᠠᠭᠤᠨ ᠴᠢᠮᠡᠭᠡ ᠠᠨᠢᠷ ᠦᠭᠡᠢ ᠪᠣᠯᠪᠠ ᠶᠧᠷᠦ᠋ᠰᠠᠯᠧᠮ ᠤᠨ ᠥᠬᠢᠳ ᠲᠣᠯᠣᠭᠠᠢ ᠪᠠᠨ ᠭᠠᠵᠠᠷ ᠲᠤ ᠬᠦᠷᠲᠡᠯ᠎ᠡ ᠪᠥᠬᠥᠢᠯᠭᠡᠵᠡᠢ᠃
11 ᠤᠬᠢᠯᠠᠭᠰᠠᠨ ᠠᠴᠠ ᠪᠣᠯᠣᠭᠠᠳ ᠨᠢᠳᠦ ᠮᠢᠨᠢ ᠪᠥᠯᠴᠡᠢᠵᠦ ᠵᠢᠷᠦᠬᠡ ᠮᠢᠨᠢ ᠰᠢᠮᠰᠢᠷᠡᠨ ᠡᠯᠢᠭᠡ ᠮᠢᠨᠢ ᠡᠮᠲᠡᠷᠡᠵᠦ ᠭᠠᠵᠠᠷ ᠲᠤ ᠤᠨᠠᠵᠠᠢ ᠥᠬᠢᠨ ᠠᠷᠠᠳ ᠲᠦᠮᠡᠨ ᠮᠢᠨᠢ ᠤᠰᠠᠳᠬᠠᠭᠳᠠᠵᠤ ᠪᠠᠭᠠᠴᠤᠳ ᠪᠣᠯᠣᠨ ᠪᠠᠯᠴᠢᠷ ᠬᠡᠦᠬᠡᠳ ᠤᠳ ᠬᠣᠲᠠ ᠶᠢᠨ ᠭᠤᠳᠤᠮᠵᠢ ᠪᠠᠷ ᠮᠠᠭᠤᠵᠢᠷᠠᠨ ᠤᠨᠠᠵᠠᠢ᠃
12 ᠬᠣᠲᠠ ᠶᠢᠨ ᠭᠤᠳᠤᠮᠵᠢᠨ ᠳᠤ ᠲᠡᠳᠡ ᠰᠢᠷᠬᠠᠲᠤᠭᠰᠠᠨ ᠬᠥᠮᠦᠨ ᠮᠡᠲᠦ ᠮᠠᠭᠤᠵᠢᠷᠠᠨ ᠡᠬᠡ ᠶᠢᠨ ᠢᠶᠠᠨ ᠡᠪᠦᠷ ᠲᠦ ᠠᠮᠢ ᠲᠠᠯᠪᠢᠬᠤ ᠳᠠᠭᠠᠨ᠄ 《ᠬᠣᠭᠣᠯᠠ ᠤᠮᠳᠠ ᠬᠠᠮᠢᠭ᠎ᠠ ᠪᠠᠢᠨ᠎ᠠ︖》 ᠭᠡᠨ᠎ᠡ᠃
13 ᠥᠬᠢᠨ ᠶᠧᠷᠦ᠋ᠰᠠᠯᠧᠮ ᠡ᠂ ᠴᠢᠮ᠎ᠠ ᠳᠤ ᠪᠢ ᠶᠠᠭᠤ ᠬᠡᠯᠡᠬᠦ ᠪᠤᠢ︖ ᠴᠢᠮᠠᠶᠢ ᠪᠢ ᠶᠠᠭᠤ ᠲᠠᠢ ᠵᠦᠢᠷᠯᠡᠬᠦ ᠪᠤᠢ︖ ᠥᠬᠢᠨ ᠽᠢᠶᠣᠨ ᠡ᠂ ᠴᠢᠮᠠᠶᠢ ᠪᠢ ᠶᠠᠭᠤ ᠲᠠᠢ ᠠᠳᠠᠯᠢᠳᠬᠠᠵᠤ ᠲᠠᠢᠳᠬᠤᠷᠠᠭᠤᠯᠬᠤ ᠪᠤᠢ︖ ᠰᠢᠷᠬ᠎ᠠ ᠴᠢᠨᠢ ᠳᠠᠯᠠᠢ ᠮᠡᠲᠦ ᠭᠦᠨ ᠪᠠᠢᠬᠤ ᠳᠤ ᠬᠡᠨ ᠴᠢᠮᠠᠶᠢ ᠡᠳᠡᠭᠡᠭᠡᠵᠦ ᠴᠢᠳᠠᠬᠤ ᠪᠤᠢ︖
14 ᠡᠰᠢ ᠦᠵᠡᠭᠦᠯᠦᠭᠴᠢᠳ ᠤᠨ ᠴᠢᠨᠢ ᠬᠠᠷᠠᠭᠰᠠᠨ ᠦᠵᠡᠭᠳᠡᠯ ᠤᠳ ᠬᠠᠭᠤᠷᠮᠠᠭ᠂ ᠬᠣᠭᠣᠰᠣᠨ ᠲᠡᠳᠡ ᠭᠡᠮ ᠪᠤᠷᠤᠭᠤ ᠶᠢ ᠴᠢᠨᠢ ᠢᠯᠡᠴᠢᠯᠡᠭᠰᠡᠨ ᠦᠭᠡᠢ ᠴᠢᠮᠠᠶᠢ ᠴᠥᠯᠡᠭᠳᠡᠬᠦ ᠡᠴᠡ ᠡᠷᠭᠢᠭᠦᠯᠵᠦ ᠴᠢᠳᠠᠭᠰᠠᠨ ᠦᠭᠡᠢ ᠲᠡᠳᠡᠨ ᠦ ᠰᠣᠨᠣᠰᠬᠠᠭᠰᠠᠨ ᠵᠥᠩ ᠤᠳ ᠬᠠᠭᠤᠷᠮᠠᠭ᠂ ᠲᠥᠭᠡᠷᠢᠭᠦᠯᠦᠯ ᠪᠠᠢᠪᠠ᠃
15 ᠵᠠᠮ ᠬᠥᠭᠡᠭᠡᠭᠴᠢᠳ ᠪᠦᠭᠦᠳᠡ ᠴᠢᠮ᠎ᠠ ᠶᠢ ᠬᠤᠷᠤᠭᠤ ᠪᠠᠷ ᠢᠶᠠᠨ ᠵᠢᠭᠠᠨ ᠥᠬᠢᠨ ᠶᠧᠷᠦ᠋ᠰᠠᠯᠧᠮ ᠤᠷᠤᠭᠤ ᠢᠰᠭᠡᠷᠦᠨ᠂ ᠲᠣᠯᠣᠭᠠᠢ ᠪᠠᠨ ᠰᠡᠭᠰᠦᠷᠴᠦ᠄ 《〈ᠪᠦᠬᠦ ᠳᠡᠯᠡᠬᠡᠢ ᠶᠢᠨ ᠲᠡᠭᠦᠰ ᠦᠵᠡᠰᠬᠦᠯᠡᠩ᠂ ᠪᠠᠶᠠᠷ ᠪᠠᠶᠠᠰᠬᠤᠯᠠᠩ〉 ᠭᠡᠭᠳᠡᠵᠦ ᠪᠠᠢᠭᠰᠠᠨ ᠬᠣᠲᠠ ᠡᠨᠡ ᠤᠤ︖》 ᠭᠡᠯᠴᠡᠨ᠎ᠡ᠃
16 ᠪᠦᠬᠦ ᠳᠠᠢᠰᠤᠨ ᠴᠢᠨᠢ ᠴᠢᠮ᠎ᠠ ᠤᠷᠤᠭᠤ ᠠᠮᠠ ᠪᠠᠨ ᠠᠩ᠋ᠭᠠᠢᠵᠤ ᠢᠰᠭᠡᠷᠦᠨ ᠰᠢᠳᠦ ᠪᠡᠨ ᠬᠠᠪᠢᠷᠴᠤ᠄ 《ᠪᠢᠳᠡ ᠲᠡᠭᠦᠨ ᠢ ᠵᠠᠯᠭᠢᠯ᠎ᠠ ᠪᠢᠳᠡᠨ ᠦ ᠬᠦᠯᠢᠶᠡᠭᠰᠡᠨ ᠡᠳᠦᠷ ᠶᠠᠭ ᠡᠨᠡ ᠪᠢᠳᠡ ᠡᠭᠦᠨ ᠢ ᠣᠯᠵᠤ ᠦᠵᠡᠪᠡ》 ᠭᠡᠯᠴᠡᠨ᠎ᠡ᠃
17 ᠶᠣᠬᠣᠸᠠ ᠵᠣᠷᠢᠭᠰᠠᠨ ᠢᠶᠠᠨ ᠬᠡᠷᠡᠭᠵᠢᠭᠦᠯᠦᠭᠰᠡᠨ ᠡᠷᠲᠡᠨ ᠦ ᠡᠳᠦᠷ ᠤᠳ ᠲᠤ ᠵᠠᠷᠯᠠᠭᠰᠠᠨ ᠦᠭᠡ ᠪᠡᠨ ᠭᠦᠢᠴᠡᠯᠳᠦᠭᠦᠯᠦᠭᠰᠡᠨ ᠴᠢᠮᠠᠶᠢ ᠥᠷᠥᠰᠢᠶᠡᠯ ᠦᠭᠡᠢ ᠬᠥᠮᠥᠷᠢᠭᠰᠡᠨ ᠴᠢᠨᠦ ᠳᠡᠭᠡᠷ᠎ᠡ ᠳᠠᠢᠰᠤᠨ ᠨᠤᠭᠤᠳ ᠢ ᠴᠢᠨᠢ ᠪᠠᠶᠠᠷᠯᠠᠭᠤᠯᠤᠭᠰᠠᠨ ᠥᠰᠲᠡᠨ ᠨᠦᠭᠦᠳ ᠦᠨ ᠴᠢᠨᠢ ᠡᠪᠡᠷ ᠢ ᠡᠷᠭᠦᠮᠵᠢᠯᠡᠭᠰᠡᠨ᠃
18 ᠡᠵᠡᠨ ᠤᠷᠤᠭᠤ ᠴᠢᠩᠭ᠍᠎ᠠ ᠬᠠᠰᠬᠢᠷᠤᠭᠲᠤᠨ᠄ 《ᠥᠬᠢᠨ ᠽᠢᠶᠣᠨ ᠤ ᠬᠠᠨ᠎ᠠ ᠬᠡᠷᠡᠮ ᠡ᠂ ᠨᠢᠯᠪᠤᠰᠤ ᠴᠢᠨᠢ ᠡᠳᠦᠷ ᠰᠥᠨᠢ ᠦᠭᠡᠢ ᠭᠣᠣᠯ ᠮᠡᠲᠦ ᠳᠣᠷᠣᠭᠰᠢ ᠪᠠᠨ ᠤᠷᠤᠰᠤᠭ ᠥᠪᠡᠷ ᠢ ᠪᠠᠨ ᠪᠦᠦ ᠠᠮᠤᠰᠬᠢᠯᠭᠡ᠂ ᠨᠢᠳᠦ ᠴᠢᠨᠢ ᠪᠦᠦ ᠠᠮᠠᠷᠠᠭ᠃
19 ᠪᠣᠰ᠂ ᠰᠥᠨᠢ ᠶᠢᠨ ᠡᠬᠢᠨ ᠡᠴᠡ ᠰᠥᠨᠢᠵᠢᠨ ᠬᠠᠰᠬᠢᠷ ᠡᠵᠡᠨ ᠦ ᠣᠷᠣᠰᠢᠬᠤᠢ ᠶᠢᠨ ᠡᠮᠦᠨ᠎ᠡ ᠵᠢᠷᠦᠬᠡ ᠪᠡᠨ ᠤᠰᠤ ᠮᠡᠲᠦ ᠠᠰᠬ᠎ᠠ ᠭᠤᠳᠤᠮᠵᠢ ᠪᠦᠷᠢ ᠶᠢᠨ ᠪᠤᠯᠤᠩ ᠳᠤ ᠮᠠᠭᠤᠵᠢᠷᠠᠨ ᠤᠨᠠᠭᠰᠠᠨ ᠬᠡᠦᠬᠡᠳ ᠤᠳ ᠤᠨ ᠢᠶᠠᠨ ᠠᠮᠢ ᠶᠢᠨ ᠲᠥᠯᠥᠭᠡ ᠲᠡᠭᠦᠨ ᠤᠷᠤᠭᠤ ᠭᠠᠷ ᠢᠶᠠᠨ ᠡᠷᠭᠦ᠃》
20 ᠬᠠᠷᠠᠭᠠᠴᠢ᠂ ᠶᠣᠬᠣᠸᠠ᠂ ᠠᠩ᠋ᠬᠠᠷᠤᠭᠠᠴᠢ︕ ᠬᠡᠨ ᠢ ᠲᠠ ᠡᠢᠨ ᠬᠦ ᠴᠥᠬᠥᠷᠡᠭᠦᠯᠪᠡ︖ ᠡᠮᠡᠭᠲᠡᠢᠴᠦᠳ ᠦᠷ᠎ᠡ ᠬᠡᠦᠬᠡᠳ ᠢᠶᠡᠨ᠂ ᠡᠩᠬᠦᠷᠡᠢ ᠨᠢᠯᠬ᠎ᠠ ᠬᠡᠦᠬᠡᠳ ᠢᠶᠡᠨ ᠢᠳᠡᠬᠦ ᠶᠣᠰᠣᠲᠠᠢ ᠭᠡᠵᠢ ᠤᠤ︖ ᠡᠰᠢ ᠦᠵᠡᠭᠦᠯᠦᠭᠴᠢ ᠴᠤ᠂ ᠲᠠᠬᠢᠯᠴᠢ ᠴᠤ ᠶᠣᠬᠣᠸᠠ ᠶᠢᠨ ᠠᠷᠢᠭᠤᠨ ᠭᠠᠵᠠᠷ ᠲᠤ ᠠᠯᠠᠭᠳᠠᠬᠤ ᠶᠣᠰᠣᠲᠠᠢ ᠭᠡᠵᠢ ᠤᠤ︖
21 ᠬᠥᠭᠰᠢᠨ ᠵᠠᠯᠠᠭᠤ ᠦᠭᠡᠢ ᠭᠤᠳᠤᠮᠵᠢᠨ ᠤ ᠭᠠᠵᠠᠷ ᠳᠡᠭᠡᠷ᠎ᠡ ᠤᠨᠠᠪᠠ ᠮᠠᠨ ᠤ ᠥᠬᠢᠳ᠂ ᠵᠠᠯᠠᠭᠤᠰ ᠢᠯᠳᠦᠨ ᠳᠦ ᠤᠨᠠᠵᠠᠢ ᠲᠠ ᠬᠢᠯᠢᠩ ᠤᠨ ᠢᠶᠠᠨ ᠡᠳᠦᠷ ᠲᠦ ᠲᠡᠳᠡᠨ ᠢ ᠬᠢᠳᠤᠪᠠ᠂ ᠥᠷᠥᠰᠢᠶᠡᠯ ᠦᠭᠡᠢ ᠪᠠᠷ ᠤᠰᠠᠳᠬᠠᠪᠠ᠃
22 ᠨᠠᠮᠠᠶᠢ ᠰᠦᠷᠳᠡᠭᠦᠯᠦᠭᠴᠢᠳ ᠢ ᠲᠠ ᠪᠠᠶᠠᠷ ᠤᠨ ᠡᠳᠦᠷ ᠲᠦ ᠤᠷᠢᠬᠤ ᠰᠢᠭ᠋ ᠵᠦᠭ ᠪᠦᠷᠢ ᠡᠴᠡ ᠳᠠᠭᠤᠳᠠᠪᠠ ᠶᠣᠬᠣᠸᠠ ᠶᠢᠨ ᠬᠢᠯᠢᠩ ᠤᠨ ᠡᠳᠦᠷ ᠲᠦ ᠵᠢᠭᠤᠲᠠᠭᠰᠠᠨ᠂ ᠠᠮᠢ ᠭᠠᠷᠤᠭᠰᠠᠨ ᠨᠢ ᠠᠯᠠᠭ᠎ᠠ ᠲᠥᠷᠥᠭᠦᠯᠵᠦ ᠥᠰᠭᠡᠭᠰᠡᠨ ᠬᠡᠦᠬᠡᠳ ᠤᠳ ᠢ ᠮᠢᠨᠢ ᠳᠠᠢᠰᠤᠨ ᠨᠤᠭᠤᠳ ᠡᠴᠦᠰᠯᠡᠭᠦᠯᠦᠭᠰᠡᠨ ᠪᠢᠯᠡ᠃