1 2 3 4 5


ᠶᠧᠷᠧᠮᠢᠶ᠎ᠠ ᠶᠢᠨ ᠭᠠᠰᠢᠭᠤᠳᠠᠯ ᠲᠠᠪᠤ
 ᠥᠷᠥᠰᠢᠶᠡᠯ ᠭᠤᠶᠤᠪᠠ
1 ᠶᠣᠬᠣᠸᠠ᠂ ᠪᠢᠳᠡᠨ ᠳᠦ ᠶᠠᠭᠤ ᠲᠣᠬᠢᠶᠠᠯᠳᠤᠭᠰᠠᠨ ᠢ ᠰᠠᠨᠠᠭᠠᠴᠢ ᠪᠢᠳᠡᠨ ᠦ ᠭᠤᠲᠤᠮᠰᠢᠭ ᠢ ᠬᠠᠷᠠᠭᠠᠴᠢ
2 ᠪᠢᠳᠡᠨ ᠦ ᠥᠪ ᠬᠠᠷᠢ ᠶᠢᠨ ᠬᠢᠨ ᠤᠷᠤᠭᠤ᠂ ᠪᠢᠳᠡᠨ ᠦ ᠣᠷᠣᠨ ᠭᠡᠷ ᠭᠠᠳᠠᠨ᠎ᠠ ᠶᠢᠨ ᠬᠥᠮᠦᠰ ᠲᠦ ᠰᠢᠯᠵᠢᠪᠡ᠃
3 ᠪᠢᠳᠡ ᠡᠴᠢᠭᠡ ᠦᠭᠡᠢ ᠥᠨᠥᠴᠢᠷᠡᠵᠦ᠂ ᠪᠢᠳᠡᠨ ᠦ ᠡᠬᠡᠴᠦᠳ ᠪᠡᠯᠪᠡᠰᠦᠷᠡᠪᠡ᠃
4 ᠪᠢᠳᠡ ᠤᠰᠤ ᠪᠠᠨ ᠮᠥᠩᠭᠥ ᠲᠥᠯᠥᠵᠦ ᠤᠤᠭᠤᠨ᠂ ᠲᠦᠯᠡᠭᠡ ᠪᠡᠨ ᠦᠨ᠎ᠡ ᠲᠥᠯᠥᠵᠦ ᠣᠯᠣᠨ᠎ᠠ᠃
5 ᠮᠥᠰᠭᠢᠭ᠍ᠴᠢᠳ ᠪᠣᠷᠪᠢᠳᠠᠨ ᠬᠥᠭᠡᠭᠡᠵᠦ ᠪᠠᠢᠨ᠎ᠠ ᠪᠢᠳᠡ ᠵᠦᠳᠡᠷᠡᠭᠰᠡᠨ ᠴᠤ ᠵᠠᠪᠰᠠᠷᠯᠠᠭ᠎ᠠ ᠪᠠᠢᠬᠤ ᠦᠭᠡᠢ᠂
6 ᠪᠢᠳᠡ ᠬᠠᠩ᠋ᠭᠠᠯᠲᠠᠲᠠᠢ ᠬᠣᠭᠣᠯᠠᠨ ᠤ ᠲᠥᠯᠥᠭᠡ ᠶᠧᠵᠢᠫᠲ ᠤᠷᠤᠭᠤ ᠴᠤ᠂ ᠠᠰᠢᠷᠢᠶ᠎ᠠ ᠤᠷᠤᠭᠤ ᠴᠤ ᠭᠠᠷ ᠲᠤᠰᠪᠠ᠂
7 ᠡᠴᠢᠭᠡ ᠡᠪᠦᠭᠡᠳ ᠮᠢᠨᠢ ᠨᠢᠭᠦᠯ ᠦᠢᠯᠡᠳᠦᠭᠡᠳ ᠦᠭᠡᠢ ᠪᠣᠯᠵᠤ ᠶᠠᠯ᠎ᠠ ᠰᠢᠳᠬᠡᠯ ᠢ ᠨᠢ ᠪᠢᠳᠡ ᠡᠭᠦᠷᠴᠡᠢ᠂
8 ᠪᠣᠭᠣᠯ ᠤᠳ ᠪᠢᠳᠡᠨ ᠢ ᠵᠠᠬᠢᠷᠴᠤ ᠪᠠᠢᠨ᠎ᠠ ᠲᠡᠳᠡᠨ ᠦ ᠭᠠᠷ ᠠᠴᠠ ᠪᠢᠳᠡᠨ ᠢ ᠴᠢᠯᠥᠭᠡᠯᠡᠬᠦ ᠬᠥᠮᠦᠨ ᠠᠯᠠᠭ᠎ᠠ᠃
9 ᠴᠥᠯ ᠳᠤ ᠴᠤ ᠰᠡᠯᠡᠮ᠎ᠡ ᠪᠤᠢ᠂ ᠬᠦᠨᠡᠰᠦ ᠣᠯᠬᠤ ᠪᠠᠷ ᠠᠮᠢ ᠥᠷᠢᠰᠬᠦ ᠨᠢ ᠡ᠃
10 ᠥᠯᠥᠰᠬᠥᠯᠡᠩ ᠡᠴᠡ ᠪᠣᠯᠵᠤ ᠬᠠᠯᠠᠭᠤᠷᠠᠨ᠂ ᠠᠷᠠᠰᠤ ᠮᠢᠨᠢ ᠵᠤᠤᠬ᠎ᠠ ᠰᠢᠭ᠋ ᠬᠠᠯᠠᠭᠤᠨ ᠪᠣᠯᠪᠠ᠃
11 ᠽᠢᠶᠣᠨ ᠤ ᠡᠮᠡᠭᠲᠡᠢᠴᠦᠳ ᠪᠣᠯᠣᠨ ᠶᠦᠳᠠ ᠶᠢᠨ ᠬᠣᠲᠠ ᠲᠣᠰᠬᠣᠳ ᠤᠨ ᠥᠬᠢᠳ ᠬᠦᠴᠦᠷᠬᠡᠭᠯᠡᠭᠳᠡᠪᠡ᠃
12 ᠨᠣᠶᠠᠳ ᠭᠠᠷ ᠠᠴᠠ ᠪᠠᠨ ᠳᠡᠭᠦᠵᠢᠯᠡᠭᠦᠯᠵᠦ᠂ ᠠᠬᠠᠮᠠᠳ ᠤᠳ ᠳᠣᠷᠣᠮᠵᠢᠯᠠᠭᠳᠠᠪᠠ᠃
13 ᠵᠠᠯᠠᠭᠤᠰ ᠠᠯᠪᠠᠳᠠᠭᠳᠠᠨ ᠲᠡᠭᠡᠷᠮ᠎ᠡ ᠵᠢᠳᠬᠦᠵᠦ᠂ ᠪᠠᠭᠠᠴᠤᠳ ᠮᠣᠳᠣ ᠡᠭᠦᠷᠴᠦ ᠭᠣᠢᠭᠣᠷᠠᠨ᠎ᠠ᠃
14 ᠬᠥᠭᠰᠢᠳ ᠬᠣᠲᠠ ᠶᠢᠨ ᠬᠠᠭᠠᠯᠭ᠎ᠠ ᠠᠴᠠ ᠬᠣᠯᠠᠳᠠᠵᠤ᠂ ᠵᠠᠯᠠᠭᠤᠰ ᠬᠥᠭᠵᠢᠮ ᠢᠶᠠᠨ ᠵᠣᠭᠰᠣᠭᠠᠪᠠ᠃
15 ᠪᠠᠶᠠᠰᠤᠯ ᠪᠢᠳᠡᠨ ᠦ ᠵᠢᠷᠦᠬᠡᠨ ᠡᠴᠡ ᠬᠣᠯᠠᠳᠠᠵᠤ ᠪᠥᠵᠢᠭ ᠮᠠᠨᠢ ᠤᠢ ᠭᠠᠰᠢᠭᠤ ᠪᠠᠷ ᠰᠣᠯᠢᠭᠳᠠᠪᠠ᠃
16 ᠲᠢᠲᠢᠮ ᠲᠣᠯᠣᠭᠠᠢ ᠠᠴᠠ ᠮᠢᠨᠢ ᠤᠨᠠᠪᠠ ᠪᠢᠳᠡ ᠨᠢᠭᠦᠯ ᠦᠢᠯᠡᠳᠦᠭᠰᠡᠨ ᠲᠤᠯᠠ ᠭᠠᠰᠠᠯᠠᠩᠲᠠᠶ᠎ᠠ︕
17 ᠵᠢᠷᠦᠬᠡ ᠮᠠᠨᠢ ᠰᠢᠮᠰᠢᠷᠡᠵᠦ᠂ ᠨᠢᠳᠦ ᠮᠠᠨᠢ ᠰᠦᠮᠡᠢᠬᠦ ᠨᠢ
18 ᠽᠢᠶᠣᠨ ᠠᠭᠤᠯᠠ ᠡᠵᠡᠭᠦᠢᠷᠡᠵᠦ᠂ ᠲᠡᠷᠡᠭᠦᠷ ᠴᠥᠭᠡᠪᠦᠷᠢ ᠴᠢᠨᠣ᠎ᠠ ᠨᠤᠭᠤᠳ ᠶᠠᠪᠤᠳᠠᠭ ᠠᠴᠠ ᠪᠣᠯᠣᠭᠰᠠᠨ ᠪᠢᠯᠡ᠃
19 ᠬᠠᠷᠢᠨ ᠶᠣᠬᠣᠸᠠ ᠲᠠ ᠮᠥᠩᠬᠡᠳᠡ ᠵᠠᠬᠢᠷᠤᠨ᠎ᠠ ᠰᠡᠨᠲᠢ ᠲᠠᠨᠢ ᠦᠶ᠎ᠡ ᠶᠢᠨ ᠦᠶ᠎ᠡ ᠳᠦ ᠪᠠᠢᠬᠤ ᠠᠲᠠᠯ᠎ᠠ
20 ᠶᠠᠭᠤᠨ ᠳᠤ ᠲᠠ ᠪᠢᠳᠡᠨ ᠢ ᠣᠷᠣ ᠲᠠᠰᠤ ᠮᠠᠷᠲᠠᠨ᠎ᠠ ᠪᠤᠢ︖ ᠶᠠᠭᠤᠨ ᠳᠤ ᠲᠠ ᠪᠢᠳᠡᠨ ᠢ ᠤᠳᠠᠭᠠᠨ ᠣᠷᠬᠢᠨ᠎ᠠ ᠪᠤᠢ︖
21 ᠶᠣᠬᠣᠸᠠ ᠡ᠂ ᠪᠢᠳᠡᠨ ᠢ ᠥᠪᠡᠷ ᠤᠷᠤᠭᠤ ᠪᠠᠨ ᠡᠷᠭᠢᠭᠦᠯᠦᠭᠡᠴᠢ᠂ ᠲᠡᠭᠡᠪᠡᠯ ᠪᠢᠳᠡ ᠡᠷᠭᠢᠨ᠎ᠡ᠂ ᠪᠢᠳᠡᠨ ᠦ ᠡᠳᠦᠷ ᠤᠳ ᠢ ᠤᠷᠢᠳᠤ ᠶᠢᠨ ᠬᠢ ᠰᠢᠭ᠋ ᠰᠢᠨᠡᠴᠢᠯᠡᠭᠡᠴᠢ᠃
22 ᠲᠠ ᠪᠢᠳᠡᠨ ᠢ ᠣᠷᠣ ᠲᠠᠰᠤ ᠣᠭᠣᠷᠣᠭᠰᠠᠨ ᠭᠡᠵᠢ ᠤᠤ︖ ᠲᠠ ᠪᠢᠳᠡᠨ ᠳᠦ ᠦᠨᠡᠬᠡᠷ ᠶᠡᠬᠡ ᠪᠡᠷ ᠠᠭᠤᠷᠯᠠᠭᠰᠠᠨ ᠪᠠᠢᠨ᠎ᠠ᠃