1 2 3 4 5


ᠶᠧᠷᠧᠮᠢᠶ᠎ᠠ ᠶᠢᠨ ᠭᠠᠰᠢᠭᠤᠳᠠᠯ ᠭᠤᠷᠪᠠ
 ᠤᠢᠳᠬᠠᠷ ᠬᠢᠭᠡᠳ ᠨᠠᠢᠳᠠᠪᠤᠷᠢ
1 ᠲᠡᠭᠦᠨ ᠦ ᠬᠢᠯᠢᠩ ᠤᠨ ᠰᠢᠯᠪᠢᠭᠦᠷ ᠦᠨ ᠳᠣᠣᠷ᠎ᠠ ᠵᠣᠪᠠᠯᠠᠩ ᠠᠮᠰᠠᠭᠰᠠᠨ ᠬᠥᠮᠦᠨ ᠨᠢ ᠪᠢ᠃
2 ᠲᠡᠷᠡ ᠨᠠᠮᠠᠶᠢ ᠬᠥᠲᠥᠯᠵᠦ᠂ ᠭᠡᠷᠡᠯ ᠳᠦ ᠪᠢᠰᠢ᠂ ᠬᠠᠷᠠᠩ᠋ᠭᠤᠢ ᠳᠤ ᠠᠯᠬᠤᠭᠤᠯᠤᠭᠰᠠᠨ᠃
3 ᠡᠳᠦᠷᠵᠢᠨ ᠠᠬᠢᠨ ᠳᠠᠬᠢᠨ ᠨᠠᠮᠠᠶᠢ ᠨᠢᠳᠤᠷᠭᠠᠳᠠᠵᠤ
4 ᠠᠷᠠᠰᠤ ᠮᠢᠬ᠎ᠠ ᠶᠢ ᠮᠢᠨᠢ ᠠᠳᠤᠷᠢᠭᠤᠯᠵᠤ᠂ ᠶᠠᠰᠤ ᠶᠢ ᠮᠢᠨᠢ ᠬᠤᠭᠤᠯᠪᠠ
5 ᠨᠠᠮᠠᠶᠢ ᠭᠠᠰᠢᠭᠤᠨ᠂ ᠵᠣᠪᠠᠯᠠᠩ ᠢᠶᠠᠷ ᠪᠦᠰᠡᠯᠡᠵᠦ ᠬᠠᠭᠠᠪᠠ
6 ᠨᠠᠮᠠᠶᠢ ᠣᠨ ᠤᠳᠠᠭᠰᠠᠨ ᠬᠡᠭᠦᠷ ᠮᠡᠲᠦ ᠬᠠᠷᠠᠩ᠋ᠭᠤᠢ ᠳᠤ ᠪᠠᠢᠯᠭᠠᠪᠠ
7 ᠨᠠᠮᠠᠶᠢ ᠭᠠᠷᠭᠠᠯ ᠦᠭᠡᠢ ᠬᠠᠰᠢᠵᠤ ᠬᠦᠨᠳᠦ ᠳᠥᠩᠭᠡ ᠪᠡᠷ ᠳᠥᠩᠭᠡᠯᠡᠪᠡ᠃
8 ᠪᠢ ᠬᠠᠰᠬᠢᠷᠤᠨ ᠭᠤᠶᠤᠭᠰᠠᠨ ᠴᠤ ᠲᠡᠷᠡ ᠪᠡᠷ ᠳᠠᠭᠠᠳᠬᠠᠯ ᠢ ᠮᠢᠨᠢ ᠲᠠᠭᠯᠠᠳᠠᠭ᠃
9 ᠵᠠᠮ ᠢ ᠮᠢᠨᠢ ᠴᠠᠪᠴᠢᠭᠰᠠᠨ ᠴᠢᠯᠠᠭᠤ ᠪᠠᠷ ᠬᠠᠰᠢᠵᠤ ᠵᠢᠮ ᠢ ᠮᠢᠨᠢ ᠮᠤᠷᠤᠢ ᠪᠣᠯᠭᠠᠪᠠ᠃
10 ᠲᠡᠷᠡ ᠨᠠᠳᠠ ᠳᠤ ᠪᠦᠭᠬᠦᠭᠰᠡᠨ ᠪᠠᠭᠠᠪᠠᠭᠠᠢ ᠣᠳᠣᠭᠰᠠᠨ ᠠᠷᠰᠯᠠᠨ ᠮᠡᠲᠦ ᠪᠠᠢᠭᠰᠠᠨ ᠢᠶᠠᠨ
11 ᠨᠠᠮᠠᠶᠢ ᠵᠠᠮ ᠠᠴᠠ ᠮᠢᠨᠢ ᠰᠠᠯᠭᠠᠵᠤ᠂ ᠲᠠᠰᠤᠳᠠᠨ᠂ ᠭᠠᠭᠴᠠᠭᠠᠷᠳᠠᠮᠠᠯ ᠪᠠᠢᠳᠠᠯ ᠳᠤ ᠣᠷᠬᠢᠪᠠ᠂
12 ᠨᠠᠮᠠᠶᠢ ᠰᠤᠮᠤᠨ ᠤ ᠪᠠᠨ ᠰᠣᠷ ᠪᠣᠯᠭᠠᠨ ᠵᠣᠭᠰᠣᠭᠠᠵᠤ᠂ ᠨᠤᠮᠤ ᠪᠠᠨ ᠲᠠᠲᠠᠨ
13 ᠰᠠᠭᠠᠳᠠᠭ ᠤᠨ ᠢᠶᠠᠨ ᠰᠤᠮᠤ ᠨᠤᠭᠤᠳ ᠢᠶᠠᠷ ᠪᠥᠭᠡᠷ᠎ᠡ ᠶᠢ ᠮᠢᠨᠢ ᠰᠦᠯᠪᠡᠪᠡ᠃
14 ᠪᠢ ᠪᠦᠬᠦ ᠠᠷᠠᠳ ᠲᠦᠮᠡᠨ ᠦ ᠢᠨᠢᠶᠡᠳᠦᠮ ᠪᠣᠯᠵᠤ᠂ ᠲᠡᠳᠡ ᠡᠳᠦᠷᠵᠢᠨ ᠨᠠᠮᠠᠶᠢ ᠬᠣᠱᠣᠩᠨᠠᠨ ᠳᠠᠭᠤᠯᠠᠳᠠᠭ᠃
15 ᠲᠡᠷᠡ ᠨᠠᠮᠠᠶᠢ ᠭᠠᠰᠢᠭᠤᠨ ᠢᠶᠠᠷ ᠴᠠᠳᠬᠠᠵᠤ᠂ ᠠᠭᠢ ᠪᠠᠷ ᠰᠣᠭᠲᠣᠭᠠᠪᠠ᠃
16 ᠬᠠᠢᠷ ᠢᠶᠠᠷ ᠰᠢᠳᠦ ᠶᠢ ᠮᠢᠨᠢ ᠡᠮᠲᠡᠯᠡᠵᠦ ᠦᠨᠡᠰᠦᠨ ᠳᠡᠭᠡᠷ᠎ᠡ ᠨᠠᠮᠠᠶᠢ ᠥᠩᠬᠥᠷᠢᠭᠦᠯᠪᠡ᠃
17 ᠠᠮᠤᠷ ᠠᠮᠤᠭᠤᠯᠠᠩ ᠠᠴᠠ ᠪᠢ ᠵᠠᠢᠳᠠᠪᠠ᠂ ᠠᠵᠠ ᠵᠢᠷᠭᠠᠯ ᠢ ᠪᠢ ᠤᠮᠠᠷᠲᠠᠪᠠ᠃
18 ᠲᠡᠢᠮᠦ ᠡᠴᠡ ᠪᠢ᠄ 《ᠮᠢᠨᠦ ᠲᠡᠪᠴᠢᠶᠡᠷᠢ᠂ ᠮᠢᠨᠦ ᠨᠠᠢᠳᠠᠪᠤᠷᠢ ᠶᠣᠬᠣᠸᠠ ᠠᠴᠠ ᠲᠠᠰᠤᠷᠠᠯ᠎ᠠ》 ᠭᠡᠪᠡ᠃

19 ᠭᠠᠰᠢᠭᠤᠨ ᠰᠥᠰᠥ ᠮᠡᠲᠦ ᠵᠣᠪᠠᠯᠠᠩ ᠪᠣᠯᠣᠨ ᠲᠡᠨᠦᠭᠦᠴᠢᠯᠡᠯ ᠢ ᠮᠢᠨᠢ ᠰᠠᠨᠠᠭᠠᠴᠢ᠃
20 ᠲᠡᠳᠡᠭᠡᠷ ᠢ ᠪᠢ ᠰᠠᠨᠠᠨ ᠰᠠᠨᠠᠭᠰᠠᠭᠠᠷ᠂ ᠰᠦᠨᠡᠰᠦ ᠮᠢᠨᠢ ᠴᠥᠬᠥᠷᠡᠨ᠎ᠡ᠃
21 ᠭᠡᠪᠡᠴᠦ ᠪᠢ ᠡᠭᠦᠨ ᠢ ᠳᠤᠷᠠᠰᠤᠨ ᠰᠠᠨᠠᠨ᠎ᠠ ᠡᠭᠦᠨ ᠦ ᠤᠴᠢᠷ ᠢᠶᠠᠷ ᠨᠠᠢᠳᠠᠪᠤᠷᠢ ᠲᠠᠢ ᠪᠠᠢᠨ᠎ᠠ᠄
22 ᠶᠣᠬᠣᠸᠠ ᠶᠢᠨ ᠬᠠᠢᠷ᠎ᠠ ᠠᠴᠠ ᠪᠣᠯᠵᠤ ᠪᠢᠳᠡ ᠤᠰᠠᠲᠤᠭ᠎ᠠ ᠦᠭᠡᠢ︕ ᠲᠡᠭᠦᠨ ᠦ ᠥᠷᠥᠰᠢᠶᠡᠯ ᠲᠡᠭᠦᠰᠦᠰᠢ ᠦᠭᠡᠢ
23 ᠥᠷᠯᠥᠭᠡ ᠪᠦᠷᠢ ᠰᠢᠨ᠎ᠡ ᠦᠨᠡᠨᠴᠢ ᠪᠠᠢᠳᠠᠯ ᠲᠠᠨᠢ ᠠᠭᠤᠤ ᠶᠤᠮ᠃
24 ᠡᠢᠮᠦ ᠡᠴᠡ ᠪᠢ ᠳᠣᠲᠣᠷ᠎ᠠ ᠪᠠᠨ 《ᠶᠣᠬᠣᠸᠠ ᠮᠢᠨᠦ ᠥᠪ ᠪᠣᠯᠬᠣᠷ ᠲᠡᠭᠦᠨ ᠳᠦ ᠨᠠᠢᠳᠠᠨ᠎ᠠ》 ᠭᠡᠵᠦ ᠪᠣᠳᠣᠳᠠᠭ᠃
25 ᠥᠪᠡᠷ ᠲᠤᠨᠢ ᠨᠠᠢᠳᠠᠳᠠᠭ᠂ ᠥᠪᠡᠷ ᠢ ᠨᠢ ᠬᠠᠢᠳᠠᠭ ᠬᠥᠮᠦᠨ ᠳᠦ ᠶᠣᠬᠣᠸᠠ ᠰᠠᠢᠨ᠃
26 ᠶᠣᠬᠣᠸᠠ ᠶᠢᠨ ᠠᠪᠤᠷᠠᠯ ᠢ ᠴᠢᠮᠡᠭᠡ ᠦᠭᠡᠶᠢᠬᠡᠨ ᠬᠦᠯᠢᠶᠡᠬᠦ ᠨᠢ ᠰᠠᠢᠨ
27 ᠪᠤᠭᠤᠯᠠᠭ᠎ᠠ ᠶᠢ ᠵᠠᠯᠠᠭᠤ ᠳᠠᠭᠠᠨ ᠡᠭᠦᠷᠬᠦ ᠨᠢ ᠰᠠᠢᠨ
28 ᠲᠡᠭᠦᠨ ᠢ ᠶᠣᠬᠣᠸᠠ ᠲᠣᠬᠣᠭᠰᠠᠨ᠂ ᠴᠢ ᠭᠠᠭᠴᠠᠭᠠᠷ ᠢᠶᠠᠨ ᠴᠢᠮᠡᠭᠡ ᠦᠭᠡᠢ ᠰᠠᠭᠤᠵᠤ ᠪᠠᠢ᠃
29 ᠠᠮᠠ ᠪᠠᠨ ᠰᠢᠷᠣᠢ ᠳᠤ ᠬᠦᠷᠭᠡ᠂ ᠨᠠᠢᠳᠠᠪᠤᠷᠢ ᠪᠠᠢᠵᠤ ᠮᠠᠭᠠᠳ᠃
30 ᠬᠠᠴᠠᠷ ᠢᠶᠠᠨ ᠵᠣᠳᠣᠵᠤ ᠪᠠᠢᠭ᠎ᠠ ᠬᠥᠮᠦᠨ ᠤᠷᠤᠭᠤ ᠬᠠᠨᠳᠤᠭᠤᠯ᠂ ᠳᠣᠷᠣᠮᠵᠢᠯᠠᠯ ᠢ ᠬᠠᠨᠲᠠᠯ᠎ᠠ ᠠᠮᠰᠠ᠃
31 ᠤᠴᠢᠷ ᠨᠢ ᠡᠵᠡᠨ ᠪᠢᠳᠡᠨ ᠢ ᠡᠭᠦᠷᠢᠳᠡ ᠬᠠᠶᠠᠬᠤ ᠪᠢᠰᠢ᠃
32 ᠲᠡᠷᠡ ᠤᠢ ᠭᠠᠰᠢᠭᠤ ᠲᠠᠢ ᠪᠣᠯᠭᠠᠭᠰᠠᠨ ᠴᠤ ᠦᠯᠡᠮᠵᠢ ᠡᠨᠡᠷᠢᠯ ᠤᠨ ᠢᠶᠠᠨ ᠳᠠᠭᠠᠤ ᠥᠷᠥᠪᠳᠥᠬᠦ ᠪᠣᠯᠣᠨ᠎ᠠ᠃
33 ᠲᠡᠷᠡ ᠪᠡᠷ ᠬᠥᠮᠦᠨ ᠢ ᠰᠡᠳᠬᠢᠯ ᠡᠴᠡ ᠪᠡᠨ ᠵᠣᠪᠠᠭᠠᠬᠤ᠂ ᠡᠰᠡᠪᠡᠯ ᠤᠢ ᠭᠠᠰᠢᠭᠤ ᠲᠠᠢ ᠪᠣᠯᠭᠠᠳᠠᠭ ᠪᠢᠰᠢ᠃
34 ᠶᠢᠷᠲᠢᠨᠴᠦ ᠶᠢᠨ ᠪᠦᠬᠦ ᠬᠣᠷᠢᠭᠳᠠᠯ ᠢ ᠬᠥᠯ ᠳᠣᠣᠷ᠎ᠠ ᠪᠠᠨ ᠪᠢᠴᠠᠯᠬᠤ᠂
35 ᠬᠠᠮᠤᠭ ᠤᠨ ᠳᠡᠭᠡᠳᠦ ᠨᠢᠭᠡᠨ ᠦ ᠡᠮᠦᠨ᠎ᠡ ᠬᠥᠮᠦᠨ ᠦ ᠭᠣᠮᠣᠳᠠᠯ ᠢ ᠣᠭᠣᠷᠬᠤ᠂
36 ᠰᠢᠭᠦᠯᠲᠡ ᠳᠡᠭᠡᠷ᠎ᠡ ᠬᠥᠮᠦᠨ ᠢ ᠬᠢᠯᠢᠰᠳᠡᠭᠦᠯᠬᠦ ᠶᠢ ᠡᠵᠡᠨ ᠬᠠᠷᠠᠳᠠᠭ ᠦᠭᠡᠢ ᠭᠡᠵᠢ ᠤᠤ︖
37 ᠡᠵᠡᠨ ᠲᠤᠰᠢᠶᠠᠭᠰᠠᠨ ᠦᠭᠡᠢ ᠪᠣᠯ᠂ ᠬᠡᠨ ᠬᠡᠯᠡᠭᠰᠡᠨ ᠢᠶᠡᠨ ᠪᠡᠶᠡᠯᠡᠭᠦᠯᠵᠦ ᠴᠢᠳᠠᠬᠤ ᠪᠤᠢ︖
38 ᠵᠢᠷᠭᠠᠯ ᠴᠤ᠂ ᠵᠣᠪᠠᠯᠠᠩ ᠴᠤ ᠬᠠᠮᠤᠭ ᠤᠨ ᠳᠡᠭᠡᠳᠦ ᠨᠢᠭᠡᠨ ᠦ ᠠᠮᠠᠨ ᠠᠴᠠ ᠭᠠᠷᠬᠤ ᠪᠢᠰᠢ ᠤᠤ︖
39 ᠥᠪᠡᠷ ᠦᠨ ᠬᠢᠨᠢ ᠨᠢᠭᠦᠯ ᠡᠴᠡ ᠪᠣᠯᠵᠤ ᠰᠢᠳᠬᠡᠯ ᠢᠷᠡᠭᠰᠡᠨ ᠪᠠᠢᠬᠤ ᠳᠤ᠂ ᠠᠮᠢᠳᠤ ᠬᠥᠮᠦᠨ ᠶᠠᠭᠤᠨ ᠳᠤ ᠭᠣᠮᠣᠳᠠᠯ ᠲᠣᠭᠠᠴᠢᠨ᠎ᠠ ᠪᠤᠢ︖
40 ᠵᠠᠮ ᠮᠥᠷ ᠢᠶᠡᠨ ᠬᠢᠨᠠᠨ ᠰᠢᠯᠭᠠᠵᠤ᠂ ᠶᠣᠬᠣᠸᠠ ᠤᠷᠤᠭᠤ ᠡᠷᠭᠢᠵᠡᠭᠡᠶ᠎ᠡ᠃
41 ᠵᠢᠷᠦᠬᠡ ᠪᠣᠯᠣᠨ ᠭᠠᠷ ᠢᠶᠠᠨ ᠲᠩᠷᠢ ᠳᠠᠬᠢ ᠪᠤᠷᠬᠠᠨ ᠥᠭᠡᠳᠡ ᠡᠷᠭᠦᠵᠡᠭᠡᠶ᠎ᠡ᠃
42 ᠪᠢᠳᠡ ᠭᠡᠮ ᠬᠢᠵᠦ ᠲᠡᠷᠰᠯᠡᠬᠦ ᠳᠦ᠂ ᠲᠠ ᠠᠭᠤᠴᠢᠯᠠᠭ᠎ᠠ ᠦᠭᠡᠢ᠃
43 ᠥᠪᠡᠷ ᠢ ᠪᠠᠨ ᠬᠢᠯᠢᠩ ᠢᠶᠠᠷ ᠬᠤᠴᠢᠨ᠂ ᠪᠢᠳᠡᠨ ᠢ ᠮᠥᠰᠬᠢᠵᠦ ᠥᠷᠥᠰᠢᠶᠡᠯ ᠦᠭᠡᠢ ᠪᠠᠷ ᠬᠢᠳᠤᠪᠠ᠃
44 ᠥᠪᠡᠷ ᠢ ᠪᠠᠨ ᠡᠭᠦᠯᠡ ᠪᠡᠷ ᠬᠤᠴᠢᠨ᠂ ᠳᠠᠭᠠᠳᠬᠠᠯ ᠢ ᠨᠡᠪᠲᠡᠷᠡᠭᠦᠯᠦᠭᠡ ᠦᠭᠡᠢ᠃
45 ᠪᠢᠳᠡᠨ ᠢ ᠦᠨᠳᠦᠰᠦᠲᠡᠨ ᠨᠦᠭᠦᠳ ᠦᠨ ᠳᠤᠮᠳᠠ ᠬᠣᠭ ᠨᠣᠪᠰᠢ ᠪᠣᠯᠭᠠᠪᠠ᠂
46 ᠪᠢᠳᠡᠨ ᠦ ᠪᠦᠬᠦ ᠳᠠᠢᠰᠤᠨ ᠪᠢᠳᠡᠨ ᠤᠷᠤᠭᠤ ᠠᠮᠠ ᠪᠠᠨ ᠠᠩ᠋ᠭᠠᠢᠯᠭᠠᠪᠠ᠂
47 ᠠᠶᠤᠯ ᠠᠢᠳᠠᠰ ᠮᠠᠨ ᠤ ᠡ᠊ᠨᠳᠡ ᠬᠣᠬᠢᠷᠠᠯ ᠰᠦᠢᠷᠡᠯ ᠲᠡᠢ ᠬᠠᠮᠲᠤ ᠪᠠᠢᠨ᠎ᠠ᠃
48 ᠥᠬᠢᠨ ᠠᠷᠠᠳ ᠲᠦᠮᠡᠨ ᠦ ᠪᠠᠨ ᠰᠦᠢᠷᠡᠯ ᠡᠴᠡ ᠪᠣᠯᠵᠤ᠂ ᠨᠢᠯᠪᠤᠰᠤ ᠨᠢᠳᠦᠨ ᠡᠴᠡ ᠮᠢᠨᠢ ᠭᠣᠣᠯ ᠮᠡᠲᠦ ᠤᠷᠤᠰᠴᠤ ᠪᠠᠢᠨ᠎ᠠ᠂
49 ᠨᠢᠯᠪᠤᠰᠤ ᠮᠢᠨᠢ ᠵᠣᠭᠰᠣᠯ ᠦᠭᠡᠢ᠂ ᠲᠠᠰᠤᠷᠠᠯ ᠦᠭᠡᠢ ᠪᠠᠷ
50 ᠶᠣᠬᠣᠸᠠ ᠲᠩᠷᠢ ᠡᠴᠡ ᠳᠣᠭᠣᠭᠰᠢ ᠥᠩᠭᠡᠶᠢᠨ ᠬᠠᠷᠠᠬᠤ ᠬᠦᠷᠲᠡᠯ᠎ᠡ ᠪᠥᠮᠪᠥᠷᠢᠭᠰᠡᠭᠡᠷ ᠪᠠᠢᠬᠤ ᠪᠣᠯᠣᠨ᠎ᠠ᠃
51 ᠬᠣᠲᠠ ᠶᠢᠨ ᠮᠢᠨᠢ ᠪᠦᠬᠦ ᠥᠬᠢᠨ ᠳᠤ ᠶᠠᠭᠤ ᠪᠣᠯᠣᠭᠰᠠᠨ ᠢ ᠬᠠᠷᠠᠭᠠᠳ ᠰᠡᠳᠬᠢᠯ ᠮᠢᠨᠢ ᠲᠠᠷᠴᠢᠯᠠᠭᠰᠠᠨ᠃
52 ᠰᠢᠯᠲᠠᠭ ᠦᠭᠡᠢ ᠪᠠᠷ ᠨᠠᠮᠠᠶᠢ ᠳᠠᠢᠰᠤᠩᠨᠠᠳᠠᠭ ᠬᠥᠮᠦᠰ ᠰᠢᠪᠠᠭᠤ ᠠᠩᠨᠠᠬᠤ ᠮᠡᠲᠦ ᠮᠥᠰᠬᠢᠨ
53 ᠨᠠᠮᠠᠶᠢ ᠨᠦᠬᠡᠨ ᠳᠦ ᠬᠠᠶᠠᠵᠤ᠂ ᠠᠮᠢ ᠶᠢ ᠮᠢᠨᠢ ᠠᠪᠬᠤ ᠪᠠᠷ ᠳᠡᠭᠡᠷ᠎ᠡ ᠡᠴᠡ ᠮᠢᠨᠢ ᠴᠢᠯᠠᠭᠤ ᠰᠢᠳᠡᠪᠡ᠃
54 ᠲᠣᠯᠣᠭᠠᠢ ᠳᠡᠭᠡᠭᠦᠷ ᠮᠢᠨᠢ ᠤᠰᠤ ᠨᠥᠮᠥᠷᠬᠦ ᠳᠦ 《ᠳᠠᠭᠤᠰᠤᠯ᠎ᠠ》 ᠭᠡᠵᠦ ᠪᠢ ᠪᠣᠳᠣᠪᠠ᠃
55 ᠶᠣᠬᠣᠸᠠ ᠲᠠᠨ ᠤ ᠨᠡᠷ᠎ᠡ ᠶᠢ ᠪᠢ ᠨᠦᠬᠡᠨ ᠦ ᠢᠷᠤᠭᠠᠷ ᠠᠴᠠ ᠳᠠᠭᠤᠳᠠᠭᠰᠠᠨ᠃
56 《ᠲᠤᠰᠠᠯᠠᠮᠵᠢ ᠭᠤᠶᠤᠬᠤ ᠬᠠᠰᠬᠢᠷᠤᠭᠠᠨ ᠳᠤ ᠮᠢᠨᠢ ᠲᠠ ᠴᠢᠬᠢ ᠪᠠᠨ ᠪᠦᠦ ᠪᠥᠭᠯᠡᠭᠡᠴᠢ》 ᠭᠡᠬᠦ ᠳᠦ ᠮᠢᠨᠢ ᠲᠠ ᠮᠢᠨᠦ ᠬᠦᠰᠡᠯᠲᠡ ᠶᠢ ᠰᠣᠨᠣᠰᠪᠠ᠃
57 ᠲᠠᠨ ᠢ ᠳᠠᠭᠤᠳᠠᠭᠰᠠᠨ ᠡᠳᠦᠷ ᠲᠦ ᠮᠢᠨᠢ ᠲᠠ ᠣᠢᠷᠠᠲᠤᠨ ᠢᠷᠡᠭᠡᠳ 《ᠪᠦᠦ ᠠᠶᠤ︕》 ᠭᠡᠵᠦ ᠠᠢᠯᠠᠳᠪᠠ᠂
58 ᠡᠵᠡᠨ᠂ ᠬᠠᠷᠠᠮᠰᠠᠯ ᠭᠣᠮᠣᠳᠠᠯ ᠢ ᠮᠢᠨᠢ ᠲᠠ ᠳᠡᠢᠯᠵᠦ᠂ ᠠᠮᠢ ᠶᠢ ᠮᠢᠨᠢ ᠵᠣᠯᠢᠵᠤ ᠠᠪᠤᠭᠰᠠᠨ᠂
59 ᠶᠣᠬᠣᠸᠠ᠂ ᠨᠠᠳᠠᠳᠤ ᠦᠢᠯᠡᠳᠦᠭᠰᠡᠨ ᠵᠥᠪ ᠪᠤᠰᠤ ᠶᠢ ᠨᠢ ᠲᠠ ᠬᠠᠷᠠᠭᠰᠠᠨ ᠪᠢᠯᠡ ᠬᠡᠷᠡᠭ ᠢ ᠮᠢᠨᠢ ᠲᠠ ᠰᠢᠭᠦᠭᠡᠴᠢ᠃
60 ᠨᠠᠳᠠ ᠠᠴᠠ ᠬᠠᠷᠢᠭᠤ ᠠᠪᠬᠤ ᠭᠡᠰᠡᠨ ᠮᠢᠨᠦ ᠡᠰᠡᠷᠭᠦ ᠪᠠᠢᠭ᠎ᠠ ᠪᠦᠬᠦ ᠠᠷᠭ᠎ᠠ ᠲᠥᠯᠥᠪᠯᠡᠭᠡ ᠶᠢ ᠨᠢ ᠲᠠ ᠬᠠᠷᠠᠭᠰᠠᠨ ᠪᠢᠯᠡ᠃
61 ᠶᠣᠬᠣᠸᠠ᠂ ᠨᠠᠮᠠᠶᠢ ᠭᠦᠳᠬᠡᠬᠦ ᠭᠡᠰᠡᠨ ᠮᠢᠨᠦ ᠡᠰᠡᠷᠭᠦ ᠪᠠᠢᠭ᠎ᠠ ᠪᠦᠬᠦ ᠠᠷᠭ᠎ᠠ ᠲᠥᠯᠥᠪᠯᠡᠭᠡ᠂
62 ᠮᠢᠨᠦ ᠡᠰᠡᠷᠭᠦ ᠪᠣᠰᠴᠤ ᠮᠢᠨᠦ ᠲᠤᠬᠠᠢ ᠡᠳᠦᠷᠵᠢᠨ ᠰᠢᠪᠡᠨᠡᠭᠰᠡᠨ ᠶᠠᠷᠢᠶ᠎ᠠ ᠶᠢ ᠨᠢ ᠲᠠ ᠰᠣᠨᠣᠰᠣᠭᠰᠠᠨ ᠪᠢᠯᠡ᠃
63 ᠬᠠᠷᠠᠭᠠᠴᠢ᠂ ᠲᠡᠳᠡ ᠰᠠᠭᠤᠭᠰᠠᠨ ᠴᠤ᠂ ᠪᠣᠰᠣᠭᠰᠠᠨ ᠴᠤ ᠨᠠᠮᠠᠶᠢ ᠬᠣᠱᠣᠩᠨᠠᠨ ᠳᠠᠭᠤᠯᠠᠳᠠᠭ᠃
64 ᠭᠠᠷ ᠢᠶᠠᠷ ᠢᠶᠠᠨ ᠦᠢᠯᠡᠳᠦᠭᠰᠡᠨ ᠦ ᠬᠢᠨᠢ ᠳᠠᠭᠠᠤ ᠲᠡᠳᠡᠨ ᠳᠦ ᠬᠠᠷᠢᠭᠤᠯᠤᠭᠠᠴᠢ᠂ ᠶᠣᠬᠣᠸᠠ᠃
65 ᠬᠠᠲᠠᠭᠤ ᠪᠠᠢᠯᠭᠠᠭᠠᠴᠢ᠂ ᠲᠡᠳᠡᠨ ᠦ ᠰᠡᠳᠬᠢᠯ ᠢ ᠬᠠᠷᠢᠶᠠᠯ ᠲᠠᠨᠢ ᠲᠡᠳᠡᠨ ᠦ ᠳᠡᠭᠡᠷ᠎ᠡ ᠪᠠᠢᠭ᠃
66 ᠠᠭᠤᠷ ᠬᠢᠯᠢᠩ ᠲᠠᠢ ᠪᠠᠷ ᠲᠡᠳᠡᠨ ᠢ ᠮᠥᠰᠬᠢᠨ ᠶᠣᠬᠣᠸᠠ ᠶᠢᠨ ᠲᠩᠷᠢ ᠳᠣᠣᠷ᠎ᠠ ᠠᠴᠠ ᠠᠷᠴᠢᠨ ᠤᠰᠠᠳᠬᠠᠭᠠᠴᠢ︕