1 2 3 4


ᠺᠣᠯᠣᠰᠠᠢ ᠳᠥᠷᠪᠡ

1 ᠡᠵᠡᠳ ᠡ᠂ ᠵᠥᠪ ᠰᠢᠳᠤᠷᠭᠤ ᠪᠠᠷ ᠵᠠᠷᠤᠴᠠ ᠨᠠᠷ ᠲᠠᠭᠠᠨ ᠬᠠᠨᠳᠤᠭᠠᠷᠠᠢ᠃ ᠲᠠ ᠨᠠᠷ ᠲᠤ ᠴᠤ ᠲᠩᠷᠢ ᠳᠡᠭᠡᠷ᠎ᠡ ᠡᠵᠡᠨ ᠪᠤᠢ ᠭᠡᠳᠡᠭ ᠢ ᠮᠡᠳᠡᠭᠲᠦᠨ᠃
 ᠬᠠᠮᠲᠤᠷᠠᠨ ᠵᠢᠳᠬᠦᠭᠴᠢᠳ

2 ᠳᠠᠭᠠᠳᠬᠠᠯ ᠳᠠᠭᠠᠨ ᠲᠤᠤᠱᠲᠠᠢ ᠪᠠᠢ᠂ ᠳᠠᠭᠠᠳᠬᠠᠬᠤ ᠳᠠᠭᠠᠨ ᠲᠠᠯᠠᠷᠬᠠᠵᠤ ᠰᠡᠷᠭᠡᠭ ᠪᠠᠢᠭᠲᠤᠨ᠃ 3 ᠮᠥᠨ ᠪᠢᠳᠡᠨ ᠦ ᠲᠥᠯᠥᠭᠡ ᠳᠠᠭᠠᠳᠬᠠᠭᠠᠷᠠᠢ᠂ ᠪᠢᠳᠡᠨ ᠦ ᠦᠭᠡ ᠳᠡᠯᠭᠡᠷᠡᠭᠦᠯᠬᠦ ᠡᠭᠦᠳᠡ ᠶᠢ ᠪᠤᠷᠬᠠᠨ ᠨᠡᠭᠡᠭᠡᠵᠦ ᠥᠭᠭᠥᠭᠡᠳ ᠪᠢᠳᠡᠨ ᠢᠶᠡᠷ ᠾᠷᠢᠰᠲ᠋ᠣᠰ ᠤᠨ ᠨᠢᠭᠤᠴᠠ ᠶᠢ ᠲᠤᠩ᠋ᠬᠠᠭᠯᠠᠭᠤᠯᠬᠤ ᠪᠣᠯᠲᠤᠭᠠᠢ ᠭᠡᠵᠦ ᠭᠤᠶᠤ᠃ ᠪᠢ ᠡᠨᠡ ᠨᠢᠭᠤᠴᠠ ᠶᠢᠨ ᠲᠥᠯᠥᠭᠡ ᠬᠣᠷᠢᠭᠳᠠᠭᠰᠠᠨ ᠶᠤᠮ᠃ 4 ᠲᠡᠢᠮᠦ ᠡᠴᠡ ᠬᠡᠯᠡᠬᠦ ᠶᠣᠰᠣᠲᠠᠢ ᠪᠠᠨ ᠲᠣᠳᠣᠷᠬᠠᠢᠯᠠᠬᠤ ᠶᠢᠨ ᠮᠢᠨᠢ ᠲᠥᠯᠥᠭᠡ ᠭᠤᠶᠤᠵᠤ ᠥᠭᠭᠥᠭᠲᠦᠨ᠃

5 ᠴᠠᠭ ᠢᠶᠠᠨ ᠰᠠᠢᠨ ᠠᠰᠢᠭᠯᠠᠵᠤ 3 ᠭᠠᠳᠠᠨᠠᠬᠢ ᠬᠥᠮᠦᠰ ᠲᠡᠢ ᠮᠡᠷᠭᠡᠨ ᠤᠬᠠᠭᠠᠯᠢᠭ ᠬᠠᠷᠢᠯᠴᠠ᠃ 6 ᠦᠭᠡ ᠪᠡᠨ ᠦᠷᠭᠦᠯᠵᠢ ᠡᠶᠡᠯᠳᠡᠭ᠂ ᠳᠠᠪᠤᠰᠤ ᠪᠠᠷ ᠠᠮᠲᠠ ᠣᠷᠣᠭᠤᠯᠤᠭᠰᠠᠨ ᠮᠡᠲᠦ ᠶᠠᠷᠢ᠂ ᠢᠩᠭᠢᠭᠰᠡᠨ ᠢᠶᠡᠷ ᠲᠠ ᠨᠠᠷ ᠬᠥᠮᠦᠨ ᠪᠣᠯᠭᠠᠨ ᠳᠤ ᠶᠠᠭᠠᠬᠢᠵᠤ ᠬᠠᠷᠢᠭᠤᠯᠬᠤ ᠶᠣᠰᠣᠲᠠᠢ ᠪᠠᠨ ᠮᠡᠳᠡᠬᠦ ᠪᠣᠯᠣᠨ᠎ᠠ᠃

7 ᠲᠦᠬᠢᠺ ᠮᠢᠨᠦ ᠲᠤᠬᠠᠢ ᠪᠦᠬᠦᠨ ᠢ ᠲᠠ ᠨᠠᠷ ᠲᠤ ᠮᠡᠳᠡᠭᠦᠯᠬᠦ ᠪᠣᠯᠣᠨ᠎ᠠ᠂ ᠲᠡᠷᠡ ᠪᠣᠯ ᠬᠠᠢᠷᠠᠲᠤ ᠳᠡᠭᠦᠦ᠂ ᠢᠲᠡᠭᠡᠮᠵᠢᠲᠦ ᠳᠡᠮᠴᠢ᠂ ᠡᠵᠡᠨ ᠦ ᠲᠥᠯᠥᠭᠡ ᠨᠠᠳᠠ ᠲᠠᠢ ᠬᠠᠮᠲᠤ ᠵᠠᠷᠤᠴᠠᠯᠠᠭᠳᠠᠭᠴᠢ ᠮᠥᠨ᠃ 8 ᠪᠢ ᠲᠠ ᠨᠠᠷ ᠲᠤ ᠪᠠᠢᠳᠠᠯ ᠢᠶᠠᠨ ᠮᠡᠳᠡᠭᠦᠯᠵᠦ ᠰᠡᠳᠬᠢᠯ ᠢ ᠴᠢᠨᠢ ᠲᠠᠢᠪᠤᠰᠢᠷᠠᠭᠤᠯᠬᠤ ᠭᠡᠵᠦ ᠲᠡᠭᠦᠨ ᠢ ᠢᠯᠡᠭᠡᠯ᠎ᠡ᠃ 9 ᠲᠡᠭᠦᠨ ᠲᠡᠢ ᠬᠠᠮᠲᠤ ᠣᠨᠧᠰᠢᠮ ᠢ ᠴᠤ ᠶᠠᠪᠤᠭᠤᠯᠪᠠ᠃ ᠲᠡᠷᠡ ᠪᠣᠯ ᠪᠢᠳᠡᠨ ᠦ ᠢᠲᠡᠭᠡᠮᠵᠢᠲᠦ ᠬᠠᠢᠷᠠᠲᠠᠢ ᠳᠡᠭᠦᠦ ᠪᠥᠭᠡᠳ ᠲᠠᠨ ᠤ ᠲᠡᠨᠳᠡᠬᠢ ᠶᠢᠨ ᠬᠥᠮᠦᠨ ᠪᠢᠯᠡ᠃ ᠲᠡᠷᠡ ᠬᠣᠶᠠᠷ ᠡ᠊ᠨᠳᠡᠬᠢ ᠶᠢᠨ ᠬᠠᠮᠤᠭ ᠪᠠᠢᠳᠠᠯ ᠢ ᠲᠠ ᠨᠠᠷ ᠲᠤ ᠮᠡᠳᠡᠭᠦᠯᠬᠦ ᠪᠣᠯᠣᠨ᠎ᠠ᠃

10 ᠨᠠᠳᠠ ᠲᠠᠢ ᠬᠠᠮᠲᠤ ᠬᠣᠷᠢᠭᠳᠠᠭᠰᠠᠨ ᠠᠷᠢᠰᠲ᠋ᠠᠷᠺ ᠪᠣᠯᠣᠨ ᠪᠠᠷᠨᠠᠪᠠ ᠶᠢᠨ ᠪᠦᠯᠦ ᠳᠡᠭᠦᠦ ᠮᠠᠷᠺ (ᠲᠡᠷᠡ ᠲᠠᠨ ᠤ ᠲᠡᠨᠳᠡ ᠣᠴᠢᠪᠠᠯ ᠤᠭᠳᠤᠵᠤ ᠠᠪᠤᠭᠠᠷᠠᠢ ᠭᠡᠰᠡᠨ ᠲᠡᠭᠦᠨ ᠦ ᠲᠤᠬᠠᠢ ᠵᠢᠭᠠᠪᠤᠷᠢ ᠶᠢ ᠲᠠ ᠨᠠᠷ ᠠᠪᠤᠭᠰᠠᠨ ᠪᠠᠢᠬ᠎ᠠ᠃) ᠪᠠ 11 ᠶᠦᠰᠲ ᠬᠡᠮᠡᠭᠳᠡᠳᠡᠭ ᠢᠰᠦ᠋ᠰ ᠲᠠ ᠨᠠᠷ ᠤᠨ ᠠᠮᠤᠷ ᠢ ᠡᠷᠢᠵᠦ ᠪᠠᠢᠨ᠎ᠠ᠃ ᠬᠥᠪᠴᠢᠷᠬᠡᠢ ᠬᠥᠨᠳᠡᠭᠦᠯᠦᠭᠴᠢᠳ ᠤᠨ ᠳᠤᠮᠳᠠ ᠠᠴᠠ ᠵᠥᠪᠬᠡᠨ ᠡᠳᠡᠭᠡᠷ ᠬᠥᠮᠦᠨ ᠪᠤᠷᠬᠠᠨ ᠤ ᠬᠠᠭᠠᠨᠴᠢᠯᠠᠯ ᠤᠨ ᠲᠥᠯᠥᠭᠡ ᠨᠠᠳᠠ ᠲᠠᠢ ᠬᠠᠮᠲᠤ ᠠᠵᠢᠯᠯᠠᠵᠤ ᠪᠠᠢᠨ᠎ᠠ᠂ ᠲᠡᠳᠡ ᠨᠠᠳᠠ ᠳᠤ ᠲᠠᠢᠪᠤᠰᠢᠷᠠᠯ ᠥᠭᠳᠡᠭ᠃ 12 ᠧᠫᠡᠹᠷᠠ ᠴᠤ ᠲᠠ ᠨᠠᠷ ᠤᠨ ᠠᠮᠤᠷ ᠢ ᠡᠷᠢᠵᠦ ᠪᠠᠢᠨ᠎ᠠ᠃ ᠲᠡᠷᠡ ᠪᠠᠰᠠ ᠲᠠᠨ ᠤ ᠲᠡᠨᠳᠡᠬᠢ ᠶᠢᠨ ᠬᠥᠮᠦᠨ ᠪᠥᠭᠡᠳ ᠾᠷᠢᠰᠲ᠋ᠣᠰ ᠢᠰᠦ᠋ᠰ ᠤᠨ ᠵᠠᠷᠤᠴᠠ ᠪᠢᠯᠡ᠃ ᠲᠡᠷᠡ ᠲᠠ ᠨᠠᠷ ᠤᠨ ᠲᠥᠯᠥᠭᠡ ᠳᠠᠭᠠᠳᠬᠠᠨ᠂ ᠲᠠ ᠨᠠᠷ ᠢ ᠪᠤᠷᠬᠠᠨ ᠤ ᠠᠯᠢᠪᠠ ᠰᠠᠨᠠᠭᠠᠨ ᠤ ᠳᠣᠲᠣᠷ᠎ᠠ ᠲᠡᠭᠦᠰ ᠪᠠᠢᠵᠤ ᠳᠦᠭᠦᠷᠡᠩ ᠢᠲᠡᠭᠡᠯ ᠲᠡᠢ ᠪᠠᠢᠯᠭᠠᠬᠤ ᠪᠠᠷ ᠦᠷᠭᠦᠯᠵᠢ ᠮᠡᠷᠡᠢᠵᠦ ᠪᠠᠢᠨ᠎ᠠ᠃ 13 ᠲᠡᠷᠡ ᠲᠠ ᠨᠠᠷ ᠤᠨ ᠲᠥᠯᠥᠭᠡ᠂ ᠪᠠᠰᠠ ᠯᠠᠣᠳᠢᠺᠧᠶ᠎ᠠ ᠪᠣᠯᠣᠨ ᠾᠢᠶᠧᠷᠠᠫᠣᠯᠢ ᠳᠤ ᠪᠠᠢᠭᠰᠠᠳ ᠤᠨ ᠲᠥᠯᠥᠭᠡ ᠶᠡᠬᠡᠳᠡ ᠵᠦᠳᠡᠷᠡᠵᠦ ᠪᠠᠢᠭ᠎ᠠ ᠶᠢ ᠨᠢ ᠪᠢ ᠭᠡᠷᠡᠴᠢᠯᠡᠶ᠎ᠡ᠃ 14 ᠬᠠᠢᠷᠠᠲᠤ ᠡᠮᠴᠢ ᠯᠦᠺ᠂ ᠳ᠋ᠧᠮᠠ ᠲᠠᠢ ᠬᠠᠮᠲᠤ ᠲᠠ ᠨᠠᠷ ᠤᠨ ᠠᠮᠤᠷ ᠢ ᠡᠷᠢᠵᠦ ᠪᠠᠢᠨ᠎ᠠ᠃ 15 ᠯᠠᠣᠳᠢᠺᠧᠶ᠎ᠠ ᠳᠤ ᠪᠠᠢᠭ᠎ᠠ ᠠᠬ᠎ᠠ ᠳᠡᠭᠦᠦ ᠨᠠᠷ᠂ ᠨᠦᠮᠹᠠ ᠬᠢᠭᠡᠳ ᠲᠡᠭᠦᠨ ᠦ ᠭᠡᠷ ᠦᠨ ᠴᠢᠭᠤᠯᠭᠠᠨ ᠤ ᠠᠮᠤᠷ ᠢ ᠠᠰᠠᠭᠤᠵᠤ ᠥᠭᠭᠥᠭᠡᠷᠡᠢ᠃ 16 ᠲᠠ ᠨᠠᠷ ᠡᠨᠡ ᠵᠠᠬᠢᠳᠠᠯ ᠢ ᠤᠩ᠋ᠰᠢᠭᠰᠠᠨ ᠤ ᠳᠠᠷᠠᠭ᠎ᠠ᠂ ᠯᠠᠣᠳᠢᠺᠧᠶᠠᠴᠤᠳ ᠤᠨ ᠴᠢᠭᠤᠯᠭᠠᠨ ᠳᠤ ᠴᠤ ᠤᠩ᠋ᠰᠢᠭᠤᠯᠤᠭᠠᠷᠠᠢ᠃ ᠯᠠᠣᠳᠢᠺᠧᠶ᠎ᠠ ᠠᠴᠠ ᠢᠷᠡᠬᠦ ᠵᠠᠬᠢᠳᠠᠯ ᠢ ᠲᠠ ᠨᠠᠷ ᠴᠤ ᠤᠩ᠋ᠰᠢ᠃ 17 ᠲᠠ ᠨᠠᠷ ᠠᠷᠬᠢᠫ ᠲᠤ᠄ 《ᠡᠵᠡᠨ ᠦ ᠳᠣᠲᠣᠷ᠎ᠠ ᠬᠦᠯᠢᠶᠡᠨ ᠠᠪᠤᠭᠰᠠᠨ ᠡᠭᠦᠷᠭᠡ ᠪᠡᠨ ᠠᠩ᠋ᠬᠠᠷᠴᠤ ᠪᠡᠶᠡᠯᠡᠭᠦᠯ》 ᠭᠡᠵᠦ ᠬᠡᠯᠡᠭᠡᠷᠡᠢ᠃

18 ᠫᠠᠦ᠋ᠯ ᠪᠢ ᠥᠪᠡᠷ ᠦᠨ ᠭᠠᠷ ᠢᠶᠠᠷ ᠡᠨᠡ ᠮᠡᠨᠳᠦᠴᠢᠯᠡᠭᠡ ᠶᠢ ᠪᠢᠴᠢᠵᠦ ᠪᠠᠢᠨ᠎ᠠ᠃ ᠲᠠ ᠨᠠᠷ ᠮᠢᠨᠦ ᠳᠥᠩᠭᠡ ᠶᠢ ᠰᠠᠨᠠᠭᠲᠤᠨ᠂ ᠢᠪᠡᠭᠡᠯ ᠲᠠ ᠨᠠᠷ ᠲᠠᠢ ᠬᠠᠮᠲᠤ ᠪᠠᠢᠬᠤ ᠪᠣᠯᠲᠤᠭᠠᠢ᠃