ᠺᠣᠯᠣᠰᠠᠢ ᠭᠤᠷᠪᠠ
ᠾᠷᠢᠰᠲ᠋ᠣᠰ ᠤᠨ ᠳᠣᠲᠣᠷᠠᠬᠢ ᠰᠢᠨ᠎ᠡ ᠠᠮᠢᠳᠤᠷᠠᠯ
1 ᠲᠠ ᠨᠠᠷ ᠾᠷᠢᠰᠲ᠋ᠣᠰ ᠲᠠᠢ ᠬᠠᠮᠲᠤ ᠠᠮᠢᠯᠠᠭᠤᠯᠤᠭᠳᠠᠭᠰᠠᠨ ᠶᠤᠮ ᠪᠣᠯ ᠳᠡᠭᠡᠳᠦᠬᠢ ᠶᠢᠨ ᠶᠠᠭᠤᠮᠠᠰ ᠢ ᠬᠠᠢᠭᠲᠤᠨ᠃ ᠲᠡᠨᠳᠡ ᠾᠷᠢᠰᠲ᠋ᠣᠰ ᠪᠤᠷᠬᠠᠨ ᠤ ᠪᠠᠷᠠᠭᠤᠨ ᠲᠠᠯ᠎ᠠ ᠳᠤ ᠰᠠᠭᠤᠵᠤ ᠪᠠᠢᠭ᠎ᠠ ᠶᠤᠮ᠃ 2 ᠭᠠᠵᠠᠷ ᠳᠡᠭᠡᠷᠡᠬᠢ ᠶᠠᠭᠤᠮᠠᠰ ᠲᠤ ᠪᠢᠰᠢ᠂ ᠬᠠᠷᠢᠨ ᠳᠡᠭᠡᠳᠦᠬᠢ ᠶᠢᠨ ᠶᠠᠭᠤᠮᠠᠰ ᠲᠤ ᠰᠠᠨᠠᠭ᠎ᠠ ᠲᠠᠯᠪᠢᠭᠠᠷᠠᠢ᠃ 3 ᠤᠴᠢᠷ ᠨᠢ᠂ ᠲᠠ ᠨᠠᠷ ᠨᠢᠭᠡᠨᠲᠡ ᠦᠬᠦᠭᠰᠡᠨ ᠪᠥᠭᠡᠳ ᠲᠠ ᠨᠠᠷ ᠤᠨ ᠠᠮᠢ ᠾᠷᠢᠰᠲ᠋ᠣᠰ ᠲᠠᠢ ᠬᠠᠮᠲᠤ ᠪᠠᠷ ᠪᠤᠷᠬᠠᠨ ᠤ ᠳᠣᠲᠣᠷ᠎ᠠ ᠨᠢᠭᠤᠭᠳᠠᠭᠰᠠᠨ ᠪᠤᠢ᠃ 4 ᠲᠠ ᠨᠠᠷ ᠤᠨ ᠠᠮᠢ᠂ ᠲᠤᠬᠠᠢᠯᠠᠪᠠᠯ ᠾᠷᠢᠰᠲ᠋ᠣᠰ ᠢᠯᠡᠷᠡᠬᠦ ᠦᠶ᠎ᠡ ᠳᠦ ᠲᠠ ᠨᠠᠷ ᠴᠤ ᠲᠡᠭᠦᠨ ᠲᠡᠢ ᠬᠠᠮᠲᠤ ᠠᠯᠳᠠᠷ ᠰᠤᠤ ᠲᠠᠢ ᠪᠠᠷ ᠢᠯᠡᠷᠡᠬᠦ ᠪᠣᠯᠣᠨ᠎ᠠ᠃
5 ᠬᠠᠷᠢᠨ ᠣᠳᠣ ᠭᠠᠵᠠᠷ ᠳᠡᠭᠡᠷᠡᠬᠢ ᠴᠢᠨᠠᠷ ᠤᠳ ᠢᠶᠠᠨ᠂ ᠲᠤᠬᠠᠢᠯᠠᠪᠠᠯ ᠰᠠᠳᠤᠷ ᠰᠠᠮᠠᠭᠤᠨ᠂ ᠴᠡᠪᠡᠷ ᠪᠤᠰᠤ᠂ ᠲᠠᠴᠢᠶᠠᠯ᠂ ᠮᠠᠭᠤ ᠬᠦᠰᠡᠯ ᠪᠠ ᠰᠢᠨᠤᠯ (ᠥᠭᠡᠷ᠎ᠡ ᠪᠡᠷ ᠬᠡᠯᠡᠪᠡᠯ᠂ ᠰᠢᠲᠦᠭᠡᠨ ᠳᠦ ᠮᠥᠷᠭᠥᠬᠦ) ᠵᠡᠷᠭᠡ ᠶᠢ ᠦᠬᠦᠭᠦᠯᠦᠭᠲᠦᠨ᠃ 6 ᠡᠳᠡᠭᠡᠷ ᠡᠴᠡ ᠪᠣᠯᠵᠤ ᠪᠤᠷᠬᠠᠨ ᠤ ᠬᠢᠯᠢᠩ [ᠳᠤᠭᠤᠯᠭᠠᠪᠤᠷᠢ ᠦᠭᠡᠢ ᠬᠥᠮᠦᠰ ᠦᠨ ᠳᠡᠭᠡᠷ᠎ᠡ] ᠪᠠᠭᠤᠨ᠎ᠠ᠃ 7 ᠤᠤᠯ ᠨᠢ ᠡᠳᠡᠭᠡᠷ ᠦᠨ ᠳᠤᠮᠳᠠ ᠠᠮᠢᠳᠤᠷᠠᠬᠤ ᠳᠠᠭᠠᠨ ᠲᠠ ᠨᠠᠷ ᠴᠤ ᠡᠳᠡᠭᠡᠷ ᠢᠶᠡᠷ ᠶᠠᠪᠤᠳᠠᠭ ᠪᠠᠢᠭᠰᠠᠨ᠂ 8 ᠡᠳᠦᠭᠡ ᠠᠭᠤᠷ ᠬᠢᠯᠢᠩ᠂ ᠬᠣᠣᠷᠲᠤ ᠰᠠᠨᠠᠭ᠎ᠠ᠂ ᠭᠦᠳᠬᠡᠯ ᠪᠠ ᠠᠮᠠᠨ ᠠᠴᠠ ᠭᠠᠷᠳᠠᠭ ᠪᠤᠵᠠᠷ ᠦᠭᠡ ᠵᠡᠷᠭᠡ ᠪᠡᠨ ᠪᠦᠭᠦᠳᠡ ᠶᠢ ᠬᠠᠶᠠᠭᠲᠤᠨ᠃ 9 ᠨᠢᠭᠡ ᠨᠢᠭᠡᠨ ᠳᠡᠭᠡᠨ ᠪᠦᠦ ᠬᠤᠳᠠᠯ ᠶᠠᠷᠢ᠂ ᠶᠠᠭᠠᠬᠢᠭᠠᠳ ᠭᠡᠪᠡᠯ᠂ ᠲᠠ ᠨᠠᠷ ᠬᠠᠭᠤᠴᠢᠨ ᠬᠥᠮᠦᠨ ᠢᠶᠡᠨ ᠦᠢᠯᠡᠰ ᠲᠡᠢ ᠨᠢ ᠬᠠᠮᠲᠤ ᠲᠠᠢᠯᠴᠢᠬᠠᠭᠠᠳ 10 ᠰᠢᠨ᠎ᠡ ᠬᠥᠮᠦᠨ ᠢ ᠡᠮᠦᠰᠦᠭᠰᠡᠨ ᠶᠤᠮ᠃ ᠰᠢᠨ᠎ᠡ ᠬᠥᠮᠦᠨ ᠴᠢᠨᠢ ᠪᠦᠲᠦᠭᠡᠭᠴᠢ ᠶᠢᠨ ᠢᠶᠠᠨ ᠲᠥᠷᠬᠥ ᠶᠢ ᠳᠠᠭᠤᠷᠢᠶᠠᠨ ᠲᠡᠭᠦᠰ ᠮᠡᠳᠡᠯᠭᠡ ᠳᠦ ᠬᠦᠷᠬᠦ ᠪᠡᠷ ᠰᠢᠨᠡᠴᠢᠯᠡᠭᠳᠡᠭᠰᠡᠭᠡᠷ ᠪᠠᠢᠨ᠎ᠠ᠃ 11 ᠡᠢᠮᠦ ᠳᠦ᠂ ᠭᠷᠧᠭᠴᠦᠳ ᠪᠠ ᠶᠦᠳᠠᠢᠴᠤᠳ᠂ ᠬᠥᠪᠴᠢᠷᠬᠡᠢ ᠬᠥᠨᠳᠡᠭᠦᠯᠦᠭᠰᠡᠳ ᠪᠠ ᠦᠯᠦ ᠬᠥᠨᠳᠡᠭᠦᠯᠦᠭᠰᠡᠳ᠂ ᠪᠠᠯᠠᠢᠴᠤᠳ᠂ ᠰᠺᠦ᠋ᠲ᠋ᠴᠦᠳ᠂ ᠪᠣᠭᠣᠯᠴᠤᠳ᠂ ᠡᠷᠬᠡ ᠴᠢᠯᠥᠭᠡᠲᠦ ᠬᠥᠮᠦᠰ ᠵᠡᠷᠭᠡ ᠶᠢᠨ ᠢᠯᠭᠠᠭ᠎ᠠ ᠪᠠᠢᠬᠤ ᠦᠭᠡᠢ᠂ ᠾᠷᠢᠰᠲ᠋ᠣᠰ ᠯᠠ ᠠᠯᠢᠪᠠ ᠪᠥᠭᠡᠳ ᠠᠯᠢᠪᠠ ᠶᠢᠨ ᠳᠣᠲᠣᠷ᠎ᠠ ᠪᠠᠢᠳᠠᠭ᠃
12 ᠲᠠ ᠨᠠᠷ ᠪᠣᠯ ᠪᠤᠷᠬᠠᠨ ᠳᠤ ᠰᠣᠩ᠋ᠭᠣᠭᠳᠠᠵᠤ ᠬᠠᠢᠷᠠᠯᠠᠭᠳᠠᠭᠰᠠᠨ ᠠᠷᠢᠭᠤᠨ ᠬᠥᠮᠦᠰ ᠤᠴᠢᠷ ᠠᠴᠠ ᠥᠷᠥ ᠡᠪᠡᠳᠦᠯ᠂ ᠡᠶᠡᠯᠳᠡᠭ᠂ ᠳᠠᠷᠤᠤ᠂ ᠵᠥᠭᠡᠯᠡᠨ ᠪᠠ ᠲᠡᠰᠪᠦᠷᠢ ᠶᠢ ᠡᠮᠦᠰᠦᠭᠲᠦᠨ᠃ 13 ᠨᠢᠭᠡ ᠨᠢᠭᠡᠨ ᠢᠶᠡᠨ ᠪᠠᠭᠲᠠᠭᠠᠵᠤ᠂ ᠭᠣᠮᠣᠳᠠᠯ ᠲᠠᠢ ᠪᠣᠯ ᠬᠠᠷᠢᠯᠴᠠᠨ ᠠᠭᠤᠴᠢᠯᠠᠭᠲᠤᠨ᠃ ᠡᠵᠡᠨ ᠲᠠ ᠨᠠᠷ ᠢ ᠠᠭᠤᠴᠢᠯᠠᠭᠰᠠᠨ ᠲᠠᠢ ᠠᠳᠠᠯᠢ ᠲᠠ ᠨᠠᠷ ᠴᠤ ᠠᠭᠤᠴᠢᠯᠠᠬᠤ ᠶᠣᠰᠣᠲᠠᠢ᠃ 14 ᠡᠨᠡ ᠪᠦᠭᠦᠳᠡ ᠶᠢᠨ ᠳᠡᠭᠡᠷ᠎ᠡ ᠬᠠᠢᠷ᠎ᠠ ᠶᠢ ᠪᠦᠰᠡᠯᠡᠭᠡᠷᠡᠢ᠂ ᠬᠠᠢᠷ᠎ᠠ ᠪᠣᠯ ᠲᠡᠭᠦᠰ ᠬᠣᠯᠪᠣᠭᠠᠰᠤ ᠮᠥᠨ᠃ 15 ᠾᠷᠢᠰᠲ᠋ᠣᠰ ᠤᠨ ᠠᠮᠤᠭᠤᠯᠠᠩ ᠢᠶᠠᠷ ᠰᠡᠳᠬᠢᠯ ᠢᠶᠠᠨ ᠵᠠᠬᠢᠷᠤᠭᠤᠯ᠃ ᠲᠠ ᠨᠠᠷ ᠨᠢᠭᠡ ᠪᠡᠶ᠎ᠡ ᠪᠣᠯᠣᠭᠠᠳ ᠠᠮᠤᠭᠤᠯᠠᠩ ᠤᠷᠤᠭᠤ ᠳᠠᠭᠤᠳᠠᠭᠳᠠᠭᠰᠠᠨ᠂ ᠲᠠᠯᠠᠷᠬᠠᠯ ᠲᠠᠢ ᠪᠠᠢ᠃ 16 ᠬᠠᠮᠤᠭ ᠮᠡᠷᠭᠡᠨ ᠤᠬᠠᠭᠠᠨ ᠢᠶᠠᠷ ᠬᠠᠷᠢᠯᠴᠠᠨ ᠰᠤᠷᠭᠠᠵᠤ᠂ ᠰᠠᠨᠠᠭᠤᠯᠤᠨ᠂ ᠰᠢᠯᠦᠭᠯᠡᠯ᠂ ᠮᠠᠭᠲᠠᠭᠠᠯ ᠪᠣᠯᠣᠨ ᠰᠦᠨᠡᠰᠦᠯᠢᠭ ᠳᠠᠭᠤᠤ ᠪᠠᠷ ᠪᠤᠷᠬᠠᠨ ᠳᠤ ᠲᠠᠯᠠᠷᠬᠠᠨ ᠴᠢᠩ ᠰᠡᠳᠬᠢᠯ ᠡᠴᠡ ᠪᠡᠨ ᠳᠠᠭᠤᠯᠠᠵᠤ᠂ ᠾᠷᠢᠰᠲ᠋ᠣᠰ ᠤᠨ ᠦᠭᠡ ᠶᠢ ᠥᠪᠡᠷᠰᠡᠳ ᠦᠨ ᠢᠶᠠᠨ ᠳᠤᠮᠳᠠ ᠡᠯᠪᠡᠭ ᠳᠡᠯᠪᠡᠭ ᠪᠠᠢᠯᠭᠠᠭᠲᠤᠨ᠃ 17 ᠲᠠ ᠨᠠᠷ ᠦᠭᠡ ᠪᠤᠶᠤ ᠦᠢᠯᠡᠰ ᠢᠶᠡᠷ ᠶᠠᠭᠤ ᠬᠢᠭᠰᠡᠨ ᠴᠤ ᠪᠦᠬᠦᠨ ᠢ ᠡᠵᠡᠨ ᠢᠰᠦ᠋ᠰ ᠤᠨ ᠨᠡᠷ᠎ᠡ ᠪᠡᠷ ᠬᠢᠵᠦ᠂ ᠲᠡᠭᠦᠨ ᠢᠶᠡᠷ ᠳᠠᠮᠵᠢᠭᠤᠯᠤᠨ ᠡᠴᠢᠭᠡ ᠪᠤᠷᠬᠠᠨ ᠳᠤ ᠲᠠᠯᠠᠷᠬᠠᠭᠠᠷᠠᠢ᠃
ᠾᠷᠢᠰᠲ᠋ᠣᠰ ᠤᠨ ᠳᠣᠲᠣᠷᠠᠬᠢ ᠭᠡᠷ ᠪᠦᠯᠢ
18 ᠡᠬᠡᠨᠡᠷ ᠤᠳ ᠡ᠂ ᠨᠥᠬᠥᠷ ᠲᠡᠭᠡᠨ ᠳᠤᠭᠤᠯᠭᠠᠪᠤᠷᠢᠲᠠᠢ ᠪᠠᠢᠭᠠᠷᠠᠢ᠂ ᠢᠩᠭᠢᠬᠦ ᠨᠢ ᠡᠵᠡᠨ ᠦ ᠳᠣᠲᠣᠷ᠎ᠠ ᠵᠣᠬᠢᠰᠲᠠᠢ ᠶᠤᠮ᠃ 19 ᠡᠷᠡᠭᠲᠡᠢᠴᠦᠳ ᠡ᠂ ᠡᠬᠡᠨᠡᠷ ᠢᠶᠡᠨ ᠬᠠᠢᠷᠠᠯᠠ᠂ ᠪᠦᠦ ᠵᠣᠪᠠᠭᠠᠭᠲᠤᠨ᠃
20 ᠬᠡᠦᠬᠡᠳ ᠤᠳ ᠡ᠂ ᠠᠯᠢᠪᠠ ᠳᠤ ᠡᠴᠢᠭᠡ ᠡᠬᠡ ᠳᠡᠭᠡᠨ ᠳᠤᠭᠤᠯᠭᠠᠪᠤᠷᠢᠲᠠᠢ ᠪᠠᠢ᠂ ᠡᠨᠡ ᠨᠢ ᠡᠵᠡᠨ ᠳᠦ ᠲᠠᠭᠠᠯᠠᠮᠵᠢᠲᠠᠢ᠃ 21 ᠡᠴᠢᠭᠡ ᠨᠦᠭᠦᠳ ᠡ᠂ ᠬᠡᠦᠬᠡᠳ ᠤᠳ ᠢᠶᠠᠨ ᠪᠦᠦ ᠠᠭᠤᠷᠯᠠᠭᠤᠯ᠃ ᠲᠡᠳᠡᠨ ᠦ ᠤᠷᠮ᠎ᠠ ᠶᠢ ᠬᠤᠭᠤᠯᠤᠭᠤᠵᠠᠢ᠃ 22 ᠵᠠᠷᠤᠴᠠ ᠨᠠᠷ ᠡ᠂ ᠠᠯᠢᠪᠠ ᠳᠤ ᠮᠢᠬᠠᠨ ᠪᠡᠶ᠎ᠡ ᠶᠢᠨ ᠡᠵᠡᠨ ᠳᠡᠭᠡᠨ ᠳᠤᠭᠤᠯᠭᠠᠪᠤᠷᠢᠲᠠᠢ ᠪᠠᠢᠭᠠᠷᠠᠢ᠂ ᠲᠡᠭᠦᠨ ᠦ ᠨᠢᠳᠦᠨ ᠳᠦ ᠬᠠᠷᠠᠭᠳᠠᠬᠤ ᠪᠠᠷ ᠪᠤᠰᠤ᠂ ᠬᠥᠮᠦᠰ ᠦᠨ ᠰᠡᠳᠬᠢᠯ ᠢ ᠲᠠᠲᠠᠬᠤ ᠪᠠᠷ ᠴᠤ ᠪᠤᠰᠤ᠂ ᠬᠠᠷᠢᠨ ᠰᠢᠳᠤᠷᠭᠤ ᠰᠡᠳᠬᠢᠯ ᠢᠶᠠᠷ ᠡᠵᠡᠨ ᠡᠴᠡ ᠪᠡᠨ ᠡᠮᠢᠶᠡᠵᠦ ᠳᠤᠭᠤᠯᠭᠠᠪᠤᠷᠢᠲᠠᠢ ᠪᠠᠢᠭᠠᠷᠠᠢ᠃ 23 ᠲᠠ ᠨᠠᠷ ᠶᠠᠭᠤ ᠬᠢᠭᠰᠡᠨ ᠴᠤ ᠬᠥᠮᠦᠨ ᠳᠦ ᠪᠢᠰᠢ᠂ ᠬᠠᠷᠢᠨ ᠡᠵᠡᠨ ᠳᠦ ᠮᠡᠲᠦ ᠰᠡᠳᠬᠢᠯ ᠡᠴᠡ ᠪᠡᠨ ᠬᠢᠭᠡᠷᠡᠢ᠃ 24 ᠲᠠ ᠨᠠᠷ ᠡᠵᠡᠨ ᠡᠴᠡ ᠥᠪ ᠦᠨ ᠱᠠᠩᠨᠠᠯ ᠢ ᠬᠦᠷᠲᠡᠨ᠎ᠡ ᠭᠡᠳᠡᠭ ᠢᠶᠡᠨ ᠮᠡᠳᠡᠨ᠎ᠡ᠃ ᠲᠠ ᠨᠠᠷ ᠾᠷᠢᠰᠲ᠋ᠣᠰ ᠲᠤ ᠵᠠᠷᠤᠴᠠᠯᠠᠭᠳᠠᠵᠤ ᠪᠠᠢᠨ᠎ᠠ᠃ 25 ᠵᠥᠪ ᠪᠤᠰᠤ ᠶᠢ ᠦᠢᠯᠡᠳᠦᠭᠴᠢ ᠨᠢ ᠦᠢᠯᠡᠳᠦᠭᠰᠡᠨ ᠵᠥᠪ ᠪᠤᠰᠤ ᠶᠢᠨ ᠢᠶᠠᠨ ᠬᠠᠷᠢᠭᠤ ᠶᠢ ᠠᠮᠰᠠᠨ᠎ᠠ᠃ ᠡᠵᠡᠨ ᠨᠢᠭᠤᠷ ᠲᠠᠯ᠎ᠠ ᠬᠠᠷᠠᠳᠠᠭ ᠦᠭᠡᠢ᠃