ᠺᠣᠯᠣᠰᠠᠢ ᠬᠣᠶᠠᠷ
1 ᠲᠠ ᠨᠠᠷ ᠪᠠ ᠯᠠᠣᠳᠢᠺᠧᠶ᠎ᠠ ᠶᠢᠨ ᠬᠢᠨ ᠪᠣᠯᠣᠨ ᠨᠠᠳᠠ ᠲᠠᠢ ᠨᠢᠭᠤᠷ ᠤᠴᠠᠷᠠᠭ᠎ᠠ ᠦᠭᠡᠢ ᠬᠥᠮᠦᠰ ᠦᠨ ᠲᠥᠯᠥᠭᠡ ᠴᠤ ᠬᠡᠴᠢᠨᠡᠨ ᠶᠡᠬᠡ ᠲᠡᠮᠡᠴᠡᠵᠦ ᠪᠠᠢᠭ᠎ᠠ ᠶᠢ ᠮᠢᠨᠢ ᠲᠠ ᠨᠠᠷ ᠮᠡᠳᠡᠭᠡᠰᠡᠢ᠃ 2 ᠲᠡᠳᠡ ᠰᠡᠳᠬᠢᠯ ᠲᠠᠢᠪᠤᠰᠢᠷᠠᠨ ᠬᠠᠢᠷ᠎ᠠ ᠪᠠᠷ ᠬᠣᠯᠪᠣᠯᠳᠤᠵᠤ᠂ ᠤᠬᠠᠭᠠᠮᠵᠢ ᠪᠠᠷ ᠪᠦᠷᠢᠨ ᠲᠡᠭᠦᠰ᠂ ᠢᠲᠡᠭᠡᠯ ᠢᠶᠡᠷ ᠳᠦᠭᠦᠷᠡᠩ ᠪᠣᠯᠵᠤ᠂ ᠪᠤᠷᠬᠠᠨ ᠤ ᠨᠢᠭᠤᠴᠠ ᠪᠣᠯᠬᠤ ᠾᠷᠢᠰᠲ᠋ᠣᠰ ᠢ ᠵᠥᠪ ᠣᠢᠯᠠᠭᠠᠬᠤ ᠪᠣᠯᠲᠤᠭᠠᠢ᠃ 3 ᠾᠷᠢᠰᠲ᠋ᠣᠰ ᠤᠨ ᠳᠣᠲᠣᠷ᠎ᠠ ᠮᠡᠷᠭᠡᠨ ᠤᠬᠠᠭᠠᠨ ᠪᠠ ᠮᠡᠳᠡᠯᠭᠡ ᠶᠢᠨ ᠠᠯᠢᠪᠠ ᠡᠷᠳᠡᠨᠢᠰ ᠨᠢᠭᠤᠭᠳᠠᠭᠰᠠᠨ ᠪᠠᠢᠳᠠᠭ᠃
ᠾᠷᠢᠰᠲ᠋ᠣᠰ ᠤᠨ ᠳᠣᠲᠣᠷᠠᠬᠢ ᠡᠷᠬᠡ ᠴᠢᠯᠥᠭᠡ
4 ᠪᠢ ᠡᠭᠦᠨ ᠢ ᠬᠡᠯᠡᠵᠦ ᠪᠠᠢᠭ᠎ᠠ ᠨᠢ ᠬᠡᠨ ᠨᠢᠭᠡ ᠨᠢ ᠲᠠ ᠨᠠᠷ ᠢ ᠤᠷᠠᠨ ᠦᠭᠡ ᠪᠡᠷ ᠮᠡᠬᠡᠯᠡᠭᠦᠵᠡᠢ ᠭᠡᠰᠡᠨ ᠳᠡᠭᠡᠨ ᠶᠤᠮ᠃ 5 ᠪᠢ ᠪᠡᠶ᠎ᠡ ᠪᠡᠷ ᠢᠶᠠᠨ ᠲᠠ ᠨᠠᠷ ᠲᠠᠢ ᠬᠠᠮᠲᠤ ᠪᠠᠢᠬᠤ ᠦᠭᠡᠢ ᠪᠣᠯᠪᠠᠴᠤ ᠰᠦᠨᠡᠰᠦ ᠪᠡᠷ ᠢᠶᠠᠨ ᠬᠠᠮᠲᠤ ᠪᠠᠢᠯᠴᠠᠨ ᠲᠠ ᠨᠠᠷ ᠤᠨ ᠡᠮᠬᠢ ᠵᠠᠮᠪᠠᠷᠠᠭ᠎ᠠ ᠲᠠᠢ᠂ ᠾᠷᠢᠰᠲ᠋ᠣᠰ ᠲᠤ ᠪᠠᠲᠤ ᠢᠲᠡᠭᠡᠯ ᠲᠡᠢ ᠶᠢ ᠴᠢᠨᠢ ᠬᠠᠷᠠᠭᠠᠳ ᠪᠠᠶᠠᠷᠯᠠᠵᠤ ᠪᠠᠢᠨ᠎ᠠ᠃
6 ᠲᠠ ᠨᠠᠷ ᠾᠷᠢᠰᠲ᠋ᠣᠰ ᠢᠰᠦ᠋ᠰ ᠢ ᠡᠵᠡᠨ ᠢᠶᠡᠷ ᠬᠦᠯᠢᠶᠡᠨ ᠠᠪᠤᠭᠰᠠᠨ ᠲᠤᠯᠠ 7 ᠲᠡᠭᠦᠨ ᠦ ᠳᠣᠲᠣᠷ᠎ᠠ ᠶᠠᠪᠤᠵᠠᠭ᠎ᠠ᠃ ᠰᠤᠷᠤᠭᠰᠠᠨ ᠶᠣᠰᠣᠭᠠᠷ ᠢᠶᠠᠨ ᠲᠡᠭᠦᠨ ᠦ ᠳᠣᠲᠣᠷ᠎ᠠ ᠦᠨᠳᠦᠰᠦᠯᠡᠭᠳᠡᠨ ᠪᠠᠢᠭᠤᠯᠤᠭᠳᠠᠵᠤ᠂ ᠢᠲᠡᠭᠡᠯ ᠢᠶᠡᠷ ᠪᠠᠲᠤᠵᠢᠨ ᠲᠠᠯᠠᠷᠬᠠᠯ ᠢᠶᠠᠷ ᠳᠦᠭᠦᠷᠡᠩ ᠪᠠᠢᠭᠲᠤᠨ᠃
8 ᠲᠠ ᠨᠠᠷ ᠬᠡᠨ ᠨᠢᠭᠡᠨ ᠦ ᠭᠦᠨ ᠤᠬᠠᠭᠠᠨ᠂ ᠡᠰᠡᠬᠦᠯ᠎ᠡ ᠬᠣᠭᠣᠰᠣᠨ ᠣᠪ ᠮᠡᠬᠡᠨ ᠳᠦ ᠣᠯᠵᠠᠯᠠᠭᠳᠠᠭᠤᠵᠠᠢ᠃ ᠡᠳᠡᠭᠡᠷ ᠨᠢ ᠾᠷᠢᠰᠲ᠋ᠣᠰ ᠢ ᠪᠢᠰᠢ᠂ ᠬᠠᠷᠢᠨ ᠬᠥᠮᠦᠨ ᠦ ᠤᠯᠠᠮᠵᠢᠯᠠᠯ ᠪᠠ ᠶᠢᠷᠲᠢᠨᠴᠦ ᠶᠢᠨ ᠡᠩ ᠦᠨ ᠵᠢᠷᠤᠮ ᠢ ᠳᠠᠭᠠᠳᠠᠭ᠃ 9 ᠪᠤᠷᠬᠠᠨ ᠤ ᠪᠦᠷᠢᠨ ᠳᠦᠭᠦᠷᠡᠩ ᠴᠢᠨᠠᠷ ᠨᠢ ᠴᠥᠮ ᠾᠷᠢᠰᠲ᠋ᠣᠰ ᠤᠨ ᠳᠣᠲᠣᠷ᠎ᠠ ᠪᠡᠶᠡᠴᠢᠯᠡᠨ ᠣᠷᠣᠰᠢᠵᠤ ᠪᠠᠢᠳᠠᠭ᠃ 10 ᠲᠠ ᠨᠠᠷ ᠴᠤ ᠾᠷᠢᠰᠲ᠋ᠣᠰ ᠤᠨ ᠳᠣᠲᠣᠷ᠎ᠠ ᠡᠢᠨ ᠬᠦ ᠪᠦᠷᠢᠨ ᠳᠦᠭᠦᠷᠡᠩ ᠪᠣᠯᠣᠯ᠎ᠠ᠃ ᠾᠷᠢᠰᠲ᠋ᠣᠰ ᠪᠣᠯ ᠠᠯᠢᠪᠠ ᠵᠠᠰᠠᠭᠯᠠᠯ ᠪᠠ ᠡᠷᠬᠡ ᠮᠡᠳᠡᠯ ᠦᠨ ᠲᠡᠷᠢᠭᠦᠨ ᠮᠥᠨ᠃ 11 ᠲᠡᠭᠦᠨ ᠦ ᠳᠣᠲᠣᠷ᠎ᠠ ᠲᠠ ᠨᠠᠷ ᠬᠥᠮᠦᠨ ᠦ ᠭᠠᠷ ᠢᠶᠠᠷ ᠬᠥᠪᠴᠢᠷᠬᠡᠢ ᠬᠥᠨᠳᠡᠬᠦ ᠶᠣᠰᠣᠯᠠᠯ ᠢ ᠪᠤᠰᠤ᠂ ᠬᠠᠷᠢᠨ ᠾᠷᠢᠰᠲ᠋ᠣᠰ ᠢᠶᠠᠷ ᠬᠥᠪᠴᠢᠷᠬᠡᠢ ᠬᠥᠨᠳᠡᠬᠦ ᠶᠣᠰᠣᠯᠠᠯ᠂ ᠲᠤᠬᠠᠢᠯᠠᠪᠠᠯ ᠨᠢᠭᠦᠯᠲᠦ ᠤᠭ ᠴᠢᠨᠠᠷ 1 ᠢᠶᠠᠨ ᠲᠠᠢᠯᠬᠤ ᠶᠣᠰᠣᠯᠠᠯ ᠢ ᠬᠢᠯᠭᠡᠭᠰᠡᠨ᠃ 12 ᠲᠠ ᠨᠠᠷ ᠤᠬᠢᠶᠠᠯ ᠬᠦᠷᠲᠡᠬᠦ ᠳᠡᠭᠡᠨ ᠾᠷᠢᠰᠲ᠋ᠣᠰ ᠲᠠᠢ ᠬᠠᠮᠲᠤ ᠪᠤᠯᠠᠰᠢᠯᠠᠭᠳᠠᠵᠤ᠂ ᠬᠠᠮᠲᠤ ᠠᠮᠢᠯᠠᠭᠤᠯᠤᠭᠳᠠᠪᠠ᠃ ᠤᠴᠢᠷ ᠨᠢ᠂ ᠲᠡᠭᠦᠨ ᠢ ᠦᠬᠦᠭᠰᠡᠳ ᠦᠨ ᠳᠤᠮᠳᠠ ᠠᠴᠠ ᠠᠮᠢᠯᠠᠭᠤᠯᠤᠭᠰᠠᠨ ᠪᠤᠷᠬᠠᠨ ᠤ ᠬᠦᠴᠦᠨ ᠳᠦ ᠲᠠ ᠨᠠᠷ ᠢᠲᠡᠭᠡᠭᠰᠡᠨ ᠶᠤᠮ᠃ 13 ᠨᠢᠭᠦᠯᠲᠦ ᠤᠭ ᠴᠢᠨᠠᠷ 2 ᠤᠨ ᠬᠥᠪᠴᠢᠷᠬᠡᠢ ᠬᠥᠨᠳᠡᠬᠦ ᠶᠣᠰᠣᠯᠠᠯ ᠢ ᠬᠦᠷᠲᠡᠭᠡ ᠦᠭᠡᠢ ᠨᠢᠭᠦᠯ ᠳᠣᠲᠣᠷ᠎ᠠ ᠦᠬᠦᠮᠡᠯ ᠪᠠᠢᠭᠰᠠᠨ ᠲᠠ ᠨᠠᠷ ᠢ ᠪᠤᠷᠬᠠᠨ ᠾᠷᠢᠰᠲ᠋ᠣᠰ ᠲᠠᠢ ᠬᠠᠮᠲᠤ ᠠᠮᠢᠯᠠᠭᠤᠯᠵᠠᠢ᠃ ᠪᠤᠷᠬᠠᠨ ᠪᠢᠳᠡᠨ ᠦ ᠬᠠᠮᠤᠭ ᠨᠢᠭᠦᠯ ᠢ ᠬᠡᠯᠲᠦᠷᠢᠭᠦᠯᠦᠭᠰᠡᠨ᠂ 14 ᠪᠢᠳᠡᠨ ᠢ ᠡᠰᠡᠷᠭᠦᠴᠡᠵᠦ᠂ ᠪᠢᠳᠡᠨ ᠢ ᠶᠠᠯᠠᠯᠠᠬᠤ ᠵᠠᠷᠯᠢᠭ ᠲᠠᠢ ᠪᠢᠴᠢᠭ ᠢ ᠲᠡᠷᠡ ᠬᠦᠴᠦᠨ ᠦᠭᠡᠢ ᠪᠣᠯᠭᠠᠨ ᠵᠠᠭᠠᠯᠮᠠᠢ ᠳᠤ ᠬᠠᠳᠠᠵᠤ ᠪᠢᠳᠡᠨ ᠡᠴᠡ ᠵᠠᠢᠯᠠᠭᠤᠯᠤᠭᠰᠠᠨ ᠪᠥᠭᠡᠳ 15 ᠡᠢᠨ ᠬᠦ ᠵᠠᠬᠢᠷᠤᠭᠴᠢᠳ ᠪᠣᠯᠣᠨ ᠡᠷᠬᠡ ᠪᠠᠷᠢᠭᠴᠢᠳ ᠤᠨ ᠵᠡᠪᠰᠡᠭ ᠢ ᠲᠠᠢᠯᠤᠨ ᠠᠪᠴᠤ᠂ ᠲᠡᠳᠡᠨ ᠢ ᠨᠡᠢᠲᠡ ᠶᠢᠨ ᠦᠵᠡᠮᠦᠷᠢ ᠪᠣᠯᠭᠠᠭᠰᠠᠨ ᠢᠶᠠᠷ ᠢᠶᠠᠨ ᠵᠠᠭᠠᠯᠮᠠᠢ ᠶᠢᠨ ᠢᠯᠠᠯᠲᠠ ᠶᠢ ᠪᠠᠢᠭᠤᠯᠵᠠᠢ᠃
16 ᠡᠢᠮᠦ ᠡᠴᠡ ᠲᠠ ᠨᠠᠷ ᠢᠳᠡᠭᠡᠨ ᠤᠮᠳᠠᠭᠠᠨ᠂ ᠪᠠᠶᠠᠷ ᠳᠤᠷᠠᠰᠬᠠᠯ᠂ ᠰᠢᠨᠡᠳ ᠦᠨ ᠰᠠᠷ᠎ᠠ᠂ ᠠᠮᠠᠷᠠᠯ ᠤᠨ ᠡᠳᠦᠷ ᠵᠡᠷᠭᠡ ᠡᠴᠡ ᠪᠣᠯᠵᠤ ᠬᠡᠨ ᠳᠦ ᠴᠤ ᠪᠦᠦ ᠰᠢᠭᠦᠮᠵᠢᠯᠡᠭᠳᠡᠭᠡᠰᠡᠢ᠃ 17 ᠡᠳᠡᠭᠡᠷ ᠪᠣᠯ ᠢᠷᠡᠭᠡᠳᠦᠢ ᠳᠦ ᠪᠣᠯᠬᠤ ᠵᠦᠢᠯᠡᠰ ᠦᠨ ᠰᠡᠭᠦᠳᠡᠷ ᠶᠤᠮ᠂ ᠬᠠᠷᠢᠨ ᠪᠣᠳᠠᠲᠤ ᠪᠡᠶ᠎ᠡ ᠨᠢ ᠾᠷᠢᠰᠲ᠋ᠣᠰ ᠪᠢᠯᠡ᠃ 18 ᠳᠠᠷᠤᠤᠬᠠᠨ ᠳᠦᠷᠢᠯᠡᠵᠦ᠂ ᠲᠡᠳᠡᠭᠡᠷ ᠲᠩᠷᠢ ᠡᠯᠴᠢᠳ ᠲᠤ ᠮᠥᠷᠭᠥᠭᠴᠢᠳ ᠲᠤ ᠮᠡᠬᠡᠯᠡᠭᠳᠡᠭᠡᠳ ᠱᠠᠩᠨᠠᠯ ᠢᠶᠠᠨ ᠠᠯᠳᠠᠭᠤᠵᠠᠢ᠃ ᠲᠡᠳᠡᠭᠡᠷ ᠬᠥᠮᠦᠨ ᠦᠵᠡᠭᠰᠡᠨ ᠳᠡᠭᠡᠨ ᠯᠠ ᠠᠪᠲᠠᠵᠤ ᠮᠢᠬᠠᠨ ᠪᠡᠶᠡᠲᠦ ᠬᠥᠮᠦᠨ ᠦ ᠰᠠᠨᠠᠭ᠎ᠠ ᠪᠠᠷ ᠬᠣᠭᠣᠰᠣᠨ ᠣᠩ᠋ᠭᠢᠷᠠᠭᠠᠳ 19 ᠲᠡᠷᠢᠭᠦᠨ ᠡᠴᠡ ᠪᠠᠷᠢᠳᠠᠭ ᠦᠭᠡᠢ᠃ ᠬᠠᠷᠢᠨ ᠪᠦᠲᠦᠨ ᠪᠡᠶ᠎ᠡ ᠪᠣᠯ ᠦᠶ᠎ᠡ ᠭᠡᠰᠢᠭᠦᠦ ᠪᠠ ᠰᠢᠷᠪᠥᠰᠥ ᠪᠡᠷ ᠳᠠᠮᠵᠢᠭᠤᠯᠤᠨ ᠲᠡᠷᠢᠭᠦᠨ ᠡᠴᠡ ᠪᠡᠨ ᠬᠠᠩ᠋ᠭᠠᠯᠭ᠎ᠠ ᠪᠠᠨ ᠠᠪᠴᠤ᠂ ᠬᠣᠯᠪᠣᠯᠳᠤᠨ᠂ ᠪᠤᠷᠬᠠᠨ ᠤ ᠥᠰᠭᠡᠭᠰᠡᠨ ᠢᠶᠡᠷ ᠥᠰᠳᠡᠭ ᠶᠤᠮ᠃
20 ᠬᠡᠷᠪᠡ ᠲᠠ ᠨᠠᠷ ᠶᠢᠷᠲᠢᠨᠴᠦ ᠶᠢᠨ ᠡᠩ ᠦᠨ ᠵᠠᠷᠴᠢᠮ ᠠᠴᠠ ᠰᠠᠯᠵᠤ ᠾᠷᠢᠰᠲ᠋ᠣᠰ ᠲᠠᠢ ᠬᠠᠮᠲᠤ ᠦᠬᠦᠭᠰᠡᠨ ᠪᠣᠯ᠂ ᠶᠠᠭᠤᠨ ᠳᠤ ᠡᠨᠡ ᠶᠢᠷᠲᠢᠨᠴᠦ ᠳᠦ ᠯᠠ ᠠᠮᠢᠳᠤᠷᠠᠳᠠᠭ ᠰᠢᠭ᠋ 21 《ᠪᠦᠦ ᠪᠠᠷᠢ᠂ ᠪᠦᠦ ᠠᠮᠰᠠ᠂ ᠪᠦᠦ ᠭᠠᠷ ᠬᠦᠷ》 ᠮᠡᠲᠦ ᠶᠢᠨ ᠳᠦᠷᠢᠮ ᠢ ᠪᠠᠷᠢᠮᠲᠠᠯᠠᠨ᠎ᠠ ᠪᠤᠢ︖ 22 ᠡᠳᠡᠭᠡᠷ ᠨᠢ ᠬᠥᠮᠦᠨ ᠦ ᠵᠠᠷᠯᠢᠭ ᠪᠠ ᠰᠤᠷᠭᠠᠯ ᠢ ᠳᠠᠭᠠᠳᠠᠭ ᠪᠥᠭᠡᠳ ᠬᠡᠷᠡᠭᠯᠡᠭᠳᠡᠵᠦ ᠪᠠᠢᠭᠠᠳ ᠴᠥᠮ ᠢᠶᠡᠷ ᠢᠶᠠᠨ ᠬᠡᠷᠡᠭ ᠦᠭᠡᠢ ᠪᠣᠯᠣᠨ᠎ᠠ᠃ 23 ᠡᠳᠡᠭᠡᠷ ᠳᠦᠷᠢᠮ ᠪᠣᠯ ᠰᠠᠨᠠᠭ᠎ᠠ ᠪᠠᠷ ᠢᠶᠠᠨ ᠰᠢᠲᠦᠨ ᠪᠢᠰᠢᠷᠡᠬᠦ᠂ ᠥᠪᠡᠷ ᠢ ᠪᠠᠨ ᠳᠠᠷᠤᠤᠬᠠᠨ ᠪᠠᠢᠯᠭᠠᠬᠤ᠂ ᠪᠡᠶ᠎ᠡ ᠪᠡᠨ ᠵᠣᠪᠠᠭᠠᠬᠤ ᠳᠤ ᠰᠡᠴᠡᠨ ᠭᠡᠮᠡᠷ ᠪᠣᠯᠪᠠᠴᠤ ᠮᠢᠬᠠᠨ ᠪᠡᠶ᠎ᠡ ᠶᠢᠨ ᠰᠢᠨᠤᠯ ᠢ ᠳᠠᠷᠤᠬᠤ ᠳᠤ ᠶᠠᠮᠠᠷ ᠴᠤ ᠲᠤᠰᠠ ᠪᠣᠯᠳᠠᠭ ᠦᠭᠡᠢ᠃