1 2 3 4 5 6 7 8 9 10 11 12 13


ᠬᠣᠶᠠᠳᠤᠭᠠᠷ ᠺᠣᠷᠢᠨᠲ ᠳᠣᠯᠣᠭ᠎ᠠ

1 ᠬᠠᠢᠷᠠᠲᠤ ᠨᠤᠭᠤᠳ ᠡ᠂ ᠪᠢᠳᠡᠨ ᠳᠦ ᠡᠳᠡᠭᠡᠷ ᠠᠮᠠᠯᠠᠯᠲᠠ ᠪᠠᠢᠭ᠎ᠠ ᠪᠣᠯᠬᠣᠷ ᠮᠢᠬᠠᠨ ᠪᠡᠶ᠎ᠡ ᠪᠣᠯᠣᠨ ᠰᠦᠨᠡᠰᠦᠨ ᠦ ᠠᠯᠢᠪᠠ ᠪᠣᠬᠢᠷᠳᠤᠭᠤᠯᠤᠭᠴᠢ ᠡᠴᠡ ᠥᠪᠡᠷᠰᠡᠳ ᠢ ᠪᠠᠨ ᠴᠡᠪᠡᠷᠯᠡᠵᠡᠭᠡᠶ᠎ᠡ᠂ ᠪᠤᠷᠬᠠᠨ ᠠᠴᠠ ᠡᠮᠢᠶᠡᠨ ᠲᠡᠭᠦᠰ ᠠᠷᠢᠭᠤᠨ ᠪᠣᠯᠵᠠᠭᠠᠶ᠎ᠠ᠃
 ᠭᠡᠮᠰᠢᠯ ᠪᠠ ᠪᠠᠶᠠᠰᠤᠯ

2 ᠲᠠ ᠨᠠᠷ ᠪᠢᠳᠡᠨ ᠢ ᠰᠡᠳᠬᠢᠯ ᠳᠡᠭᠡᠨ ᠤᠭᠲᠤᠨ ᠠᠪ᠃ ᠪᠢᠳᠡ ᠬᠡᠨ ᠳᠦ ᠴᠤ ᠵᠥᠪ ᠪᠤᠰᠤ ᠪᠠᠢᠭ᠎ᠠ ᠦᠭᠡᠢ᠂ ᠬᠡᠨ ᠢ ᠴᠤ ᠤᠷᠤᠭᠤ ᠲᠠᠲᠠᠭ᠎ᠠ ᠦᠭᠡᠢ᠂ ᠬᠡᠨ ᠢ ᠴᠤ ᠮᠥᠯᠵᠢᠭᠡ ᠦᠭᠡᠢ᠃ 3 ᠪᠢ ᠲᠠ ᠨᠠᠷ ᠢ ᠪᠤᠷᠤᠭᠤᠳᠬᠠᠬᠤ ᠭᠡᠵᠦ ᠡᠭᠦᠨ ᠢ ᠬᠡᠯᠡᠭᠰᠡᠨ ᠪᠢᠰᠢ᠃ ᠮᠢᠨᠦ ᠤᠷᠢᠳᠠ ᠨᠢ ᠬᠡᠯᠡᠭᠰᠡᠨᠴᠢᠯᠡᠨ ᠲᠠ ᠨᠠᠷ ᠰᠡᠳᠬᠢᠯ ᠳᠤ ᠮᠢᠨᠢ ᠪᠠᠢᠵᠤ ᠪᠢᠳᠡ ᠬᠠᠮᠲᠤ ᠳᠠᠭᠠᠨ ᠦᠬᠦᠵᠦ᠂ ᠬᠠᠮᠲᠤ ᠳᠠᠭᠠᠨ ᠠᠮᠢᠳᠤᠷᠠᠬᠤ ᠪᠣᠯᠣᠨ᠎ᠠ᠃ 4 ᠪᠢ ᠲᠠ ᠨᠠᠷ ᠲᠤ ᠮᠠᠰᠢ ᠰᠢᠳᠤᠷᠭᠤ ᠪᠠᠷ ᠶᠠᠷᠢᠳᠠᠭ ᠪᠥᠭᠡᠳ ᠲᠠ ᠨᠠᠷ ᠢᠶᠠᠷ ᠮᠠᠰᠢ ᠪᠠᠶᠠᠷᠯᠠᠳᠠᠭ ᠶᠤᠮ᠃ ᠲᠡᠢᠮᠦ ᠡᠴᠡ ᠠᠯᠢᠪᠠ ᠵᠣᠪᠠᠯᠠᠩ ᠤᠨ ᠳᠤᠮᠳᠠ ᠲᠠᠢᠳᠬᠤᠷᠠᠯ ᠢᠶᠠᠷ ᠳᠦᠭᠦᠷᠴᠦ ᠪᠠᠶᠠᠰᠤᠯ ᠢᠶᠠᠷ ᠪᠢᠯᠬᠠᠳᠠᠭ᠃

5 ᠪᠢᠳᠡ ᠮᠠᠺᠧᠳᠣᠨᠢᠶ᠎ᠠ ᠳᠤ ᠣᠴᠢᠭᠰᠠᠨ ᠤ ᠳᠠᠷᠠᠭ᠎ᠠ ᠪᠡᠶ᠎ᠡ ᠮᠢᠨᠢ ᠠᠮᠠᠷᠠᠭᠰᠠᠨ ᠦᠭᠡᠢ᠂ ᠭᠠᠳᠠᠨ᠎ᠠ ᠶᠢᠨ ᠲᠤᠯᠤᠯᠳᠤᠭᠠᠨ᠂ ᠳᠣᠲᠣᠷ᠎ᠠ ᠶᠢᠨ ᠲᠦᠭᠰᠢᠭᠦᠷᠢ ᠳᠤ ᠪᠦᠬᠦ ᠲᠠᠯ᠎ᠠ ᠪᠠᠷ ᠬᠠᠪᠴᠢᠭᠳᠠᠪᠠ᠃ 6 ᠭᠡᠪᠡᠴᠦ ᠪᠤᠷᠬᠠᠨ ᠲᠢᠲ ᠢ ᠶᠠᠪᠤᠭᠤᠯᠤᠭᠰᠠᠨ ᠢᠶᠠᠷ ᠢᠶᠠᠨ ᠤᠷᠮ᠎ᠠ ᠠᠯᠳᠠᠷᠠᠭᠰᠠᠳ ᠢ ᠲᠠᠢᠳᠬᠤᠷᠠᠭᠤᠯᠤᠭᠰᠠᠨ ᠶᠤᠮ᠃ 7 ᠲᠡᠭᠦᠨ ᠦ ᠢᠷᠡᠭᠰᠡᠨ ᠢᠶᠡᠷ ᠲᠡᠳᠦᠢ ᠦᠭᠡᠢ᠂ ᠮᠥᠨ ᠲᠡᠭᠦᠨ ᠦ ᠲᠠ ᠨᠠᠷ ᠠᠴᠠ ᠣᠯᠣᠭᠰᠠᠨ ᠲᠠᠢᠳᠬᠤᠷᠠᠯ ᠴᠤ ᠪᠢᠳᠡᠨ ᠢ ᠲᠠᠢᠳᠬᠤᠷᠠᠭᠤᠯᠤᠭᠰᠠᠨ ᠶᠤᠮ᠃ ᠲᠡᠷᠡ ᠪᠢᠳᠡᠨ ᠳᠦ ᠲᠠ ᠨᠠᠷ ᠤᠨ ᠨᠠᠮᠠᠶᠢ ᠰᠠᠨᠠᠵᠤ ᠪᠠᠢᠭ᠎ᠠ ᠪᠠ ᠭᠠᠰᠢᠭᠤᠳᠠᠵᠤ᠂ ᠵᠢᠳᠬᠦᠵᠦ ᠪᠠᠢᠭ᠎ᠠ ᠶᠢ ᠳᠤᠭᠤᠯᠭᠠᠭᠰᠠᠨ ᠳᠤ ᠪᠢ ᠤᠯᠠᠮ ᠶᠡᠬᠡ ᠪᠠᠶᠠᠷᠯᠠᠪᠠ᠃ 8 ᠪᠢ ᠵᠠᠬᠢᠳᠠᠯ ᠳᠠᠭᠠᠨ ᠲᠠ ᠨᠠᠷ ᠢ ᠵᠣᠪᠠᠨᠢᠭᠤᠯᠤᠭᠰᠠᠨ ᠪᠣᠯᠪᠠᠴᠤ ᠬᠠᠷᠠᠮᠰᠠᠬᠤ ᠦᠭᠡᠢ᠂ ᠬᠠᠷᠠᠮᠰᠠᠵᠤ ᠪᠠᠢᠭᠰᠠᠨ ᠪᠣᠯᠪᠠᠴᠤ ᠲᠡᠷᠡ ᠵᠠᠬᠢᠳᠠᠯ ᠲᠦᠷ ᠵᠠᠭᠤᠷ᠎ᠠ ᠯᠠ ᠲᠠ ᠨᠠᠷ ᠢ ᠵᠣᠪᠠᠨᠢᠭᠤᠯᠤᠭᠰᠠᠨ ᠢ ᠮᠡᠳᠡᠭᠡᠳ 9 ᠵᠣᠪᠠᠨᠢᠭᠤᠯᠤᠭᠰᠠᠨ ᠳᠠᠭᠠᠨ ᠪᠤᠰᠤ᠂ ᠬᠠᠷᠢᠨ ᠵᠣᠪᠠᠨᠢᠵᠤ ᠭᠡᠮᠰᠢᠭᠰᠡᠨ ᠳᠦ ᠴᠢᠨᠢ ᠡᠳᠦᠭᠡ ᠪᠠᠶᠠᠷᠯᠠᠵᠤ ᠪᠠᠢᠨ᠎ᠠ᠃ ᠲᠠ ᠨᠠᠷ ᠪᠤᠷᠬᠠᠨ ᠤ ᠰᠠᠨᠠᠭ᠎ᠠ ᠪᠠᠷ ᠭᠤᠨᠢᠭᠯᠠᠪᠠᠯ ᠪᠦᠬᠦ ᠵᠦᠢᠯ ᠳᠤ ᠪᠢᠳᠡᠨ ᠡᠴᠡ ᠪᠣᠯᠵᠤ ᠬᠣᠬᠢᠷᠠᠬᠤ ᠦᠭᠡᠢ᠃ 10 ᠪᠤᠷᠬᠠᠨ ᠤ ᠰᠠᠨᠠᠭ᠎ᠠ ᠠᠴᠠ ᠪᠣᠯᠣᠭᠰᠠᠨ ᠵᠣᠪᠠᠨᠢᠯ ᠬᠥᠮᠦᠨ ᠢ ᠭᠡᠮᠰᠢᠭᠦᠯᠵᠦ ᠠᠪᠤᠷᠠᠳᠠᠭ ᠲᠤᠯᠠ ᠬᠠᠷᠠᠮᠰᠠᠯ ᠪᠠᠢᠳᠠᠭ ᠦᠭᠡᠢ᠃ ᠬᠠᠷᠢᠨ ᠶᠢᠷᠲᠢᠨᠴᠦ ᠶᠢᠨ ᠵᠣᠪᠠᠨᠢᠯ ᠨᠢ ᠦᠬᠦᠯ ᠳᠦ ᠬᠦᠷᠭᠡᠳᠡᠭ᠃ 11 ᠠᠩ᠋ᠬᠠᠷᠤᠭᠲᠤᠨ᠂ ᠪᠤᠷᠬᠠᠨ ᠤ ᠰᠠᠨᠠᠭ᠎ᠠ ᠠᠴᠠ ᠪᠣᠯᠣᠭᠰᠠᠨ ᠵᠣᠪᠠᠨᠢᠯ ᠲᠠ ᠨᠠᠷ ᠤᠨ ᠳᠤᠮᠳᠠ ᠬᠢᠷᠢ ᠵᠡᠷᠭᠡ ᠶᠢᠨ ᠶᠡᠬᠡ ᠵᠢᠳᠬᠦᠯ᠂ ᠬᠠᠮᠠᠭᠠᠯᠠᠯᠲᠠ᠂ ᠬᠢᠯᠢᠩ᠂ ᠠᠢᠳᠠᠰ᠂ ᠰᠠᠨᠠᠭᠠᠰᠢᠷᠠᠯ᠂ ᠡᠷᠡᠮᠡᠯᠵᠡᠯ ᠪᠠ ᠰᠢᠳᠬᠡᠯ ᠢ ᠤᠴᠠᠷᠠᠭᠤᠯᠤᠭᠰᠠᠨ ᠶᠤᠮ ᠪᠤᠢ︖ ᠲᠠ ᠨᠠᠷ ᠲᠡᠷᠡ ᠬᠦ ᠶᠠᠪᠤᠳᠠᠯ ᠳᠡᠭᠡᠷ᠎ᠡ ᠪᠤᠷᠤᠭᠤ ᠦᠭᠡᠢ ᠭᠡᠰᠡᠨ ᠢᠶᠡᠨ ᠪᠦᠬᠦ ᠲᠠᠯ᠎ᠠ ᠪᠠᠷ ᠢᠯᠡᠷᠬᠡᠶᠢᠯᠡᠭᠰᠡᠨ ᠶᠤᠮ᠃ 12 ᠲᠡᠢᠮᠦ ᠡᠴᠡ ᠲᠠ ᠨᠠᠷ ᠲᠤ ᠤᠷᠢᠳᠠ ᠨᠢ ᠪᠢᠴᠢᠭᠰᠡᠨ ᠮᠢᠨᠢ ᠬᠣᠬᠢᠷᠠᠯ ᠤᠴᠠᠷᠠᠭᠤᠯᠤᠭᠴᠢ ᠶᠢᠨ ᠲᠥᠯᠥᠭᠡ ᠪᠢᠰᠢ᠂ ᠬᠣᠬᠢᠷᠠᠯ ᠠᠮᠰᠠᠭᠴᠢᠳ ᠤᠨ ᠲᠥᠯᠥᠭᠡ ᠴᠤ ᠪᠢᠰᠢ᠂ ᠬᠠᠷᠢᠨ ᠪᠢᠳᠡᠨ ᠦ ᠲᠥᠯᠥᠭᠡ ᠲᠠ ᠨᠠᠷ ᠬᠡᠴᠢᠨᠡᠨ ᠶᠡᠬᠡ ᠵᠢᠳᠬᠦᠵᠦ ᠪᠤᠢ ᠶᠢ ᠪᠤᠷᠬᠠᠨ ᠤ ᠮᠡᠯᠮᠡᠢ ᠶᠢᠨ ᠡᠮᠦᠨ᠎ᠡ ᠢᠯᠡᠷᠡᠭᠦᠯᠬᠦ ᠶᠢᠨ ᠲᠥᠯᠥᠭᠡ ᠶᠤᠮ᠃ 13 ᠡᠢᠨ ᠬᠦ ᠪᠢᠳᠡ ᠲᠠᠢᠳᠬᠤᠷᠠᠪᠠ᠃

14 ᠪᠢ ᠲᠢᠲ ᠲᠤ ᠲᠠ ᠨᠠᠷ ᠢ ᠮᠠᠭᠲᠠᠭᠰᠠᠨ ᠳᠠᠭᠠᠨ ᠢᠴᠢᠭᠡ ᠦᠭᠡᠢ᠂ ᠲᠠ ᠨᠠᠷ ᠲᠤ ᠬᠡᠯᠡᠭᠰᠡᠨ ᠪᠢᠳᠡᠨ ᠦ ᠦᠭᠡ ᠪᠦᠭᠦᠳᠡᠭᠡᠷ ᠢᠶᠡᠨ ᠦᠨᠡᠨ ᠪᠠᠢᠭᠰᠠᠨ ᠮᠡᠲᠦ᠂ ᠲᠢᠲ ᠤᠨ ᠡᠮᠦᠨ᠎ᠡ ᠮᠠᠭᠲᠠᠭᠰᠠᠨ ᠪᠢᠳᠡᠨ ᠦ ᠦᠭᠡ ᠴᠤ ᠦᠨᠡᠨ ᠪᠣᠯᠵᠠᠢ᠃ 15 ᠲᠠ ᠪᠦᠭᠦᠳᠡᠭᠡᠷ ᠳᠤᠭᠤᠯᠭᠠᠪᠤᠷᠢᠲᠠᠢ ᠪᠠᠢᠵᠤ ᠡᠮᠢᠶᠡᠨ ᠴᠡᠴᠡᠷᠡᠨ ᠥᠪᠡᠷ ᠢ ᠨᠢ ᠬᠦᠯᠢᠶᠡᠨ ᠠᠪᠤᠭᠰᠠᠨ ᠢ ᠲᠢᠲ ᠰᠠᠨᠠᠵᠤ᠂ ᠲᠠ ᠨᠠᠷ ᠲᠤ ᠨᠡᠩ ᠶᠡᠬᠡ ᠬᠠᠢᠷᠠᠲᠠᠢ ᠪᠣᠯᠣᠭᠰᠠᠨ ᠶᠤᠮ᠃ 16 ᠠᠯᠢᠪᠠ ᠵᠦᠢᠯ ᠳᠤ ᠪᠢ ᠲᠠ ᠨᠠᠷ ᠲᠤ ᠢᠲᠡᠭᠡᠯ ᠲᠡᠢ ᠪᠣᠯᠣᠭᠰᠠᠨ ᠳᠠᠭᠠᠨ ᠪᠠᠶᠠᠷᠯᠠᠬᠤ ᠪᠣᠯᠣᠯ᠎ᠠ᠃