1 2 3 4 5 6 7 8 9 10 11 12 13


ᠬᠣᠶᠠᠳᠤᠭᠠᠷ ᠺᠣᠷᠢᠨᠲ ᠭᠤᠷᠪᠠ

1 ᠪᠢᠳᠡ ᠳᠠᠬᠢᠭᠠᠳ ᠥᠪᠡᠷᠰᠡᠳ ᠢ ᠪᠠᠨ ᠮᠠᠭᠲᠠᠵᠤ ᠡᠬᠢᠯᠡᠵᠦ ᠪᠠᠢᠨ᠎ᠠ ᠭᠡᠵᠢ ᠤᠤ︖ ᠪᠢᠳᠡ ᠵᠠᠷᠢᠮ ᠬᠥᠮᠦᠨ ᠮᠡᠲᠦ ᠪᠡᠷ ᠥᠪᠡᠷ ᠢ ᠪᠠᠨ ᠲᠠᠨᠢᠯᠴᠠᠭᠤᠯᠬᠤ ᠵᠠᠬᠢᠳᠠᠯ ᠢ ᠲᠠ ᠨᠠᠷ ᠲᠤ ᠦᠵᠡᠭᠦᠯᠬᠦ᠂ ᠡᠰᠡᠬᠦᠯ᠎ᠡ ᠲᠠ ᠨᠠᠷ ᠠᠴᠠ ᠠᠪᠬᠤ ᠬᠡᠷᠡᠭᠲᠡᠢ ᠭᠡᠵᠢ ᠤᠤ︖ 2 ᠲᠠ ᠨᠠᠷ ᠪᠣᠯ ᠪᠢᠳᠡᠨ ᠦ ᠵᠠᠬᠢᠳᠠᠯ ᠮᠥᠨ᠂ ᠲᠡᠷᠡ ᠨᠢ ᠪᠢᠳᠡᠨ ᠦ ᠵᠢᠷᠦᠬᠡᠨ ᠳᠦ ᠪᠢᠴᠢᠭᠳᠡᠭᠡᠳ ᠪᠦᠬᠦ ᠬᠥᠮᠦᠨ ᠳᠦ ᠲᠠᠨᠢᠭᠳᠠᠨ ᠤᠩ᠋ᠰᠢᠭᠳᠠᠵᠤ ᠪᠠᠢᠨ᠎ᠠ᠃ 3 ᠲᠠ ᠨᠠᠷ ᠪᠣᠯ ᠪᠢᠳᠡᠨ ᠦ ᠦᠢᠯᠡᠴᠢᠯᠡᠯ ᠦᠨ ᠦᠷ᠎ᠡ ᠪᠦᠲᠦᠮᠵᠢ ᠪᠠᠷ ᠪᠢᠴᠢᠭᠳᠡᠭᠰᠡᠨ ᠾᠷᠢᠰᠲ᠋ᠣᠰ ᠤᠨ ᠵᠠᠬᠢᠳᠠᠯ ᠭᠡᠳᠡᠭ ᠨᠢ ᠲᠣᠳᠣᠷᠠᠭᠤᠯᠤᠭᠳᠠᠵᠠᠢ᠃ ᠲᠡᠷᠡ ᠵᠠᠬᠢᠳᠠᠯ ᠪᠡᠬᠡ ᠪᠡᠷ ᠪᠢᠰᠢ᠂ ᠬᠠᠷᠢᠨ ᠠᠮᠢᠳᠤ ᠪᠤᠷᠬᠠᠨ ᠤ ᠰᠦᠨᠡᠰᠦ ᠪᠡᠷ᠂ ᠮᠥᠨ ᠴᠢᠯᠠᠭᠤᠨ ᠰᠠᠮᠪᠠᠷ᠎ᠠ ᠳᠡᠭᠡᠷ᠎ᠡ ᠪᠢᠰᠢ᠂ ᠬᠠᠷᠢᠨ ᠮᠢᠬᠠᠨ ᠪᠡᠶ᠎ᠡ ᠶᠢᠨ ᠵᠢᠷᠦᠬᠡᠨ ᠰᠠᠮᠪᠠᠷ᠎ᠠ ᠳᠡᠭᠡᠷ᠎ᠡ ᠪᠢᠴᠢᠭᠳᠡᠪᠡ᠃

4 ᠪᠢᠳᠡ ᠾᠷᠢᠰᠲ᠋ᠣᠰ ᠤᠨ ᠠᠴᠢ ᠪᠠᠷ ᠪᠤᠷᠬᠠᠨ ᠳᠤ ᠡᠢᠮᠦ ᠢᠲᠡᠭᠡᠯ ᠲᠡᠢ ᠪᠠᠢᠭ᠎ᠠ ᠶᠤᠮ᠃ 5 ᠭᠡᠬᠦ ᠳᠡᠭᠡᠨ ᠪᠢᠳᠡᠨ ᠦ ᠥᠪᠡᠷᠰᠡᠳ ᠦᠨ ᠬᠢ ᠭᠡᠵᠦ ᠪᠣᠳᠣᠮᠠᠷ ᠬᠠᠩ᠋ᠭᠠᠮᠵᠢ ᠪᠢᠳᠡᠨ ᠳᠦ ᠪᠠᠢᠨ᠎ᠠ ᠭᠡᠰᠡᠨ ᠦᠭᠡ ᠪᠢᠰᠢ᠂ ᠪᠢᠳᠡᠨ ᠦ ᠬᠠᠩ᠋ᠭᠠᠮᠵᠢ ᠪᠣᠯ ᠪᠤᠷᠬᠠᠨ ᠤ ᠬᠢ ᠪᠢᠯᠡ᠃ 6 ᠲᠡᠷᠡ ᠪᠢᠳᠡᠨ ᠳᠦ ᠰᠢᠨ᠎ᠡ ᠭᠡᠷ᠎ᠡ ᠶᠢᠨ ᠦᠢᠯᠡᠴᠢᠯᠡᠭᠴᠢ ᠪᠣᠯᠬᠤ ᠬᠢᠷᠢ ᠭᠡᠮ ᠣᠯᠭᠣᠭᠰᠠᠨ᠂ ᠲᠡᠷᠡ ᠭᠡᠷ᠎ᠡ ᠨᠢ ᠪᠢᠴᠢᠭ ᠢᠶᠠᠷ ᠪᠤᠰᠤ᠂ ᠠᠷᠢᠭᠤᠨ ᠰᠦᠨᠡᠰᠦ ᠪᠡᠷ ᠶᠤᠮ᠂ ᠤᠴᠢᠷ ᠨᠢ᠂ ᠪᠢᠴᠢᠭ ᠪᠣᠯ ᠦᠬᠦᠭᠦᠯᠵᠦ᠂ ᠠᠷᠢᠭᠤᠨ ᠰᠦᠨᠡᠰᠦ ᠪᠣᠯ ᠠᠮᠢᠳᠤᠷᠠᠭᠤᠯᠳᠠᠭ᠃
 ᠰᠢᠨ᠎ᠡ ᠭᠡᠷ᠎ᠡ ᠶᠢᠨ ᠰᠦᠷ ᠵᠢᠪᠬᠤᠯᠠᠩ

7 ᠬᠠᠷᠢᠨ ᠴᠢᠯᠠᠭᠤᠨ ᠳᠡᠭᠡᠷ᠎ᠡ ᠰᠡᠢᠯᠦᠭᠳᠡᠭᠰᠡᠨ ᠦᠬᠦᠯ ᠲᠡᠢ ᠪᠢᠴᠢᠭ ᠤᠨ ᠲᠤᠰᠢᠶᠠᠯ ᠴᠤ ᠰᠦᠷ ᠵᠢᠪᠬᠤᠯᠠᠩ ᠲᠠᠢ ᠪᠣᠯᠬᠣᠷ ᠢᠰᠷᠧᠯᠴᠦᠳ ᠮᠣᠰᠧ ᠶᠢᠨ ᠨᠢᠭᠤᠷ ᠳᠡᠭᠡᠷᠡᠬᠢ ᠲᠦᠷ ᠵᠠᠭᠤᠷ᠎ᠠ ᠶᠢᠨ ᠰᠦᠷ ᠵᠢᠪᠬᠤᠯᠠᠩ ᠠᠴᠠ ᠪᠣᠯᠵᠤ ᠲᠡᠭᠦᠨ ᠦ ᠨᠢᠭᠤᠷ ᠢ ᠰᠢᠷᠲᠡᠵᠦ ᠳᠡᠢᠯᠦᠭᠰᠡᠨ ᠦᠭᠡᠢ ᠶᠤᠮ ᠪᠣᠯ᠂ 8 ᠠᠷᠢᠭᠤᠨ ᠰᠦᠨᠡᠰᠦᠨ ᠦ ᠲᠤᠰᠢᠶᠠᠯ ᠨᠡᠩ ᠰᠦᠷ ᠵᠢᠪᠬᠤᠯᠠᠩ ᠲᠠᠢ ᠪᠢᠰᠢ ᠤᠤ︖ 9 ᠶᠠᠯᠠᠯᠠᠬᠤ ᠲᠤᠰᠢᠶᠠᠯ ᠨᠢ ᠰᠦᠷ ᠵᠢᠪᠬᠤᠯᠠᠩ ᠲᠠᠢ ᠶᠤᠮ ᠪᠣᠯ᠂ ᠵᠥᠪᠲᠥᠭᠡᠬᠦ ᠲᠤᠰᠢᠶᠠᠯ ᠨᠢ ᠨᠡᠩ ᠢᠯᠡᠭᠦᠦ ᠰᠦᠷ ᠵᠢᠪᠬᠤᠯᠠᠩ ᠢᠶᠠᠷ ᠳᠦᠭᠦᠷᠴᠦ ᠪᠠᠢᠳᠠᠭ᠃ 10 ᠦᠨᠡᠨ ᠳᠡᠭᠡᠨ ᠴᠠᠭᠯᠠᠰᠢ ᠦᠭᠡᠢ ᠰᠦᠷ ᠵᠢᠪᠬᠤᠯᠠᠩ ᠠᠴᠠ ᠪᠣᠯᠵᠤ ᠡᠮᠦᠨᠡᠬᠢ ᠰᠦᠷ ᠵᠢᠪᠬᠤᠯᠠᠩ ᠨᠢ ᠰᠦᠷ ᠵᠢᠪᠬᠤᠯᠠᠩ ᠦᠭᠡᠢ ᠪᠣᠯᠵᠠᠢ᠃ 11 ᠲᠦᠷ ᠵᠠᠭᠤᠷ᠎ᠠ ᠶᠢᠨ ᠬᠢᠨᠢ ᠰᠦᠷ ᠵᠢᠪᠬᠤᠯᠠᠩ ᠲᠠᠢ ᠶᠤᠮ ᠪᠣᠯ᠂ ᠥᠨᠢᠳᠡ ᠶᠢᠨ ᠬᠢᠨᠢ ᠨᠡᠩ ᠢᠯᠡᠭᠦᠦ ᠰᠦᠷ ᠵᠢᠪᠬᠤᠯᠠᠩ ᠲᠠᠢ᠃

12 ᠪᠢᠳᠡ ᠡᠢᠮᠦ ᠡᠷᠡᠮᠡᠯᠵᠡᠯ ᠲᠡᠢ ᠪᠣᠯᠬᠣᠷ ᠶᠡᠬᠡᠳᠡ ᠵᠣᠷᠢᠭᠲᠠᠢ ᠪᠣᠯᠳᠠᠭ ᠶᠤᠮ᠃ 13 ᠲᠦᠷ ᠵᠠᠭᠤᠷ᠎ᠠ ᠶᠢᠨ ᠢᠶᠠᠨ ᠡᠴᠦᠰ ᠢ ᠢᠰᠷᠧᠯᠴᠦᠳ ᠲᠦ ᠰᠢᠷᠲᠡᠭᠦᠯᠬᠦ ᠦᠭᠡᠢ ᠶᠢᠨ ᠲᠤᠯᠠᠳᠠ ᠨᠢᠭᠤᠷ ᠢᠶᠠᠨ ᠪᠦᠲᠡᠭᠡᠯᠭᠡ ᠪᠡᠷ ᠪᠦᠲᠡᠭᠡᠭᠰᠡᠨ ᠮᠣᠰᠧ ᠲᠠᠢ ᠪᠢᠳᠡ ᠠᠳᠠᠯᠢ ᠦᠭᠡᠢ᠃ 14 ᠬᠠᠷᠢᠨ ᠲᠡᠳᠡᠨ ᠦ ᠤᠬᠠᠭᠠᠨ ᠬᠠᠲᠠᠭᠤᠷᠠᠵᠠᠢ᠃ ᠡᠢᠮᠦ ᠡᠴᠡ ᠲᠡᠳᠡ ᠬᠠᠭᠤᠴᠢᠨ ᠭᠡᠷ᠎ᠡ ᠶᠢ ᠤᠩ᠋ᠰᠢᠳᠠᠭ ᠪᠣᠯᠪᠠᠴᠤ ᠣᠳᠣ ᠪᠣᠯᠲᠠᠯ᠎ᠠ ᠲᠡᠷᠡ ᠪᠦᠲᠡᠭᠡᠯᠭᠡ ᠨᠢ ᠢᠷᠠᠭᠳᠠᠬᠤ ᠦᠭᠡᠢ ᠪᠠᠢᠭᠰᠠᠭᠠᠷ (ᠾᠷᠢᠰᠲ᠋ᠣᠰ ᠤᠨ ᠳᠣᠲᠣᠷ᠎ᠠ ᠯᠠ ᠢᠷᠠᠭᠳᠠᠨ᠎ᠠ᠃)᠂ 15 ᠣᠳᠣ ᠪᠣᠯᠲᠠᠯ᠎ᠠ ᠮᠣᠰᠧ ᠶᠢ ᠤᠩ᠋ᠰᠢᠬᠤ ᠪᠦᠷᠢ ᠳᠤ ᠲᠡᠷᠡ ᠪᠦᠲᠡᠭᠡᠯᠭᠡ ᠲᠡᠳᠡᠨ ᠦ ᠰᠡᠳᠬᠢᠯ ᠢ ᠪᠦᠲᠡᠭᠡᠵᠦ ᠪᠠᠢᠳᠠᠭ᠃ 16 ᠬᠠᠷᠢᠨ ᠬᠥᠮᠦᠨ ᠡᠵᠡᠨ ᠤᠷᠤᠭᠤ ᠡᠷᠭᠢᠬᠦ ᠪᠣᠯᠭᠠᠨ ᠳᠤ ᠲᠡᠷᠡ ᠪᠦᠲᠡᠭᠡᠯᠭᠡ ᠢᠷᠠᠭᠳᠠᠨ᠎ᠠ᠃ 17 ᠡᠵᠡᠨ ᠪᠣᠯ ᠰᠦᠨᠡᠰᠦ᠂ ᠡᠵᠡᠨ ᠦ ᠰᠦᠨᠡᠰᠦ ᠬᠠᠮᠢᠭ᠎ᠠ ᠪᠠᠢᠪᠠᠯ ᠲᠡᠨᠳᠡ ᠡᠷᠬᠡ ᠴᠢᠯᠥᠭᠡ ᠪᠠᠢᠨ᠎ᠠ᠃ 18 ᠪᠢᠳᠡ ᠪᠦᠭᠦᠳᠡᠭᠡᠷ ᠪᠦᠲᠡᠭᠡᠯᠭᠡ ᠪᠡᠨ ᠢᠷᠠᠭᠰᠠᠨ ᠨᠢᠭᠤᠷ ᠢᠶᠠᠷ ᠡᠵᠡᠨ ᠦ ᠰᠦᠷ ᠵᠢᠪᠬᠤᠯᠠᠩ ᠢ ᠲᠣᠯᠢᠳᠠᠵᠤ 1 ᠡᠵᠡᠨ ᠦ ᠰᠦᠨᠡᠰᠦ ᠪᠢᠳᠡᠨ ᠢ ᠡᠵᠡᠨ ᠦ ᠲᠥᠷᠬᠥ ᠲᠠᠢ ᠪᠣᠯᠭᠠᠨ ᠵᠢᠪᠬᠤᠯᠠᠩ ᠠᠴᠠ ᠵᠢᠪᠬᠤᠯᠠᠩ ᠳᠤ ᠬᠦᠷᠭᠡᠵᠦ ᠪᠠᠢᠳᠠᠭ᠃