ᠬᠣᠶᠠᠳᠤᠭᠠᠷ ᠺᠣᠷᠢᠨᠲ ᠠᠷᠪᠠᠨ ᠭᠤᠷᠪᠠ
ᠰᠠᠨᠠᠭᠤᠯᠭ᠎ᠠ ᠪᠠ ᠮᠡᠨᠳᠦᠴᠢᠯᠡᠭᠡ
1 ᠪᠢ ᠭᠤᠷᠪᠠᠳᠠᠬᠢ ᠤᠳᠠᠭ᠎ᠠ ᠪᠠᠨ ᠲᠠᠨ ᠤ ᠲᠡᠨᠳᠡ ᠣᠴᠢᠬᠤ ᠭᠡᠵᠦ ᠪᠠᠢᠨ᠎ᠠ᠃ 《ᠬᠡᠷᠡᠭ ᠪᠣᠯᠭᠠᠨ ᠬᠣᠶᠠᠷ ᠪᠤᠶᠤ ᠭᠤᠷᠪᠠᠨ ᠭᠡᠷᠡᠴᠢ ᠶᠢᠨ ᠠᠮᠠ ᠪᠠᠷ ᠬᠦᠴᠦᠨ ᠲᠡᠢ ᠪᠣᠯᠣᠨ᠎ᠠ᠃》 2 ᠬᠣᠶᠠᠳᠤᠭᠠᠷ ᠤᠳᠠᠭ᠎ᠠ ᠳᠡᠷᠭᠡᠳᠡ ᠴᠢᠨᠢ ᠪᠠᠢᠬᠤ ᠳᠠᠭᠠᠨ ᠰᠠᠨᠠᠭᠤᠯᠤᠭᠰᠠᠨ ᠢᠶᠠᠨ ᠡᠳᠦᠭᠡ ᠪᠢ ᠬᠠᠮᠲᠤ ᠪᠠᠢᠬᠤ ᠦᠭᠡᠢ ᠦᠶ᠎ᠡ ᠳᠡᠭᠡᠨ᠂ ᠥᠩᠭᠡᠷᠡᠭᠰᠡᠨ ᠳᠦ ᠨᠢᠭᠦᠯ ᠦᠢᠯᠡᠳᠦᠭᠰᠡᠳ ᠪᠠ ᠪᠤᠰᠤᠳ ᠬᠥᠮᠦᠰ ᠲᠦ ᠤᠷᠢᠳᠴᠢᠯᠠᠨ ᠰᠠᠨᠠᠭᠤᠯᠵᠤ ᠪᠠᠢᠨ᠎ᠠ᠄ ᠪᠢ ᠳᠠᠬᠢᠭᠠᠳ ᠣᠴᠢᠪᠠᠯ ᠬᠡᠯᠲᠦᠷᠢᠭᠦᠯᠬᠦ ᠦᠭᠡᠢ ᠰᠢᠦ᠃ 3 ᠤᠴᠢᠷ ᠨᠢ᠂ ᠾᠷᠢᠰᠲ᠋ᠣᠰ ᠤᠨ ᠨᠠᠳᠠ ᠪᠠᠷ ᠳᠠᠮᠵᠢᠭᠤᠯᠤᠨ ᠶᠠᠷᠢᠳᠠᠭ ᠤᠨ ᠪᠠᠲᠤᠯᠠᠭ᠎ᠠ ᠶᠢ ᠲᠠ ᠨᠠᠷ ᠡᠷᠢᠵᠦ ᠪᠠᠢᠨ᠎ᠠ᠃ ᠾᠷᠢᠰᠲ᠋ᠣᠰ ᠲᠠ ᠨᠠᠷ ᠲᠤ ᠰᠤᠯᠠ ᠳᠣᠷᠣᠢ ᠪᠢᠰᠢ᠂ ᠲᠠ ᠨᠠᠷ ᠤᠨ ᠳᠤᠮᠳᠠ ᠬᠦᠴᠦᠲᠡᠢ ᠪᠠᠢᠳᠠᠭ᠃ 4 ᠲᠡᠷᠡ ᠰᠤᠯᠠ ᠳᠣᠷᠣᠢ ᠪᠠᠷ ᠵᠠᠭᠠᠯᠮᠠᠢ ᠳᠤ ᠴᠣᠪᠳᠣᠯᠠᠭᠳᠠᠭᠰᠠᠨ ᠪᠣᠯᠪᠠᠴᠤ ᠪᠤᠷᠬᠠᠨ ᠤ ᠬᠦᠴᠦ ᠪᠡᠷ ᠠᠮᠢᠳᠤ ᠪᠠᠢᠨ᠎ᠠ᠃ ᠪᠢᠳᠡ ᠪᠠᠰᠠ ᠲᠡᠭᠦᠨ ᠦ ᠳᠣᠲᠣᠷ᠎ᠠ ᠰᠤᠯᠠ ᠳᠣᠷᠣᠢ ᠪᠣᠯᠪᠠᠴᠤ ᠲᠠ ᠨᠠᠷ ᠲᠤ ᠬᠠᠨᠳᠤᠭᠰᠠᠨ ᠪᠤᠷᠬᠠᠨ ᠤ ᠬᠦᠴᠦ ᠪᠡᠷ ᠠᠮᠢᠳᠤ ᠪᠠᠢᠬᠤ ᠪᠣᠯᠣᠨ᠎ᠠ᠃
5 ᠲᠠ ᠨᠠᠷ ᠢᠲᠡᠭᠡᠯ ᠳᠣᠲᠣᠷ᠎ᠠ ᠪᠠᠢᠭ᠎ᠠ ᠡᠰᠡᠬᠦ ᠪᠡᠨ ᠰᠣᠷᠢᠵᠤ ᠦᠵᠡ᠂ ᠥᠪᠡᠷᠰᠡᠳ ᠢ ᠪᠠᠨ ᠰᠢᠯᠭ᠎ᠠ᠃ ᠢᠰᠦ᠋ᠰ ᠾᠷᠢᠰᠲ᠋ᠣᠰ ᠲᠠ ᠨᠠᠷ ᠤᠨ ᠳᠤᠮᠳᠠ ᠪᠠᠢᠭ᠎ᠠ ᠶᠢ ᠮᠡᠳᠡᠬᠦ ᠦᠭᠡᠢ ᠭᠡᠵᠢ ᠤᠤ︖ ᠮᠡᠳᠡᠬᠦ ᠦᠭᠡᠢ ᠪᠣᠯ ᠲᠠ ᠨᠠᠷ ᠲᠡᠩᠴᠡᠭᠡ ᠦᠭᠡᠢ ᠭᠡᠰᠡᠨ ᠦᠭᠡ᠃ 6 ᠬᠠᠷᠢᠨ ᠪᠢᠳᠡ ᠪᠣᠯ ᠲᠡᠩᠴᠡᠭᠡ ᠦᠭᠡᠢ ᠪᠢᠰᠢ ᠭᠡᠳᠡᠭ ᠢ ᠲᠠ ᠨᠠᠷ ᠮᠡᠳᠡᠲᠦᠭᠡᠢ᠃ 7 ᠪᠢᠳᠡ ᠲᠠ ᠨᠠᠷ ᠢ ᠶᠠᠮᠠᠷ ᠴᠤ ᠮᠠᠭᠤ ᠶᠢ ᠪᠦᠦ ᠬᠢᠭᠡᠰᠡᠢ ᠭᠡᠵᠦ ᠪᠤᠷᠬᠠᠨ ᠳᠤ ᠳᠠᠭᠠᠳᠬᠠᠳᠠᠭ᠃ ᠡᠨᠡ ᠨᠢ ᠪᠢᠳᠡ ᠲᠡᠩᠴᠡᠭᠰᠡᠨ ᠢᠶᠡᠨ ᠢᠯᠡᠷᠡᠭᠦᠯᠬᠦ ᠭᠡᠰᠡᠨ ᠳᠡᠭᠡᠨ ᠪᠢᠰᠢ᠂ ᠬᠠᠷᠢᠨ ᠲᠡᠩᠴᠡᠭᠡ ᠦᠭᠡᠢ ᠶᠤᠮ ᠰᠢᠭ᠋ ᠬᠠᠷᠠᠭᠳᠠᠪᠠᠴᠤ ᠲᠠ ᠨᠠᠷ ᠢ ᠰᠠᠢᠨ ᠢ ᠦᠢᠯᠡᠳᠦᠭᠡᠰᠡᠢ ᠭᠡᠰᠡᠨ ᠳᠡᠭᠡᠨ ᠶᠤᠮ᠃ 8 ᠤᠴᠢᠷ ᠨᠢ᠂ ᠪᠢᠳᠡ ᠦᠨᠡᠨ ᠡᠴᠡ ᠡᠰᠡᠷᠭᠦ ᠪᠡᠷ ᠶᠠᠭᠤ ᠴᠤ ᠬᠢᠵᠦ ᠴᠢᠳᠠᠬᠤ ᠦᠭᠡᠢ᠂ ᠬᠠᠷᠢᠨ ᠦᠨᠡᠨ ᠦ ᠲᠥᠯᠥᠭᠡ ᠯᠠ ᠬᠢᠵᠦ ᠴᠢᠳᠠᠨ᠎ᠠ᠃ 9 ᠪᠢᠳᠡ ᠰᠤᠯᠠ ᠳᠣᠷᠣᠢ ᠪᠠᠢᠪᠠᠴᠤ ᠲᠠ ᠨᠠᠷ ᠢ ᠬᠦᠴᠦᠲᠡᠢ ᠪᠠᠢᠬᠤ ᠳᠤ ᠪᠠᠶᠠᠷᠯᠠᠳᠠᠭ ᠪᠥᠭᠡᠳ ᠲᠠ ᠨᠠᠷ ᠤᠨ ᠲᠡᠭᠦᠰ ᠪᠣᠯᠬᠤ ᠶᠢᠨ ᠲᠥᠯᠥᠭᠡ ᠳᠠᠭᠠᠳᠬᠠᠵᠤ ᠪᠠᠢᠳᠠᠭ᠃ 10 ᠡᠢᠮᠦ ᠡᠴᠡ ᠨᠤᠷᠠᠭᠠᠬᠤ ᠶᠢᠨ ᠲᠤᠯᠠᠳᠠ ᠪᠤᠰᠤ᠂ ᠬᠠᠷᠢᠨ ᠪᠣᠰᠬᠠᠨ ᠪᠠᠢᠭᠤᠯᠬᠤ ᠶᠢᠨ ᠲᠤᠯᠠᠳᠠ ᠡᠵᠡᠨ ᠦ ᠨᠠᠳᠠ ᠳᠤ ᠰᠣᠶᠣᠷᠬᠠᠭᠰᠠᠨ ᠡᠷᠬᠡ ᠮᠡᠳᠡᠯ ᠢ ᠪᠢ ᠲᠠ ᠨᠠᠷ ᠲᠠᠢ ᠬᠠᠮᠲᠤ ᠪᠠᠢᠬᠤ ᠳᠠᠭᠠᠨ ᠬᠠᠲᠠᠭᠤ ᠪᠠᠷ ᠬᠡᠷᠡᠭᠯᠡᠬᠦ ᠦᠭᠡᠢ ᠶᠢᠨ ᠲᠥᠯᠥᠭᠡ ᠬᠠᠮᠲᠤ ᠦᠭᠡᠢ ᠦᠶ᠎ᠡ ᠳᠡᠭᠡᠨ ᠡᠳᠡᠭᠡᠷ ᠢ ᠪᠢᠴᠢᠵᠦ ᠪᠠᠢᠨ᠎ᠠ᠃
11 ᠨᠡᠮᠡᠵᠦ ᠬᠡᠯᠡᠶ᠎ᠡ᠂ ᠠᠬ᠎ᠠ ᠳᠡᠭᠦᠦ ᠨᠠᠷ ᠡ᠂ ᠪᠠᠶᠠᠷᠯᠠᠵᠠᠭᠠ᠂ ᠲᠡᠭᠦᠰ ᠪᠣᠯᠵᠠᠭ᠎ᠠ᠂ ᠲᠠᠢᠳᠬᠤᠷᠠᠵᠠᠭᠠ 8 ᠂ ᠰᠠᠨᠠᠭ᠎ᠠ ᠨᠢᠭᠡᠲᠡᠢ ᠪᠠᠢᠵᠠᠭ᠎ᠠ᠂ ᠲᠠᠢᠪᠤᠩ ᠠᠮᠢᠳᠤᠷᠠᠵᠠᠭᠠ᠂ ᠬᠠᠢᠷ᠎ᠠ ᠪᠠ ᠠᠮᠤᠭᠤᠯᠠᠩ ᠤᠨ ᠪᠤᠷᠬᠠᠨ ᠲᠠ ᠨᠠᠷ ᠲᠠᠢ ᠬᠠᠮᠲᠤ ᠪᠠᠢᠬᠤ ᠪᠣᠯᠣᠨ᠎ᠠ᠃ 12 ᠲᠠ ᠨᠠᠷ ᠠᠷᠢᠭᠤᠨ ᠦᠨᠦᠰᠦᠯᠲᠡ ᠪᠡᠷ ᠬᠠᠷᠢᠯᠴᠠᠨ ᠮᠡᠨᠳᠦᠴᠢᠯᠡᠭᠡᠷᠡᠢ᠃
13 ᠠᠷᠢᠭᠤᠨ ᠬᠥᠮᠦᠰ ᠪᠦᠭᠦᠳᠡᠭᠡᠷ ᠢᠶᠡᠨ ᠲᠠ ᠨᠠᠷ ᠤᠨ ᠠᠮᠤᠷ ᠢ ᠡᠷᠢᠵᠦ ᠪᠠᠢᠨ᠎ᠠ᠃ 14 ᠡᠵᠡᠨ ᠢᠰᠦ᠋ᠰ ᠾᠷᠢᠰᠲ᠋ᠣᠰ ᠤᠨ ᠢᠪᠡᠭᠡᠯ᠂ ᠪᠤᠷᠬᠠᠨ ᠤ ᠬᠠᠢᠷ᠎ᠠ ᠪᠠ ᠠᠷᠢᠭᠤᠨ ᠰᠦᠨᠡᠰᠦᠨ ᠦ ᠨᠥᠬᠥᠷᠯᠡᠯ ᠲᠠ ᠪᠦᠬᠦᠨ ᠲᠡᠢ ᠬᠠᠮᠲᠤ ᠪᠠᠢᠬᠤ ᠪᠣᠯᠲᠤᠭᠠᠢ︕